ᠨᠡᠪᠲᠡᠷᠡᠨ ᠤᠷᠤᠬᠤ
ᠳᠤᠮᠳᠠᠳᠤ ᠪᠠᠭ᠎ᠠ ᠰᠤᠷᠭᠠᠭᠤᠯᠢ ᠶᠢᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠢ ᠴᠢᠩᠭ᠋ᠠᠳᠬᠤᠬᠤ ᠳᠤᠬᠠᠢ ᠳᠦᠭᠦᠮ ᠥᠭᠦᠯᠡᠭᠦ ᠨᠢ

ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠪᠣᠯ ᠣᠯᠤᠰ ᠪᠠ ᠦᠨᠳᠦᠰᠦᠳᠠᠨ ᠤ ᠢᠷᠡᠭᠡᠳᠦᠢ ᠶᠤᠮ᠃ ᠳᠠᠳᠠᠨ ᠤ ᠦᠵᠡᠯ ᠰᠠᠨᠠᠭ᠎ᠠ᠂ ᠶᠤᠰᠤ ᠰᠤᠷᠳᠠᠬᠤᠨ ᠨᠢ ᠶᠠᠭ ᠨᠠᠭᠢᠶᠠᠯᠠᠨ ᠰᠤᠶᠤᠭᠠᠯᠠᠵᠤ ᠪᠠᠢ᠌ᠭ᠎ᠠ ᠪᠣᠶᠤ ᠪᠦᠷᠢᠯᠳᠤᠨ ᠭᠦᠭ᠍ᠵᠢᠵᠤ ᠪᠠᠢ᠌ᠭ᠎ᠠ ᠱᠠᠳᠤ ᠦᠶ᠎ᠡ ᠳᠤ ᠣᠷᠤᠰᠢᠵᠤ ᠪᠠᠢ᠌ᠳᠠᠭ ᠳᠤᠯᠠ ᠳᠠᠳᠠᠨ ᠤ ᠦᠵᠡᠯ ᠰᠠᠨᠠᠭ᠎ᠠ᠂ ᠶᠤᠰᠤ ᠰᠤᠷᠳᠠᠬᠤᠨ ᠤ ᠭᠡᠪ ᠴᠢᠨᠠᠷ ᠢ ᠴᠢᠩᠭ᠋ᠠᠳᠬᠤᠬᠤ ᠨᠢ ᠴᠠᠭ ᠦᠶ᠎ᠡ ᠶᠢᠨ ᠱᠠᠭᠠᠷᠳᠠᠯᠭ᠎ᠠ ᠪᠣᠯᠬᠤ ᠪᠦᠭᠡᠳ ᠣᠯᠤᠰ ᠦᠨᠳᠦᠰᠦᠳᠠᠨ ᠤ ᠭᠦᠭ᠍ᠵᠢᠨ ᠮᠠᠠᠳᠤᠬᠤ ᠶᠢᠨ ᠳᠤᠯᠭᠠᠮ᠎ᠠ ᠱᠠᠭᠠᠷᠳᠠᠯᠭ᠎ᠠ ᠪᠣᠯᠬᠤ ᠶᠤᠮ᠃ ᠡᠢ᠌ᠮᠤ ᠡᠴᠠ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠢ ᠭᠡᠷᠭᠢᠨ ᠴᠢᠩᠭ᠋ᠠᠳᠬᠤᠬᠤ ᠪᠣᠢ ᠭᠡᠳᠡᠭ᠌ ᠶᠠᠪᠣᠳᠠᠯ ᠨᠢ ᠪᠠᠭᠰᠢ ᠪᠠ ᠬᠠᠮᠢᠶ᠎ᠠ ᠪᠦᠭᠦᠢ ᠰᠤᠷᠭᠠᠨ ᠭᠦᠮᠦᠵᠢᠯ ᠤᠨ ᠠᠵᠢᠯᠳᠠᠤᠨ ᠤᠨ ᠮᠦᠷᠤ ᠳᠤ ᠳᠠᠯᠪᠢᠭᠳᠠᠭᠰᠠᠨ ᠭᠦᠡᠳᠤ ᠡᠭᠦᠷᠭᠡ᠂ ᠬᠠᠳᠠᠭᠤ ᠰᠢᠯᠭᠠᠯᠳᠠ ᠪᠣᠯᠤᠭᠰᠠᠨ ᠪᠠᠢ᠌ᠨ᠎ᠠ᠃ ᠡᠨᠡᠭᠦ ᠭᠦᠡᠳᠤ ᠬᠠᠳᠠᠭᠤ ᠪᠣᠭᠤᠮᠳᠠ ᠭᠦᠴᠢᠷᠳᠡᠯᠭᠡ ᠶᠢ ᠠᠮᠵᠢᠯᠳᠠ ᠲᠡᠶ ᠰᠢᠪᠳᠤᠯᠵᠤ ᠳᠤᠭᠤᠯᠬᠤ ᠳᠤ ᠳᠤᠤᠷᠠᠭᠢ ᠮᠠᠳᠤ ᠭᠡᠳᠤᠨ ᠳᠠᠯ᠎ᠠ ᠶᠢ ᠠᠩᠬᠠᠷᠤᠭᠤᠰᠢᠳᠠᠢ ᠰᠠᠨᠠᠭᠳᠠᠯ᠎ᠠ᠃

ᠨᠢᠭᠡ᠂ ᠰᠤᠷᠭᠠᠨ ᠭᠦᠮᠦᠵᠢᠯ ᠤᠨ ᠵᠤᠷᠢᠯᠭ᠎ᠠ ᠬᠠᠷᠠᠯᠳᠠ ᠳᠤ ᠪᠠᠨ 《ᠭᠤᠷᠪᠠᠨ ᠭᠤᠤᠯᠳᠠᠯᠭ᠎ᠠ》 ᠶ᠋ᠢ ᠳᠤᠪᠣᠢ᠌ᠯᠠᠭᠠᠬᠤ ᠭᠡᠷᠡᠭ᠍ᠳᠡᠢ᠃

1. ᠣᠯᠤᠰ ᠶᠢᠡᠨ ᠬᠠᠢ᠌ᠷᠠᠯᠠᠬᠤ ᠦᠵᠡᠯ ᠪᠣᠯ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠤᠨ ᠦᠨᠢᠳᠠ ᠶᠢᠨ ᠰᠠᠳᠤᠪ ᠪᠣᠯᠬᠤ ᠶᠤᠮ᠃

ᠣᠯᠤᠰ ᠶᠢᠡᠨ ᠬᠠᠢ᠌ᠷᠠᠯᠠᠬᠤ ᠦᠵᠡᠯ ᠪᠣᠯ ᠨᠢᠭᠡ ᠭᠦᠮᠤᠨ ᠤ ᠦᠪᠡᠷ ᠤᠨ ᠣᠯᠤᠰ ᠦᠨᠳᠦᠰᠦᠳᠠᠨ ᠳᠤ ᠪᠠᠨ ᠬᠠᠷᠢᠭᠤᠴᠠᠬᠤ ᠬᠠᠮᠤᠭ ᠤᠨ ᠦᠨᠡᠠᠴᠢ᠂ ᠦᠵᠡᠯᠳᠠ ᠳᠠᠨᠢᠯᠳᠠ ᠶᠢᠨ ᠨᠢᠭᠡ ᠭᠡᠯᠪᠠᠷᠢ ᠪᠣᠯᠬᠤ ᠶᠤᠮ᠃ ᠳᠡᠭᠡᠪᠠᠯ ᠣᠯᠤᠰ ᠶᠢᠡᠨ ᠬᠠᠢ᠌ᠷᠠᠯᠠᠬᠤ ᠦᠵᠡᠯ ᠤᠨ ᠭᠦᠮᠦᠵᠢᠯ ᠭᠡᠳᠡᠭ᠌ ᠨᠢ ᠵᠥᠪᠭᠡᠨ ᠨᠢᠭᠡ ᠭᠦᠮᠤᠨ ᠤ ᠣᠯᠤᠰ ᠦᠨᠳᠦᠰᠦᠳᠠᠨ ᠤ ᠢᠷᠠᠭᠤ ᠠᠯᠳᠠᠷ᠂ ᠨᠠᠷ᠎ᠠ ᠳᠦᠷᠤ ᠳᠤ ᠬᠠᠷᠢᠭᠤᠴᠠᠬᠤ ᠳᠠᠳᠤᠢ ᠪᠢᠰᠢ᠂ ᠴᠢᠨᠠᠭᠰᠢᠳᠠ ᠨᠡᠢ᠌ᠭᠡᠮ ᠨᠠᠢ᠌ᠳᠠ ᠳᠤ ᠪᠣᠶᠤ ᠠᠵᠠ ᠵᠢᠷᠭᠠᠯᠳᠤ ᠠᠮᠢᠳᠤᠷᠠᠯ ᠳᠤ ᠭᠡᠷᠭᠢᠨ ᠬᠠᠠᠳᠤᠬᠤ ᠮᠠᠳᠤ ᠠᠯᠢ ᠣᠯᠠᠨ ᠠᠷᠭ᠎ᠠ ᠭᠡᠯᠪᠠᠷᠢ ᠶᠢ ᠬᠠᠮᠤᠷᠤᠵᠤ ᠪᠠᠢ᠌ᠳᠠᠭ ᠳᠤᠯᠠ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠣᠯᠤᠰ ᠶᠢᠡᠨ ᠬᠠᠢ᠌ᠷᠠᠯᠠᠬᠤ ᠦᠵᠡᠯ ᠤᠨ ᠭᠦᠮᠦᠵᠢᠯ ᠢ ᠭᠢᠭᠦ ᠳᠤ ᠪᠠᠨ ᠭᠦᠶ‍ᠦᠭᠡᠨ ᠡᠴᠠ ᠭᠦᠨ ᠳᠠᠰᠢ᠂ ᠭᠢᠯᠪᠠᠷ ᠳᠦᠭᠦᠮ ᠡᠴᠠ ᠨᠠᠷᠢᠨ ᠪᠣᠳᠤᠯᠢᠶᠠᠠᠳᠠᠢ ᠵᠥᠭ᠌ ᠵᠢᠯᠤᠭᠤᠳᠬᠤ ᠴᠢᠬᠤᠯᠠᠳᠠᠢ ᠶᠤᠮ᠃ ᠳᠤᠬᠠᠢ᠌ᠯᠠᠪᠠᠯ᠂ ᠠᠬ᠎ᠠ ᠳᠡᠭᠦᠤ ᠪᠣᠶᠤ ᠬᠠᠮᠳᠤ ᠨᠥᠭᠦᠤᠨ ᠶᠢᠡᠨ ᠬᠠᠢ᠌ᠷᠠᠯᠠᠬᠤ → ᠪᠠᠭᠰᠢ ᠠᠬᠠᠮᠠᠤᠨ ᠶᠢᠡᠨ ᠭᠦᠡᠳᠦᠳᠭᠡᠭᠦ→ ᠭᠡᠷ ᠣᠷᠤᠨ᠂ ᠰᠤᠷᠭᠠᠭᠤᠯᠢ ᠶᠢᠡᠨ ᠬᠠᠢ᠌ᠷᠠᠯᠠᠬᠤ→ ᠣᠷᠤᠨ ᠨᠤᠳᠤᠭ᠂ ᠣᠯᠤᠰ ᠦᠨᠳᠦᠰᠦᠳᠠᠨ ᠶᠢᠡᠨ ᠬᠠᠢ᠌ᠷᠠᠯᠠᠬᠤ ᠭᠡᠭᠦ ᠮᠠᠳᠤ ᠠᠯᠬᠤᠮ ᠶᠠᠪᠣᠴᠠ᠂ ᠳᠠᠰ ᠳᠠᠷᠠᠭ᠎ᠠ ᠶᠢᠡᠷ ᠣᠯᠤᠰ ᠶᠢᠡᠨ ᠬᠠᠢ᠌ᠷᠠᠯᠠᠬᠤ ᠦᠵᠡᠯ ᠤᠨ ᠭᠦᠮᠦᠵᠢᠯ ᠢ ᠭᠢᠨ᠎ᠡ᠃

2. ᠦᠨᠳᠦᠰᠦᠳᠠᠨ ᠤ ᠵᠤᠷᠢᠭ ᠰᠠᠨᠠᠭ᠎ᠠ ᠪᠣᠯ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠤᠨ ᠦᠨᠳᠦᠰᠦ ᠰᠠᠭᠤᠷᠢ ᠪᠣᠯᠬᠤ ᠶᠤᠮ᠃

ᠪᠢᠳᠠᠨ ᠤ ᠮᠡᠳᠡᠭᠡᠵᠢ ᠪᠠᠷ᠂ ᠳᠤᠮᠳᠠᠳᠤ ᠶᠢᠨ ᠡᠯ᠎ᠡ ᠦᠨᠳᠦᠰᠦᠳᠠᠨ ᠪᠣᠯ ᠭᠢᠯᠠᠯᠵᠠᠭᠰᠠᠨ ᠳᠡᠦᠭᠡ ᠰᠤᠶᠤᠯ ᠲᠡᠶ ᠠᠭᠤᠤ ᠶᠡᠭᠡ ᠪᠣᠯᠪᠠᠰᠤᠨ ᠦᠨᠳᠦᠰᠦᠳᠠᠨ ᠪᠣᠯᠬᠤ ᠶᠤᠮ᠃ ᠳᠡᠭᠡᠪᠠᠯ ᠡᠯ᠎ᠡ ᠦᠨᠳᠦᠰᠦᠳᠠᠨ ᠤ ᠡᠨᠡᠭᠦ ᠠᠭᠤᠤ ᠶᠡᠭᠡ ᠵᠤᠷᠢᠭ ᠰᠠᠨᠠᠭ᠎ᠠ ᠨᠢ ᠬᠠᠮᠢᠭ᠎ᠠ ᠢᠯᠡᠷᠡᠳᠡᠭ᠌ ᠪᠣᠢ ︖ ᠡᠨᠡ ᠰᠠᠳᠤᠪ ᠪᠣᠯ ᠳᠤᠮᠳᠠᠳᠤ ᠪᠠᠭ᠎ᠠ ᠰᠤᠷᠭᠠᠭᠤᠯᠢ ᠶᠢᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠤᠨ 《ᠰᠠᠭᠤᠷᠢ ᠰᠤᠷᠭᠠᠨ ᠭᠦᠮᠦᠵᠢᠯ》 ᠶᠤᠮ᠃ ᠡᠢ᠌ᠮᠦ ᠶᠢᠨ ᠳᠤᠯᠠᠳᠠ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠦᠨᠳᠦᠰᠦᠳᠠᠨ ᠤ ᠵᠤᠷᠢᠭ ᠰᠠᠨᠠᠭᠠᠨ ᠤ ᠭᠦᠮᠦᠵᠢᠯ ᠢ ᠣᠯᠭᠤᠬᠤ ᠳᠤ ᠡᠷᠭᠡᠪᠰᠢ ᠣᠢ᠌ᠯᠠ ᠠᠵᠢᠯᠯᠠᠭᠠᠨ ᠳᠤ ᠪᠠᠨ ᠨᠡᠢ᠌ᠳᠡᠯᠢᠭ᠌ ᠥᠯᠢᠭᠡᠷ ᠵᠢᠱᠢᠶ᠎ᠠ ᠪᠣᠯᠬᠣᠢ᠌ᠴᠠ ᠤᠢ᠌ᠷ᠎ᠡ ᠬᠠᠪᠢ ᠶᠢᠨ ᠳᠠᠨᠢᠯ ᠳᠠᠰᠤᠯ ᠡᠩ ᠤᠨ ᠭᠦᠮᠦᠰ ᠪᠣᠶᠤ ᠨᠡᠢ᠌ᠭᠡᠮ ᠳᠠᠶᠠᠭᠠᠷ ᠲᠤ ᠮᠡᠳᠡᠷᠡᠭ᠍ᠳᠡᠭ᠍ᠰᠡᠨ ᠨᠠᠷ᠎ᠠ ᠴᠤᠤᠳᠤ ᠭᠦᠮᠦᠰ ᠤᠨ ᠠᠷᠠᠤᠨ ᠲᠦᠮᠡᠨ ᠳᠤ ᠦᠨ᠎ᠡ ᠲᠦᠯᠤᠪᠣᠷᠢ ᠦᠭᠡᠶ ᠥᠢᠯᠡᠴᠢᠯᠡᠭᠦ ᠬᠠᠮᠳᠤ ᠨᠠᠢ᠌ᠳᠠ ᠳᠤ ᠭᠤᠶᠠᠴᠢ ᠦᠭᠡᠶ ᠵᠢᠳᠭᠦᠭᠦ ᠭᠦᠴᠢᠷ ᠪᠠᠷᠭᠡᠰᠢᠶᠡᠯ ᠡᠴᠠ ᠡᠮᠢᠶᠡᠯ ᠦᠭᠡᠶ ᠰᠢᠷᠭᠠᠭᠤ ᠬᠠᠳᠠᠭᠤᠵᠢᠯᠳᠠᠢ ᠭᠦᠳᠡᠯᠮᠦᠷᠢᠯᠡᠭᠦ ᠭᠡᠭᠦ ᠮᠠᠳᠤ ᠠᠭᠤᠯᠭ᠎ᠠ ᠶᠢ ᠡᠵᠡᠮᠰᠢᠭᠦᠯᠭᠦ ᠴᠢᠬᠤᠯᠠᠳᠠᠢ ᠶᠤᠮ᠃

3. ᠶᠤᠰᠤ ᠰᠤᠷᠳᠠᠬᠤᠨ ᠤ ᠬᠠᠮᠢᠶ᠎ᠠ ᠪᠦᠭᠦᠢ ᠳᠦᠷᠢᠮ ᠳᠤᠭᠳᠠᠭᠠᠯ ᠪᠣᠯ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠪᠦᠷᠢᠯᠳᠤᠨ ᠭᠦᠭ᠍ᠵᠢᠭᠦ ᠶᠢᠨ ᠪᠠᠳᠤᠯᠠᠭ᠎ᠠ ᠪᠣᠯᠬᠤ ᠶᠤᠮ᠃

ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠪᠣᠯ ᠨᠢᠭᠡ ᠭᠦᠮᠤᠨ ᠤ ᠨᠠᠰᠤᠨ ᠳᠤᠷᠰᠢᠳᠠ ᠶᠢᠨ ᠭᠦᠮᠦᠵᠢᠯ ᠪᠣᠯᠬᠤ ᠳᠤᠯᠠ ᠶᠤᠰᠤ ᠰᠤᠷᠳᠠᠬᠤᠨ ᠠᠨᠠᠢ ᠬᠤᠴᠤᠷᠤᠩᠭ᠋ᠤᠢ ᠪᠣᠯ ᠭᠦᠮᠦᠵᠢᠯ ᠪᠣᠯᠪᠠᠰᠤᠷᠠᠯ ᠪᠠᠢ᠌ᠵᠤ ᠴᠢᠳᠠᠬᠤ ᠦᠭᠡᠶ ᠭᠡᠳᠡᠭ᠌ ᠨᠢ ᠠᠶᠠᠠᠳᠠᠭᠠᠨ ᠤ ᠭᠡᠷᠡᠭ᠌ ᠪᠢᠰᠢᠤ᠃ ᠣᠳᠤᠬᠠᠨ ᠤ ᠨᠡᠢ᠌ᠭᠡᠮ ᠤᠨ ᠭᠦᠭ᠍ᠵᠢᠯᠳᠡ ᠳᠠᠪᠰᠢᠯᠳᠠ ᠪᠠ ᠣᠯᠠᠨ ᠳᠠᠯᠠᠵᠢᠭᠤᠯᠤᠯᠳᠠ ᠶᠢ ᠳᠠᠭᠠᠯᠳᠤᠨ ᠨᠢᠭᠡ ᠭᠦᠮᠤᠨ ᠤ ᠣᠢ᠌ᠯᠠ ᠭᠦᠳᠡᠯᠦᠯ ᠤᠨ ᠭᠡᠯᠪᠠᠷᠢ ᠮᠠ‍‌ᠶᠢᠭ ᠤᠨ ᠥᠭᠡᠷᠡᠴᠢᠯᠡᠯᠳᠡ ᠰᠢᠨᠠᠴᠢᠯᠠᠯᠳᠠ ᠨᠢ ᠶᠤᠰᠤ ᠰᠤᠷᠳᠠᠬᠤᠨ ᠤ ᠭᠦᠮᠦᠵᠢᠯ ᠤᠨ ᠪᠠᠷᠠᠮᠵᠢᠶ᠎ᠠ ᠶᠢ ᠳᠠᠭᠠᠯᠳᠤᠨ ᠳᠠᠰᠤᠷᠠᠯᠳᠠ ᠦᠭᠡᠶ ᠰᠢᠨᠡᠴᠢᠯᠡᠭ᠍ᠳᠡᠵᠤ ᠪᠠᠢ᠌ᠳᠠᠭ ᠰᠠᠨ᠃ ᠡᠢ᠌ᠮᠤ ᠡᠴᠠ ᠶᠤᠰᠤ ᠰᠤᠷᠳᠠᠬᠤᠨ ᠤ ᠪᠠᠷᠢᠮᠵᠢᠶ᠎ᠠ ᠪᠠ ᠳᠦᠷᠢᠮ ᠳᠤᠭᠳᠠᠭᠠᠯ ᠣᠯᠠᠮ ᠡᠴᠠ ᠣᠯᠠᠮ ᠴᠢᠨᠠᠷᠵᠢᠨ ᠳᠡᠭᠦᠯᠳᠡᠷᠵᠡᠵᠤ ᠪᠠᠢ᠌ᠭ᠎ᠠ ᠳᠤ ᠴᠢᠭᠯᠡᠭᠦᠯᠤᠨ ᠰᠢᠨ᠎ᠡ ᠪᠠᠷ ᠭᠡᠪᠯᠡᠭ᠍ᠳᠡᠨ ᠭᠡᠷᠡᠭ᠍ᠵᠢᠭᠦᠯᠡᠭ᠍ᠳᠡᠵᠤ ᠪᠠᠢ᠌ᠭ᠎ᠠ 《ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠰᠠᠭᠢᠬᠤ ᠳᠦᠷᠢᠮ》 ᠪᠠ 《ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠡᠳᠦᠷ ᠳᠤᠳᠤᠮ ᠤᠨ ᠣᠢ᠌ᠯᠠ ᠠᠵᠢᠯᠯᠠᠭ᠎ᠠ ᠶᠢᠨ ᠳᠦᠷᠢᠮᠵᠢᠭᠦᠯᠦᠯ》 ᠮᠠᠳᠤ ᠶᠤᠰᠤ ᠰᠤᠷᠳᠠᠬᠤᠨ ᠤ ᠬᠠᠮᠢᠶ᠎ᠠ ᠪᠦᠭᠦᠢ ᠳᠦᠷᠢᠮ ᠳᠤᠭᠳᠠᠭᠠᠯ ᠤᠨ ᠣᠬᠠᠭᠤᠯᠭ᠎ᠠ ᠰᠤᠷᠳᠠᠯᠴᠢᠯᠠᠭ᠎ᠠ ᠪᠠ ᠡᠳᠦᠷ ᠳᠤᠳᠤᠮ ᠤᠨ ᠣᠢ᠌ᠯᠠ ᠠᠵᠢᠯᠯᠠᠭᠠᠨ ᠳ᠋ᠠᠭᠢ ᠭᠡᠷᠡᠭ᠍ᠵᠢᠭᠦᠯᠦᠯᠳᠡ ᠶᠢ ᠨᠠᠷᠢᠨ ᠭᠢᠨᠠᠮᠠᠭᠠᠢ ᠪᠠᠷᠢᠮᠳᠠᠯᠠᠨ᠂ ᠡᠢ᠌ᠮᠦᠷᠭᠦ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠬᠠᠮᠢᠶ᠎ᠠ ᠪᠦᠭᠦᠢ ᠳᠦᠷᠢᠮ ᠳᠤᠭᠳᠠᠭᠠᠯ ᠢ ᠰᠤᠷᠤᠭᠴᠢᠳ ᠶᠢᠡᠷ ᠳᠤᠭᠤᠷᠠᠳᠠᠯ᠎ᠠ ᠴᠡᠭᠡᠵᠢᠯᠡᠭᠦᠯᠵᠤ᠂ ᠵᠤᠷᠪᠣᠰ ᠭᠡᠰᠡᠭ᠌ ᠪᠦᠷᠢ ᠶᠢᠨ ᠠᠭᠤᠯᠭ᠎ᠠ ᠰᠠᠨᠠᠭ᠎ᠠ ᠶᠢ ᠨᠢ ᠭᠦᠡᠵᠡᠭᠡᠢ ᠡᠵᠡᠮᠰᠢᠭᠦᠯᠤᠨ᠂ ᠳᠠᠳᠠᠨ ᠤ ᠡᠳᠦᠷ ᠳᠤᠳᠤᠮ ᠤᠨ ᠥᠭᠡ ᠶᠠᠷᠢᠶ᠎ᠠ᠂ ᠣᠢ᠌ᠯᠠ ᠠᠵᠢᠯᠯᠠᠭ᠎ᠠ ᠪᠠᠨ ᠭᠢᠨᠠᠨ ᠰᠢᠯᠭᠠᠬᠤ ᠪᠠᠷᠢᠮᠵᠢᠶ᠎ᠠ ᠪᠣᠯᠭᠠᠨ᠎ᠠ᠃ ᠭᠡᠷᠪᠡ ᠠᠯᠢ ᠨᠢᠭᠡ ᠰᠤᠷᠤᠭᠴᠢ ᠰᠠᠨᠠᠮᠰᠠᠷ ᠪᠣᠰᠤ ᠪᠠᠷ ᠦᠵᠡᠯ ᠰᠠᠨᠠᠭ᠎ᠠ᠂ ᠶᠤᠰᠤ ᠰᠤᠷᠳᠠᠬᠤᠨ ᠤ ᠳᠠᠯ᠎ᠠ ᠪᠠᠷ ᠡ᠊ᠨᠳᠡᠯ ᠣᠰᠤᠯ ᠭᠠᠷᠭᠠᠴᠢᠬᠠᠪᠠᠯ᠂ ᠳᠠᠳᠠ ᠥᠪᠠᠷᠳᠡᠭᠡᠨ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠶᠤᠰᠤ ᠰᠤᠷᠳᠠᠬᠤᠨ ᠤ ᠳᠦᠷᠢᠮ ᠳᠤᠭᠳᠠᠭᠠᠯ ᠤᠨ ᠠᠯᠢ ᠭᠡᠰᠡᠭ᠌ ᠠᠯᠢ ᠵᠤᠷᠪᠣᠰ ᠢ ᠵᠦᠷᠢᠴᠡᠭ᠍ᠰᠡᠨ ᠭᠡᠳᠡᠭ᠌ ᠶᠢᠡᠨ ᠵᠠᠳᠠᠯᠤᠨ ᠰᠢᠠᠵᠢᠵᠤ᠂ ᠠᠯᠳᠠᠭᠳᠠᠯ ᠳᠤᠳᠠᠭᠳᠠᠯ ᠤᠨ ᠡᠭᠦᠰᠦᠯ ᠰᠢᠯᠳᠠᠭᠠᠨ ᠢ ᠰᠤᠳᠤᠯᠤᠨ ᠰᠢᠠᠵᠢᠯᠠᠵᠤ ᠣᠯᠤᠭᠠᠤᠨ ᠵᠠᠰᠠᠵᠤ ᠵᠠᠯᠠᠷᠠᠭᠤᠯᠤᠨ᠎ᠠ᠃

ᠬᠤᠶᠠᠷ᠂ ᠰᠤᠷᠭᠠᠨ ᠭᠦᠮᠦᠵᠢᠯ ᠤᠨ ᠠᠭᠤᠯᠭ᠎ᠠ ᠰᠠᠳᠤᠪ ᠲᠤ ᠪᠠᠨ《ᠭᠤᠷᠪᠠ ᠳᠤ ᠭᠦᠡᠵᠡᠭᠡᠢ᠌ᠷᠡᠭᠦ》 ᠵᠠᠷᠴᠢᠮ ᠢ ᠵᠢᠷᠤᠮᠯᠠᠬᠤ ᠭᠡᠷᠡᠭ᠍ᠳᠡᠢ᠃

1. ᠰᠤᠷᠤᠭᠴᠢᠳ ᠤᠨ ᠳᠤᠰ ᠪᠠᠶ᠎ᠠ ᠳᠤ ᠨᠢ ᠭᠦᠡᠵᠡᠭᠡᠢ᠌ᠷᠡᠭᠦ ᠭᠡᠷᠡᠭ᠍ᠳᠡᠢ᠃

ᠰᠤᠷᠤᠭᠴᠢᠳ ᠲᠤ ᠪᠠᠨ ᠤᠢ᠌ᠷᠠᠳᠴᠤ ᠣᠢ᠌ᠯᠠᠭᠠᠬᠤ ᠭᠢᠷᠢ ᠭᠡᠮᠵᠢᠶ᠎ᠡ ᠪᠣᠯ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠤᠨ ᠢᠯᠠᠵᠤ ᠢᠯᠠᠭᠳᠠᠬᠤ ᠶᠢᠨ ᠵᠠᠩᠭᠢᠯᠭ᠎ᠠ ᠪᠣᠯᠬᠤ ᠶᠤᠮ᠃ ᠵᠠᠯᠠᠭᠤ ᠪᠠᠭᠠᠴᠤᠤᠯ ᠤᠨ ᠪᠠᠶ᠎ᠠ ᠰᠠᠳᠭᠢᠴᠠ ᠨᠢ ᠨᠢᠯᠬᠠᠰᠠᠭ᠂ ᠳᠠᠳᠠᠨ ᠤ ᠠᠮᠢᠳᠤᠷᠠᠬᠤᠢ ᠶᠢᠨ ᠦᠵᠡᠯᠳᠠ᠂ ᠶ‍ᠢᠷᠳᠢᠠᠴᠤ ᠶᠢᠨ ᠦᠵᠡᠯᠳᠠ ᠪᠠ ᠦᠷᠳᠡᠭ᠌ ᠤᠨ ᠦᠵᠡᠯᠳᠠ ᠨᠢ ᠪᠦᠷᠢᠮᠦᠰᠤᠨ ᠳᠤᠭᠳᠠᠪᠣᠷᠢᠵᠠᠵᠤ ᠴᠢᠳᠠᠭᠠᠳᠤᠢ ᠪᠦᠭᠡᠳ ᠳᠠᠳᠠᠨ ᠤ ᠭᠡᠷ ᠪᠦᠯᠢ ᠶᠢᠨ ᠪᠠ ᠠᠮᠢᠳᠤᠷᠠᠯ ᠤᠨ ᠣᠷᠴᠢᠨ ᠳᠤᠭᠤᠷᠢᠨ ᠵᠢᠴᠢ ᠰᠤᠷᠭᠠᠨ ᠭᠦᠮᠦᠵᠢᠯ ᠤᠨ ᠣᠷᠴᠢᠨ ᠳᠤᠭᠤᠷᠢᠨ ᠤ ᠢᠯᠭᠠᠭ᠎ᠠ ᠵᠦᠷᠢᠶ᠎ᠠ ᠡᠴᠠ ᠰᠢᠯᠳᠠᠭᠠᠯᠠᠭᠳᠠᠨ ᠠᠳᠠᠯᠢ ᠪᠣᠰᠤ ᠶᠤᠰᠤ ᠰᠤᠷᠳᠠᠬᠤᠨ ᠤ ᠣᠠᠴᠠᠯᠢᠭ ᠲᠡᠶ ᠪᠠᠢ᠌ᠳᠠᠭ ᠲᠤ ᠴᠢᠭᠯᠡᠭᠦᠯᠤᠨ ᠳᠠᠳᠠᠨ ᠤ ᠶᠤᠰᠤ ᠰᠤᠷᠳᠠᠬᠤᠨ ᠤ ᠭᠢᠷᠢ ᠭᠡᠮᠵᠢᠶ᠎ᠡ ᠶᠢ ᠪᠦᠷᠢᠨ ᠣᠢ᠌ᠯᠠᠭᠠᠭᠰᠠᠨ ᠰᠠᠭᠤᠷᠢᠨ ᠳᠡᠭᠡᠷ᠎ᠡ ᠰᠤᠷᠤᠭᠴᠢᠳ ᠲᠤ ᠠᠯᠬᠤᠴᠠ ᠭᠢᠰᠭᠢᠴᠡ ᠠᠢ᠌ᠵᠠᠮ ᠲᠡᠶ᠂ ᠠᠯᠬᠤᠮ ᠳᠠᠷᠠᠭ᠎ᠠ ᠨᠢ ᠳᠤᠭᠢᠷᠠᠮᠵᠢᠳᠠᠢ ᠶᠤᠰᠤ ᠰᠤᠷᠳᠠᠬᠤᠨ ᠤ ᠭᠦᠮᠦᠵᠢᠯ ᠢ ᠴᠢᠩᠭ᠋ᠠᠳᠬᠠᠬᠤ ᠪᠣᠯᠤᠨ᠎ᠠ᠃

2. ᠰᠤᠷᠤᠭᠴᠢᠳ ᠤᠨ ᠠᠮᠢᠳᠤᠷᠠᠯ ᠳᠤ ᠨᠢ ᠭᠦᠡᠵᠡᠭᠡᠢ᠌ᠷᠡᠭᠦ ᠭᠡᠷᠡᠭ᠍ᠳᠡᠢ᠃

ᠠᠮᠢᠳᠤᠷᠠᠯ ᠪᠣᠯ ᠭᠦᠮᠤᠨ ᠳᠦᠷᠦᠯᠭᠡᠳᠡᠨ ᠤ ᠣᠷᠤᠰᠢᠨ ᠳᠤᠭᠳᠠᠨᠢᠬᠤ ᠶᠢᠨ ᠦᠨᠳᠦᠰᠦᠨ ᠦᠷᠳᠡᠭ᠌ ᠭᠡᠯᠳᠡᠢ᠃ ᠠᠮᠢᠳᠤᠷᠠᠯ ᠢ ᠰᠠᠷᠠᠵᠤ ᠣᠢ᠌ᠯᠠᠭᠠᠬᠤ ᠪᠣᠯ ᠦᠵᠡᠯ ᠰᠠᠨᠠᠭ᠎ᠠ᠂ ᠶᠤᠰᠤ ᠰᠤᠷᠳᠠᠬᠤᠨ ᠤ ᠪᠦᠷᠢᠯᠳᠦᠯ ᠤᠨ ᠡᠭᠢ ᠰᠤᠷᠪᠣᠯᠵᠢ ᠪᠣᠯᠵᠤ ᠪᠠᠢ᠌ᠳᠠᠭ ᠶᠤᠮ᠃ ᠶᠠᠷᠤ ᠶᠢᠨ ᠥᠭᠡᠨ ᠳ᠋ᠠᠭᠢ 《ᠠᠮᠢᠳᠤᠷᠠᠯ ᠪᠣᠯ ᠳᠠᠷᠤᠢ ᠰᠤᠷᠭᠠᠨ ᠭᠦᠮᠦᠵᠢᠯ》 ᠭᠡᠳᠡᠭ᠍ᠴᠢᠯᠡᠨ ᠪᠠᠭᠰᠢ ᠪᠣᠯᠤᠭᠰᠠᠤᠨ ᠰᠤᠷᠤᠭᠴᠢᠳ ᠲᠤ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠤᠨ ᠠᠭᠤᠯᠭ᠎ᠠ ᠳᠤ ᠪᠠᠨ ᠠᠮᠢᠳᠤᠷᠠᠯ ᠳ᠋ᠠᠭᠢ ᠠᠮᠢᠳᠤᠯᠢᠭ ᠪᠣᠳᠠᠳᠠᠢ ᠣᠴᠢᠷ ᠶᠠᠪᠣᠳᠠᠯ ᠡᠴᠠ ᠭᠠᠷ ᠠᠪᠣᠯᠭ᠎ᠠ ᠶᠢᠨ ᠪᠣᠷᠤ ᠮᠠᠲ᠋ᠸᠷᠢᠶᠠᠯ ᠴᠤᠭᠯᠠᠭᠤᠯᠬᠤ ᠭᠡᠷᠡᠭ᠍ᠳᠡᠢ᠃ ᠰᠤᠷᠭᠠᠨ ᠭᠦᠮᠦᠵᠢᠭᠦᠯᠭᠦ ᠶᠠᠪᠣᠴᠠ ᠳᠤ ᠪᠠᠨ ᠠᠮᠢᠳᠤᠷᠠᠯ ᠳᠤ ᠨᠢᠭᠳᠠ ᠬᠠᠷᠢᠴᠠᠭ᠎ᠠ ᠲᠡᠶ ᠵᠢᠵᠢᠭ᠌ ᠰᠠᠵᠢᠭ ᠵᠣᠢ᠌ᠯᠠᠰ ᠢ ᠠᠩᠬᠠᠷᠴᠤ᠂ ᠴᠠᠭ ᠢᠮᠠᠭᠳᠠ ᠨᠡᠢ᠌ᠭᠡᠮ ᠤᠨ ᠠᠮᠢᠳᠤᠷᠠᠯ ᠤᠨ ᠬᠤᠪᠢᠷᠠᠯᠳᠠ ᠶᠢ ᠠᠩᠬᠠᠷᠴᠤ ᠪᠠᠢ᠌ᠬᠤ ᠶᠤᠰᠤᠳᠠᠢ᠃ ᠭᠡᠭᠦ ᠳᠤ ᠪᠠᠨ ᠰᠤᠷᠤᠭᠴᠢᠳ ᠤᠨ ᠠᠮᠢᠳᠤᠷᠠᠯ ᠰᠤᠷᠤᠯᠴᠠᠯᠭ᠎ᠠ ᠶᠢᠨ ᠪᠣᠳᠠᠳᠠᠢ ᠡᠴᠠ ᠡᠭᠦᠰᠴᠤ᠂ ᠰᠤᠷᠤᠭᠴᠢᠳ ᠤᠨ ᠬᠠᠮᠤᠭ ᠤᠨ ᠠᠩᠬᠠᠷᠤᠨ ᠬᠠᠯᠠᠮᠵᠢᠯᠠᠵᠤ ᠪᠠᠢ᠌ᠭ᠎ᠠ ᠰᠠᠳᠤᠪ ᠡᠴᠠ ᠭᠠᠷᠳᠠᠨ᠂ ᠳᠠᠳᠠᠨ ᠤ ᠬᠠᠮᠤᠭ ᠤᠨ ᠳᠠᠨᠢᠯ ᠳᠠᠰᠤᠯ ᠪᠣᠶᠤ ᠰᠤᠨᠢᠷᠬᠠᠯᠳᠠᠢ ᠥᠭᠡ ᠶᠠᠷᠢᠶ᠎ᠠ ᠪᠠ ᠠᠷᠭ᠎ᠠ ᠪᠠᠷᠢᠯ ᠢ ᠠᠰᠢᠭᠯᠠᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠭᠢᠪᠠᠯ ᠰᠠ‍‌ᠶᠢ ᠦᠷ᠎ᠡ ᠠᠰᠢᠭᠳᠠᠢ᠂ ᠠᠮᠵᠢᠯᠳᠠ ᠪᠦᠳᠦᠮᠵᠢᠳᠡᠢ ᠲᠡᠶ ᠪᠣᠯᠵᠤ ᠴᠢᠳᠠᠬᠤ ᠶᠤᠮ᠃

3.ᠰᠤᠷᠤᠭᠴᠢᠳ ᠤᠨ ᠣᠷᠤᠰᠢᠨ ᠠᠮᠢᠳᠤᠷᠠᠭ᠎ᠠ ᠨᠡᠢ᠌ᠭᠡᠮ ᠳᠤ ᠨᠢ ᠭᠦᠡᠵᠡᠭᠡᠢ᠌ᠷᠡᠭᠦ ᠭᠡᠷᠡᠭ᠍ᠳᠡᠢ᠃

ᠨᠡᠢ᠌ᠭᠡᠮ ᠪᠣᠯ ᠶᠤᠰᠤ ᠰᠤᠷᠳᠠᠬᠤᠨ ᠤ ᠭᠦᠮᠦᠵᠢᠯ ᠤᠨ ᠬᠠᠮᠤᠭ ᠤᠨ ᠶᠡᠭᠡ ᠭᠢᠴᠢᠶᠡᠯᠯᠡᠭᠡ ᠶᠢᠨ ᠳᠠᠩᠭᠢᠮ ᠪᠣᠯᠬᠤ ᠶᠤᠮ᠃ ᠨᠡᠢ᠌ᠭᠡᠮ ᠤᠨ ᠡᠭᠢ ᠰᠤᠷᠪᠣᠯᠵᠢ ᠪᠣᠯ ᠠᠭᠤᠳᠠᠯᠠᠭᠠᠤᠨ ᠪᠠᠷᠠᠰᠢ ᠦᠭᠡᠶ ᠡᠷᠳᠡᠨᠢ ᠶᠢᠨ ᠭᠦᠮᠦᠷᠭᠡ᠂ ᠳᠡᠭᠡᠭᠡᠭᠡᠳ ᠪᠠᠷᠠᠰᠢ ᠦᠭᠡᠶ ᠠᠭᠤᠷᠬᠠᠢ ᠶᠢᠨ ᠭᠠᠷᠤᠯᠳᠠ ᠭᠡᠮᠡᠷ ᠨᠢᠭᠡ ᠳᠠᠯ᠎ᠠ ᠪᠠᠷ ᠭᠦᠮᠤᠨ ᠤ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠪᠣᠯᠪᠠᠰᠤᠷᠠᠯ ᠢ ᠨᠥᠯᠦᠭᠡᠯᠡᠵᠤ᠂ ᠨᠥᠭᠦᠭᠡ ᠳᠠᠯ᠎ᠠ ᠪᠠᠷ ᠰᠤᠷᠭᠠᠨ ᠭᠦᠮᠦᠵᠢᠯ ᠨᠢ ᠳᠠᠭᠢᠭᠠᠤᠨ ᠨᠡᠢ᠌ᠭᠡᠮ ᠤᠨ ᠥᠩᠭᠡ ᠵᠢᠰᠤ ᠶᠢ ᠬᠤᠪᠢᠷᠠᠭᠠᠵᠤ ᠪᠠᠢ᠌ᠳᠠᠭ ᠶᠤᠮ᠃ ᠡᠢ᠌ᠮᠤ ᠡᠴᠠ ᠰᠤᠷᠤᠭᠴᠢᠳ ᠢ ᠵᠢᠭᠠᠨ ᠵᠢᠯᠤᠭᠤᠳᠴᠤ ᠨᠡᠢ᠌ᠭᠡᠮ ᠤᠨ ᠥᠢᠯᠡᠳᠦᠯᠭᠡ ᠳᠤ ᠣᠷᠤᠯᠴᠠᠭᠤᠯᠵᠤ᠂ ᠨᠡᠢ᠌ᠭᠡᠮ ᠤᠨ ᠭᠦᠭ᠍ᠵᠢᠯᠳᠡ ᠳᠠᠪᠰᠢᠯᠳᠠ ᠶᠢ ᠣᠢ᠌ᠯᠠᠭᠠᠭᠤᠯᠤᠨ᠂ ᠳᠠᠳᠠᠨ ᠶᠢᠡᠷ ᠢᠷᠡᠭᠡᠳᠦᠢ ᠶᠢᠨ ᠨᠡᠢ᠌ᠭᠡᠮ ᠤᠨ ᠥᠩᠭᠡ ᠭᠡᠷᠡᠯ ᠢ ᠲᠦᠰᠤᠪᠯᠠᠨ ᠵᠢᠷᠤᠭᠯᠠᠭᠤᠯᠵᠤ᠂ ᠳᠠᠳᠠᠨ ᠢ ᠨᠡᠢ᠌ᠭᠡᠮ ᠡᠴᠠ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠭᠦᠷᠳᠡᠭᠡᠭᠦ ᠴᠢᠬᠤᠯᠠᠳᠠᠢ ᠶᠤᠮ᠃

ᠭᠤᠷᠪᠠ᠂ ᠰᠤᠷᠭᠠᠨ ᠭᠦᠮᠦᠵᠢᠯ ᠤᠨ ᠶᠠᠪᠣᠴᠠ ᠳᠤ ᠪᠠᠨ 《ᠭᠤᠷᠪᠠᠨ ᠳᠠᠮᠵᠢᠭᠤᠯᠤᠭᠴᠢ ᠪᠠᠶ᠎ᠠ》 ᠶ᠋ᠢ ᠭᠦᠢᠴᠡᠳ ᠠᠰᠢᠭᠯᠠᠬᠤ ᠭᠡᠷᠡᠭ᠍ᠳᠡᠢ᠃

1. ᠭᠢᠴᠢᠶᠡᠯᠯᠡᠭᠡ (ᠪᠣᠶᠤ ᠭᠢᠴᠢᠶᠠᠯ ᠳᠦᠷᠤᠯ) ᠶ᠋ᠢ ᠭᠦᠢᠴᠡᠳ ᠠᠰᠢᠭᠯᠠᠬᠤ ᠭᠡᠷᠡᠭ᠍ᠳᠡᠢ᠃

ᠭᠢᠴᠢᠶᠠᠯ ᠳᠦᠷᠤᠯ ᠪᠣᠯ ᠳᠤᠮᠳᠠᠳᠤ ᠪᠠᠭ᠎ᠠ ᠰᠤᠷᠭᠠᠭᠤᠯᠢ ᠶᠢᠨ ᠶᠤᠰᠤ ᠰᠤᠷᠳᠠᠬᠤᠨ ᠤ ᠭᠦᠮᠦᠵᠢᠯ ᠤᠨ ᠭᠤᠤᠯ ᠪᠣᠯᠬᠤ ᠳᠠᠮᠵᠢᠭᠤᠯᠤᠭᠴᠢ ᠪᠠᠶ᠎ᠠ ᠭᠡᠳᠡᠭ᠌ ᠪᠣᠯ ᠭᠢᠴᠢᠶᠡᠯᠯᠡᠭᠡ ᠪᠠ ᠭᠢᠴᠢᠶᠠᠯ ᠤᠨ ᠭᠠᠳᠠᠨᠠᠭᠢ ᠰᠤᠷᠭᠠᠨ ᠭᠦᠮᠦᠵᠢᠯ ᠤᠨ ᠭᠦᠳᠡᠯᠭᠡᠭᠡᠨ ᠪᠣᠯ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠤᠨ ᠭᠤᠤᠯ ᠠᠷᠭ᠎ᠠ ᠵᠠᠮ ᠪᠣᠯᠬᠤ ᠳᠤᠯᠠ ᠪᠠᠭᠰᠢ ᠪᠣᠯᠤᠭᠰᠠᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠰᠤᠷᠬᠤ ᠪᠢᠴᠢᠭ᠌ ᠳᠠᠭᠢ ᠠᠮᠢᠳᠤᠯᠢᠭ ᠪᠣᠳᠠᠳᠠᠢ ᠥᠯᠢᠭᠡᠷ ᠵᠢᠱᠢᠶ᠎ᠠ ᠶᠢ ᠠᠰᠢᠭᠯᠠᠨ᠂ ᠭᠢᠴᠢᠶᠡᠯᠯᠡᠭᠡ ᠪᠠᠷ ᠳᠠᠮᠵᠢᠭᠤᠯᠤᠨ 《ᠮᠡᠳᠡᠯᠭᠡ ᠮᠠᠳᠠᠴᠠ ᠪᠠ ᠣᠷ᠎ᠠ ᠴᠢᠳᠠᠪᠣᠷᠢ᠂ ᠠᠷᠭ᠎ᠠ ᠭᠡᠯᠪᠠᠷᠢ ᠪᠠ ᠠᠯᠬᠤᠮ ᠳᠠᠷᠠᠭ᠎ᠠ᠂ ᠣᠪᠣᠷ ᠰᠡᠳᠬᠢᠯᠭᠡ ᠪᠠ ᠦᠷᠳᠡᠭ᠌ ᠤᠨ ᠦᠵᠡᠯᠳᠠ》 ᠭᠡᠭᠦ ᠭᠤᠷᠪᠠᠨ ᠭᠡᠮᠵᠢᠯᠳᠤ ᠬᠠᠷᠠᠯᠳᠠ ᠶᠢ ᠨᠠᠢ᠌ᠳᠠᠪᠣᠷᠢᠵᠢᠭᠤᠯᠵᠤ᠂ ᠰᠤᠷᠤᠭᠴᠢᠳ ᠢ ᠵᠢᠯᠤᠭᠤᠳᠤᠨ ᠰᠠᠭᠤᠷᠢ ᠮᠡᠳᠡᠯᠭᠡ ᠪᠠ ᠦᠨᠳᠦᠰᠦᠨ ᠴᠢᠳᠠᠪᠣᠷᠢ ᠶᠢ ᠡᠵᠡᠮᠰᠢᠭᠦᠯᠭᠦ ᠶᠢᠨ ᠬᠠᠮᠳᠤ ᠰᠤᠷᠬᠤ ᠪᠢᠴᠢᠭ᠌ ᠡᠴᠠ ᠰᠤᠷᠤᠭᠴᠢᠳ ᠲᠤ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠤᠨ ᠰᠢᠮ᠎ᠠ ᠳᠡᠵᠢᠭᠡᠯ ᠢ ᠭᠦᠷᠳᠡᠭᠡᠨ᠎ᠡ᠃ ᠡᠭᠦᠨ ᠤ ᠳᠠᠭᠠᠤ ᠰᠤᠷᠤᠭᠴᠢᠳ ᠢ ᠵᠤᠬᠢᠶᠠᠨ ᠪᠠᠢ᠌ᠭᠤᠯᠵᠤ᠂ ᠵᠢᠭᠠᠨ ᠵᠢᠯᠤᠭᠤᠳᠤᠨ ᠡᠯ᠎ᠡ ᠵᠣᠢ᠌ᠯ ᠤᠨ ᠠᠰᠢᠭᠳᠠᠢ ᠭᠢᠴᠢᠶᠠᠯ ᠤᠨ ᠭᠠᠳᠠᠨᠠᠭᠢ ᠭᠦᠳᠡᠯᠭᠡᠭᠡᠨ ᠢ ᠦᠷᠨᠢᠭᠦᠯᠵᠤ᠂ ᠭᠢᠴᠢᠶᠡᠯᠯᠡᠭᠡ ᠡᠴᠠ ᠰᠤᠷᠴᠤ ᠡᠵᠡᠮᠰᠢᠭ᠍ᠰᠡᠨ ᠦᠵᠡᠯ ᠰᠠᠨᠠᠭ᠎ᠠ᠂ ᠶᠤᠰᠤ ᠰᠤᠷᠳᠠᠬᠤᠨ ᠤ ᠬᠠᠮᠢᠶ᠎ᠠ ᠪᠦᠭᠦᠢ ᠮᠡᠳᠡᠯᠭᠡ ᠪᠠᠨ ᠪᠣᠳᠠᠳᠤ ᠠᠮᠢᠳᠤᠷᠠᠯ ᠳᠤ ᠥᠢᠯᠡᠳᠦᠯᠭᠡᠵᠢᠭᠦᠯᠵᠤ ᠪᠣᠳᠠᠳᠠᠢ᠌ᠵᠠᠭᠤᠯᠬᠤ ᠴᠢᠬᠤᠯᠠᠳᠠᠢ ᠶᠤᠮ᠃

2. ᠰᠤᠷᠭᠠᠭᠤᠯᠢ ᠶᠢᠨ ᠵᠢᠭᠠᠨ ᠰᠤᠷᠭᠠᠯᠳᠠ ᠶᠢ ᠭᠦᠢᠴᠡᠳ ᠠᠰᠢᠭᠯᠠᠬᠤ ᠭᠡᠷᠡᠭ᠍ᠳᠡᠢ᠃

ᠰᠤᠷᠭᠠᠭᠤᠯᠢ ᠶᠢᠨ ᠵᠢᠭᠠᠨ ᠰᠤᠷᠭᠠᠯᠳᠠ ᠨᠢ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠦᠰᠦᠨ ᠪᠣᠢ᠌ᠵᠠᠵᠤ᠂ ᠪᠦᠷᠢᠯᠳᠤᠨ ᠳᠤᠭᠳᠠᠪᠣᠷᠢᠵᠢᠬᠤ ᠶᠢᠨ ᠦᠩ ᠰᠢᠮᠡᠯᠢᠭ᠌ ᠭᠦᠷᠦᠰᠤ ᠰᠢᠷᠤᠢ ᠪᠣᠯᠳᠠᠭ ᠰᠠᠨ᠃ ᠳᠤᠬᠠᠢ᠌ᠯᠠᠪᠠᠯ᠂ ᠰᠤᠷᠭᠠᠭᠤᠯᠢ ᠶᠢᠨ ᠣᠯᠤᠰ ᠤᠨ ᠳᠤᠭ ᠮᠠᠠᠳᠤᠭᠤᠯᠬᠤ ᠶᠤᠰᠤᠯᠠᠯ᠂ ᠷᠠᠳᠢᠤ᠋ ᠨᠡᠪᠳᠡᠷᠡᠭᠦᠯᠭᠡ ᠶᠢᠨ ᠦᠷᠳᠡᠭᠡ᠂ ᠬᠠᠨ᠎ᠠ ᠶᠢᠨ ᠪᠠ ᠰᠠᠮᠪᠠᠷ᠎ᠠ ᠶᠢᠨ ᠰᠤᠨᠢᠨ ᠵᠡᠷᠭᠡ ᠰᠤᠷᠭᠠᠭᠤᠯᠢ ᠶᠢᠨ ᠣᠬᠠᠭᠤᠯᠭ᠎ᠠ ᠰᠤᠷᠳᠠᠯᠴᠢᠯᠭ᠎ᠠ ᠶᠢᠨ ᠵᠠᠭᠤᠴᠢ ᠨᠢ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠪᠦᠷᠢᠯᠳᠦᠯ ᠭᠦᠭ᠍ᠵᠢᠯ ᠳᠤ ᠰᠢᠮ᠎ᠠ ᠳᠡᠵᠢᠭᠡᠯ ᠬᠠᠩᠭ᠋ᠠᠵᠤ ᠪᠠᠢ᠌ᠳᠠᠭ᠃ ᠡᠭᠦᠨ ᠡᠴᠠ ᠭᠠᠳᠠᠨ᠎ᠠ᠂ ᠰᠤᠷᠭᠠᠭᠤᠯᠢ ᠶᠢᠨ ᠭᠦᠷᠢᠶᠡᠨ ᠳ᠋ᠠᠭᠢ ᠪᠠᠭᠰᠢ ᠶᠢᠨ ᠥᠯᠢᠭᠡᠷ ᠭᠡᠪ᠂ ᠨᠥᠭᠦᠤᠨ ᠵᠠᠭᠤᠷ᠎ᠠ ᠶᠢᠨ ᠵᠢᠱᠢᠶ᠎ᠠ ᠳᠠᠭᠤᠷᠢᠶᠠᠯ ᠪᠠ ᠬᠠᠮᠳᠤ ᠨᠠᠢ᠌ᠳᠠ ᠶᠢᠨ ᠡᠶ᠎ᠡ ᠨᠠᠢ᠌ᠷᠠᠮᠳᠠᠭᠤ ᠵᠤᠭᠢᠴᠠᠯ ᠵᠡᠷᠭᠡ ᠨᠢ ᠪᠦᠷ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠪᠣᠯᠪᠠᠰᠤᠷᠠᠯ ᠳᠤ ᠠᠮᠢᠵᠢᠷᠠᠯ ᠤᠨ ᠦᠷ᠎ᠡ ᠦᠨᠳᠦᠰᠦ ᠬᠠᠳᠬᠤᠵᠤ ᠥᠭ᠍ᠳᠡᠭ᠌ ᠶᠤᠮ᠃

3.ᠰᠤᠷᠭᠠᠭᠤᠯᠢ ᠶᠢᠨ ᠭᠠᠳᠠᠨᠠᠭᠢ ᠭᠦᠳᠡᠯᠭᠡᠭᠡᠨ ᠢ ᠭᠦᠢᠴᠡᠳ ᠠᠰᠢᠭᠯᠠᠬᠤ ᠭᠡᠷᠡᠭ᠍ᠳᠡᠢ᠃

ᠶᠠᠷᠤ ᠶᠢᠨ ᠥᠭᠡᠨ ᠳᠤ 《ᠵᠠᠭᠤ ᠰᠤᠨᠤᠰᠬᠤ ᠨᠢ ᠨᠢᠭᠡ ᠥᠵᠡᠭᠦ ᠶᠢ ᠭᠦᠷᠭᠦ ᠦᠭᠡᠶ》 ᠭᠡᠳᠡᠭ᠌ ᠪᠣᠯ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠪᠣᠯᠪᠠᠰᠤᠷᠠᠯ ᠳᠤ 《ᠨᠢᠭᠡ ᠥᠵᠡᠭᠦ ᠨᠢ ᠨᠢᠭᠡ ᠳᠤᠷᠰᠢᠬᠤ ᠶᠢ ᠭᠦᠷᠭᠦ ᠦᠭᠡᠶ》 ᠪᠣᠯᠳᠠᠭ ᠨᠢ ᠬᠠᠴᠢᠨ ᠰᠤᠨᠢᠷᠬᠠᠯᠳᠠᠢ ᠣᠴᠢᠷ ᠪᠢᠰᠢ ᠶᠤᠮ᠃ ᠰᠤᠷᠤᠭᠴᠢᠳ ᠤᠨ ᠭᠢᠴᠢᠶᠠᠯ ᠤᠨ ᠭᠠᠳᠠᠨᠠᠭᠢ ᠭᠦᠳᠡᠯᠭᠡᠭᠡᠨ ᠤ ᠴᠠᠭ ᠪᠣᠶᠤ ᠠᠮᠠᠷᠠᠯᠳᠠ ᠴᠢᠯᠦᠭᠡᠨ ᠤ ᠬᠤᠭᠤᠴᠠᠭ᠎ᠠ ᠶᠢ ᠠᠰᠢᠭᠯᠠᠨ᠂ ᠳᠤᠭᠳᠠᠮᠠᠯ ᠪᠣᠰᠤ ᠬᠤᠭᠤᠴᠠᠭ᠎ᠠ ᠪᠠᠷ ᠳᠠᠳᠠᠨ ᠢ ᠵᠤᠬᠢᠶᠠᠨ ᠪᠠᠢ᠌ᠭᠤᠯᠵᠤ᠂ ᠳᠡᠦᠭᠡᠨ ᠰᠠᠳᠤᠪᠳᠤ ᠮᠦᠽᠧᠢ ᠶᠢ ᠳᠤᠭᠤᠷᠢᠨ ᠥᠵᠡᠭᠦ ᠺᠢᠨᠤ᠋ ᠳᠸᠯᠸᠢᠰ ᠰᠤᠨᠢᠷᠬᠠᠬᠤ ᠠᠬᠠᠮᠠᠤᠨ ᠬᠤᠪᠢᠰᠬᠠᠯᠴᠢ ᠶᠢᠨ ᠶᠠᠷᠢᠶ᠎ᠠ ᠢᠯᠠᠳᠭᠡᠯ ᠢ ᠰᠤᠨᠤᠰᠬᠤ ᠭᠦᠳᠡᠯᠮᠦᠷᠢ ᠶᠢᠨ ᠵᠢᠱᠢᠶᠠᠴᠢ ᠪᠣᠶᠤ ᠰᠠᠢ᠌ᠴᠤᠤᠯ ᠤᠨ ᠦᠰᠴᠦ ᠳᠤᠮᠤᠵᠢᠭᠰᠠᠨ ᠣᠯᠠ ᠮᠦᠷ᠂ ᠣᠢ᠌ᠯᠠ ᠠᠵᠢᠯᠯᠭ᠎ᠠ ᠶᠢ ᠰᠤᠷᠤᠯᠴᠠᠬᠤ ᠳᠡᠦᠭᠡ ᠶᠢᠨ ᠬᠠᠮᠢᠶ᠎ᠠ ᠪᠦᠭᠦᠢ ᠳᠤᠰᠬᠠᠢ ᠰᠠᠳᠤᠪᠳᠤ ᠮᠡᠳᠡᠯᠭᠡ ᠶᠢᠨ ᠮᠦᠷᠥᠢᠴᠡᠭᠡᠨ᠂ ᠣᠶᠤᠨ ᠤ ᠣᠷᠤᠯᠳᠤᠭᠠᠨ ᠭᠢᠭᠦ ᠦᠵᠡᠵᠤ ᠰᠤᠨᠢᠷᠬᠠᠭᠰᠠᠨ ᠪᠣᠶᠤ ᠰᠤᠷᠤᠯᠴᠠᠵᠤ ᠳᠠᠨᠢᠭᠰᠠᠨ ᠳᠦᠷᠦᠭ᠍ᠳᠡᠯ ᠣᠢ᠌ᠯᠠᠭᠠᠯᠳᠠ ᠶᠢ ᠶᠠᠷᠢᠭᠤᠯᠬᠤ ᠪᠣᠶᠤ ᠪᠢᠴᠢᠭᠦᠯᠭᠦ ᠮᠠᠳᠤ ᠠᠯᠢ ᠣᠯᠠᠨ ᠳᠤᠭᠢᠷᠠᠮᠵᠢᠳᠠᠢ ᠠᠷᠭ᠎ᠠ ᠠᠪᠴᠠᠯ ᠭᠡᠷᠡᠭᠯᠡᠵᠤ᠂ ᠰᠤᠷᠭᠠᠭᠤᠯᠢ ᠶᠢᠨ ᠭᠠᠳᠠᠨᠠᠭᠢ ᠭᠦᠳᠡᠯᠭᠡᠭᠡᠨ ᠢ ᠢᠳᠠᠪᠭᠢᠳᠠᠢ ᠠᠰᠢᠭᠯᠠᠨ᠂ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠪᠣᠯᠪᠠᠰᠤᠷᠠᠯ ᠭᠢᠵᠤ ᠪᠣᠯᠤᠨ᠎ᠠ᠃

ᠳᠦᠷᠪᠠ᠂ ᠰᠤᠷᠭᠠᠨ ᠭᠦᠮᠦᠵᠢᠯ ᠤᠨ ᠠᠷᠭ᠎ᠠ ᠭᠡᠯᠪᠠᠷᠢ ᠳᠤ ᠪᠠᠨ 《ᠭᠤᠷᠪᠠ ᠶᠢ ᠣᠶᠠᠯᠳᠤᠭᠤᠯᠬᠤ》 ᠶ᠋ᠢ ᠡᠷᠭᠡᠪᠰᠢ ᠴᠢᠩᠭ᠎ᠠ ᠠᠳᠬᠤᠬᠤ ᠭᠡᠷᠡᠭ᠍ᠳᠡᠢ᠃

ᠭᠡᠷ᠂ ᠰᠤᠷᠭᠠᠭᠤᠯᠢ᠂ ᠨᠡᠢ᠌ᠭᠡᠮ ᠵᠡᠷᠭᠡ ᠭᠤᠷᠪᠠᠨ ᠳᠠᠯ᠎ᠠ ᠶᠢᠨ ᠰᠤᠷᠭᠠᠨ ᠭᠦᠮᠦᠵᠢᠯ ᠢ ᠬᠠᠷᠢᠯᠴᠠᠨ ᠣᠶᠠᠯᠳᠠᠭᠤᠯᠵᠤ᠂ ᠴᠢᠩᠭ᠎ᠠ ᠬᠠᠮᠵᠢᠯᠴᠠᠭᠤᠯᠬᠤ ᠪᠣᠯ ᠨᠢᠭᠡ ᠭᠦᠮᠤᠨ ᠤ ᠦᠰᠦᠨ ᠪᠣᠢ᠌ᠵᠠᠯᠳᠠ ᠶᠢᠨ ᠰᠤᠷᠭᠠᠨ ᠭᠦᠮᠦᠵᠢᠯ ᠤᠨ ᠪᠦᠭᠦᠢᠯᠡ ᠴᠤᠭᠴᠠ ᠪᠣᠯᠳᠠᠭ ᠳᠤᠯᠠ ᠡᠢ᠌ᠮᠦᠷᠭᠦ 《ᠭᠤᠷᠪᠠ ᠶᠢ ᠣᠶᠠᠯᠳᠤᠭᠤᠯᠬᠤ》 ᠰᠤᠷᠭᠠᠨ ᠭᠦᠮᠦᠵᠢᠯ ᠨᠢ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠤᠨ ᠦᠷ᠎ᠡ ᠠᠰᠢᠭᠳᠠᠢ ᠭᠦᠮᠦᠵᠢᠯ ᠤᠨ ᠣᠷᠢᠳᠠᠯ ᠨᠥᠭᠦᠴᠡᠯ ᠪᠠᠢ᠌ᠭ᠎ᠠ ᠶᠤᠮ᠃ ᠪᠣᠳᠠᠳᠤ ᠥᠢᠯᠡᠳᠦᠯᠭᠡ ᠭᠡᠷᠴᠢᠯᠡᠭ᠍ᠰᠡᠨ ᠨᠢ᠂ ᠳᠤᠰ 《ᠭᠤᠷᠪᠠ ᠶᠢ ᠣᠶᠠᠯᠳᠤᠭᠤᠯᠬᠤ》 ᠰᠤᠷᠭᠠᠨ ᠭᠦᠮᠦᠵᠢᠯ ᠨᠢ ᠨᠢᠭᠡᠳᠴᠦ ᠨᠢᠭᠳᠠᠷᠠᠵᠤ ᠴᠢᠳᠠᠯ ᠦᠭᠡᠶ ᠭᠡᠨ ᠠᠯᠢ ᠡᠴᠠ ᠪᠠᠨ ᠰᠠᠯᠬᠤ ᠪᠣᠶᠤ ᠪᠦᠷᠢᠮᠦᠰᠤᠨ ᠬᠠᠷᠢᠯᠴᠠᠨ ᠬᠠᠮᠵᠢᠯᠴᠠᠵᠤ ᠴᠢᠳᠠᠬᠤ ᠦᠭᠡᠶ ᠪᠣᠯᠤᠭᠰᠠᠭᠠᠷ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠳᠤ ᠬᠠᠷᠰᠢ ᠰᠠᠭᠠᠤᠨ ᠣᠴᠠᠷᠠᠬᠤ ᠪᠣᠶᠤ 《ᠳᠤᠨᠤᠯᠵᠢᠨ ᠵᠠᠮ》 ᠳᠡᠭᠡᠷ᠎ᠡ ᠡᠷᠭᠢᠴᠡᠵᠤ ᠬᠠᠯᠳᠤᠰᠭᠢᠪᠠᠯ ᠬᠠᠵᠠᠭᠠᠢ ᠪᠣᠷᠤᠭᠤ ᠵᠠᠮ ᠳᠤ ᠣᠷᠤᠵᠤ ᠮᠡᠳᠡᠭᠦ ᠠᠶᠤᠮᠰᠢᠭ ᠲᠡᠶ ᠳᠤᠯᠠ ᠦᠢ ᠲᠦᠮᠡᠨ ᠪᠠᠭᠰᠢ ᠠᠬᠠᠮᠠᠤᠨ ᠪᠠ ᠬᠠᠮᠢᠶ᠎ᠠ ᠪᠦᠭᠦᠢ ᠰᠤᠷᠭᠠᠨ ᠭᠦᠮᠦᠵᠢᠯ ᠤᠨ ᠠᠵᠢᠯᠳᠠᠤᠨ 《ᠭᠤᠷᠪᠠ ᠶᠢ ᠣᠶᠠᠯᠳᠤᠭᠤᠯᠬᠤ》 ᠰᠤᠷᠭᠠᠨ ᠭᠦᠮᠦᠵᠢᠯ ᠢ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠵᠡᠯ ᠰᠠᠨᠠᠭ᠎ᠠ᠂ ᠶᠤᠰᠤ ᠰᠤᠷᠳᠠᠬᠤᠨ ᠤ ᠭᠦᠮᠦᠵᠢᠯ ᠤᠨ ᠭᠤᠤᠯᠳᠠᠯᠭ᠎ᠠ ᠪᠣᠯᠭᠠᠨ ᠠᠳᠬᠤᠪᠠᠯ ᠵᠤᠭᠢᠨ᠎ᠡ᠃



ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠳᠡᠯᠡᠭᠡᠢ ᠬᠤᠳᠠ ᠶᠢᠨ ᠮᠤᠩᠭ᠋ᠤᠯ ᠰᠤᠷᠭᠠᠭᠤᠯᠢ ᠶᠢᠨ ᠪᠠᠭᠰᠢ

ᠵᠤᠬᠢᠶᠠᠭᠴᠢ᠄ ᠸ·ᠦᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3245
ᠴᠠᠭ᠄ 2011 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ