☆ ᠰᠠᠷᠠᠨ᠎ᠠ
ᠨᠠᠰᠤᠲᠠᠢ᠌ᠴᠤᠳ ᠪᠡᠶ᠎ᠡ ᠪᠠᠨ ᠰᠤᠪᠢᠯᠠᠬᠤ ᠳᠤ ᠪᠤᠷᠠᠮ ᠳᠤᠳᠠᠵᠤ ᠪᠤᠯᠬᠤ ᠦᠭᠡᠢ
ᠣᠯᠠᠩᠭᠢ ᠭᠦᠮᠦᠰ ᠪᠣᠷᠠᠮ ᠢ ᠰᠠᠷ᠎ᠠ ᠤᠨ ᠊ᠭ᠍ᠬᠢᠷ ᠨᠢ ᠳᠡᠭ᠍ᠰᠢ ᠦᠭᠡᠶ ᠪᠣᠶᠤ ᠰᠠᠶᠢ ᠭᠦᠩᠭᠡᠵᠢᠭ᠍ᠰᠡᠨ ᠡᠮᠡᠭ᠍ᠳᠡᠢ᠌ᠴᠦᠳ ᠢᠳᠠᠨ᠎ᠠ ᠭᠡᠵᠤ ᠥᠵᠡᠳᠡᠭ᠌᠃ ᠥᠨᠡ᠊ᠨᠳᠡᠭᠡᠨ ᠪᠣᠷᠠᠮ ᠨᠠᠰᠤᠳᠠᠢ᠌ᠴᠤᠳ ᠲᠤ ᠴᠤ ᠳᠤᠭᠢᠷᠠᠳᠠᠭ ᠶᠤᠮ᠂ ᠣᠠᠴᠠᠭᠠᠢ᠌ᠯᠠᠨ ᠪᠠᠶ᠎ᠠ ᠪᠠᠷᠤᠭᠳᠠᠢ ᠪᠣᠶᠤ ᠶᠡᠭᠡ ᠡᠪᠠᠦᠡᠴᠢᠯᠡᠭᠡᠤᠨ ᠰᠠᠶᠢᠬᠠᠨ ᠡᠳᠡᠭᠡᠷᠡᠭ᠍ᠰᠡᠨ ᠨᠠᠰᠤᠳᠠᠢ᠌ᠴᠤᠳ ᠲᠤ ᠳᠤᠭᠢᠷᠠᠨ᠎ᠠ᠃ ᠣᠴᠢᠷ ᠨᠢ ᠪᠣᠷᠠᠮ ᠨᠠᠷᠢᠯᠢᠭ ᠪᠣᠯᠪᠠᠰᠤᠷᠠᠭᠤᠯᠤᠭᠰᠠᠨ ᠪᠦᠳᠦᠭᠦᠯᠢᠭ᠌ ᠰᠢᠭᠢᠷ ᠪᠣᠯᠬᠤ ᠳᠤᠯᠠ ᠮᠠᠰᠢ ᠣᠯᠠᠨ ᠸᠢᠲ᠋ᠠᠮᠢᠨ ᠪᠣᠯᠤᠨ ᠡᠷᠦᠳᠡᠰᠤ ᠪᠣᠳᠠᠰ ᠢ ᠬᠠᠳᠠᠭᠠᠯᠠᠵᠤ ᠪᠠᠢ᠌ᠳᠠᠭ᠃ ᠨᠠᠰᠤᠳᠠᠢ᠌ᠴᠤᠳ ᠢᠡᠯᠭᠦᠤ ᠰᠢᠭ᠌ ᠪᠣᠷᠠᠮ ᠢᠳᠠᠪᠠᠯ ᠪᠠᠶ᠎ᠠ ᠪᠠᠨ ᠰᠤᠪᠢᠯᠠᠬᠤ ᠳᠤ ᠳᠤᠰᠠᠳᠠᠢ ᠪᠠᠢ᠌ᠳᠠᠭ᠃
ᠪᠣᠷᠠᠮ ᠢ ᠳᠠᠯᠠᠰᠳᠤ ᠮᠥᠭᠦᠯᠢᠭ᠌ ᠤᠨ ᠠᠳᠠᠯᠢ ᠪᠣᠰᠤ ᠶᠢ ᠦᠨᠳᠦᠰᠦᠯᠠᠵᠤ᠂ ᠪᠣᠷᠤ ᠣᠯᠠᠭᠠᠨ ᠥᠩᠭᠡ ᠲᠡᠶ ᠪᠣᠷᠠᠮ ᠪᠣᠯᠤᠨ ᠣᠯᠠᠭᠠᠨ ᠥᠩᠭᠡ ᠲᠡᠶ ᠪᠣᠷᠠᠮ ᠭᠡᠵᠤ ᠬᠤᠪᠢᠶᠠᠳᠠᠭ᠂ ᠨᠠᠷᠢᠯᠢᠭ ᠡᠳᠰᠢᠭᠦᠯᠦᠭ᠍ᠰᠡᠨ ᠦᠭᠡᠶ ᠳᠤᠯᠠ ᠪᠣᠷᠠᠮ ᠳᠤ ᠨᠢᠰᠢᠩᠭᠦ ᠶᠢᠨ ᠰᠢᠭᠦᠰᠤ ᠶᠢᠨ ᠪᠦᠭᠦ ᠪᠦᠷᠢᠯᠳᠦᠭᠦᠨ ᠢ ᠬᠠᠳᠠᠭᠠᠯᠵᠤ ᠪᠠᠢ᠌ᠳᠠᠭ᠂ ᠳᠠᠢ᠌ᠮᠤ ᠡᠴᠡ ᠪᠣᠷᠠᠮ ᠨᠢ ᠰᠢᠭᠢᠷ ᠤᠨ ᠴᠢᠳᠠᠮᠵᠢ ᠶᠢ ᠬᠠᠳᠠᠭᠠᠯᠠᠵᠤ ᠪᠠᠢ᠌ᠬᠤ ᠡᠴᠡ ᠭᠠᠳᠠᠨ᠎ᠠ ᠪᠠᠰᠠ ᠸᠢᠲ᠋ᠠᠮᠢᠨ ᠪᠣᠯᠤᠨ ᠪᠢᠴᠢᠯ ᠡᠯᠧᠮᠧᠨ᠋ᠲ ᠵᠢᠱᠢᠶᠠᠯᠠᠪᠠᠯ ᠳᠠᠮᠤᠷ᠂ ᠴᠠᠢ᠌ᠷ᠂ ᠮᠠᠭᠨᠠᠢ᠂ ᠡᡁᠷᠦᠮ ᠢ ᠠᠬᠤᠭᠤᠯᠵᠤ ᠪᠠᠢ᠌ᠬᠤ ᠪᠣᠯᠬᠤᠷ ᠰᠢᠮ᠎ᠠ ᠳᠡᠵᠢᠭᠡᠯ ᠤᠨ ᠪᠦᠷᠢᠯᠳᠦᠭᠦᠨ ᠨᠢ ᠴᠠᠭᠠᠨ ᠰᠢᠭᠢᠷ ᠡᠴᠡ ᠬᠤᠯᠠ ᠢᠯᠡᠭᠦᠤ ᠪᠠᠢ᠌ᠳᠠᠭ᠃ 100 ᠊ᠭ᠍ᠷᠡᠮ ᠤᠨ ᠪᠣᠷᠠᠮ ᠳᠤ 90 ᠮᠢᠯᠢᠭ᠍ᠷᠡᠮ ᠤᠨ ᠺᠠᠯᠼ᠂ 4 ᠮᠢᠯᠢᠭ᠍ᠷᠡᠮ ᠤᠨ ᠳᠠᠮᠤᠷ᠂ ᠪᠠᠰᠠ ᠪᠠᠭ᠎ᠠ ᠭᠡᠮᠵᠢᠶᠡᠨ ᠤ ᠸᠢᠲ᠋ᠠᠮᠢᠨ B2 ᠵᠢᠴᠢ ᠬᠤᠦ ᠯᠤᠤᠪᠠᠡᠭ᠌ ᠤᠨ ᠡᠳ᠋ ᠠᠬᠤᠭᠤᠯᠵᠤ ᠪᠠᠢ᠌ᠳᠠᠭ᠃
ᠶᠠᠫᠣᠨ ᠤ ᠰᠢᠡᠵᠢᠯᠡᠭᠦ ᠣᠬᠠᠭᠠᠨ ᠤ ᠰᠤᠳᠤᠯᠤᠭᠴᠢᠳ ᠪᠣᠷᠠᠮ ᠡᠴᠡ ᠪᠠᠰᠠ 《ᠪᠣᠷᠠᠮ ᠪᠠᠯ》 ᠭᠡᠮᠡᠭᠦ ᠣᠯᠠᠨ ᠰᠢᠭᠢᠷ ᠢ ᠢᠯᠭᠠᠷᠠᠭᠤᠯᠤᠨ ᠠᠪᠣᠪᠠ᠃ ᠳᠤᠷᠰᠢᠯᠳᠠ ᠳᠤ ᠭᠡᠷᠡᠴᠢᠯᠡᠭ᠍ᠰᠡᠨ ᠶᠢᠡᠷ᠂ ᠡᠭᠦᠨ ᠳᠤ ᠢᠰᠦᠯᠳᠦᠭᠦ ᠶᠢ ᠡᠰᠡᠷᠭᠦᠴᠡᠭᠦ ᠮᠠᠰᠢ ᠴᠢᠩᠭ᠋᠎ᠠ ᠣᠢ᠌ᠯᠠᠳᠤᠯ ᠲᠡᠶ ᠪᠠᠢ᠌ᠵᠤ᠂ ᠥᠳᠡᠯᠡᠭᠦ ᠶᠢ ᠰᠡᠷᠭᠡᠢ᠌ᠯᠡᠭᠦ ᠮᠡᠳᠡᠭ᠍ᠳᠡᠮ᠎ᠡ ᠣᠢ᠌ᠯᠠᠳᠤᠯ ᠲᠡᠶ ᠪᠠᠢ᠌ᠳᠠᠭ᠃ ᠭᠡᠢ ᠬᠤᠶᠠᠩ ᠢ ᠳᠠᠷᠤᠵᠤ ᠴᠢᠰᠤ ᠰᠠᠢ᠌ᠵᠢᠷᠠᠭᠤᠯᠬᠤ᠂ ᠳᠡᠯᠢᠭᠦᠤ ᠶᠢ ᠰᠠᠢ᠌ᠵᠢᠷᠠᠭᠤᠯᠵᠤ ᠬᠤᠳᠤᠭᠤᠳᠤ ᠶᠢ ᠳᠤᠯᠠᠭᠠᠴᠠᠭᠤᠯᠬᠤ ᠣᠢ᠌ᠯᠠᠳᠤᠯ ᠲᠡᠶ᠃ ᠨᠠᠰᠤᠳᠠᠢ᠌ᠴᠤᠳ ᠪᠢᠴᠢᠯ ᠡᠯᠧᠮᠧᠨ᠋ᠲ ᠪᠣᠯᠤᠨ ᠸᠢᠲ᠋ᠠᠮᠢᠨ ᠢ ᠢᠳᠡᠭᠦ ᠳᠠᠯ᠎ᠠ ᠪᠠᠷ ᠠᠯᠭᠤᠷ ᠶᠢᠡᠷ ᠪᠠᠭᠠᠰᠬᠤ ᠳᠤᠯᠠ ᠡᠡᠭ᠌ ᠤᠨ ᠦᠶ᠎ᠡ ᠳᠤ ᠬᠤᠭᠤᠯᠠ ᠪᠠᠷ ᠨᠥᠭᠦᠪᠦᠷᠢᠯᠡᠭᠦ ᠶᠢ ᠠᠩᠬᠠᠷᠴᠤ᠂ ᠰᠢᠨ᠎ᠠ ᠬᠠᠭᠤᠴᠢᠨ ᠤ ᠰᠤᠯᠢᠭᠳᠠᠯ ᠤᠨ ᠭᠡᠪ ᠤᠨ ᠴᠢᠳᠠᠮᠵᠢ ᠶᠢ ᠪᠠᠳᠤᠯᠠᠵᠤ᠂ ᠥᠳᠡᠯᠡᠭᠦ ᠶᠢ ᠣᠳᠠᠭᠠᠰᠢᠷᠠᠭᠤᠯᠵᠤ ᠪᠣᠯᠤᠨ᠎ᠠ᠃ ᠳᠠᠢ᠌ᠮᠤ ᠡᠴᠡ ᠳᠤᠰᠬᠠᠢ ᠮᠡᠷᠭᠡᠵᠢᠯᠳᠡᠨ ᠡᠴᠡ ᠨᠠᠰᠤᠳᠠᠢ᠌ᠴᠤᠳ ᠪᠣᠷᠠᠮ ᠢᠯᠡᠭᠦᠤ ᠢᠳᠠᠪᠠᠯ ᠪᠠᠶ᠎ᠠ ᠳᠤ ᠳᠤᠰᠠᠳᠠᠢ ᠪᠠᠢ᠌ᠬᠤ ᠶᠢ ᠰᠠᠨᠠᠭᠤᠯᠵᠤ ᠪᠠᠢ᠌ᠨ᠎ᠠ᠃
ᠥᠨᠡ᠊ᠨᠳᠡᠭᠡᠨ ᠪᠣᠷᠠᠮ ᠤᠨ ᠢᠳᠡᠭᠦ ᠠᠷᠭ᠎ᠠ ᠣᠯᠠᠨ ᠵᠣᠢ᠌ᠯ ᠤᠨ ᠪᠣᠢ᠃ ᠵᠢᠱᠢᠶᠠᠯᠠᠪᠠᠯ ᠮᠥᠩᠭᠦᠨ ᠳᠠᠯᠳᠠᠤ᠂ ᠰᠢᠷᠤᠨ ᠣᠠᠵᠢᠯᠠᠭ᠎ᠠ᠂ ᠴᠢᠪᠠᠭ᠎ᠠ ᠪᠣᠶᠤ ᠣᠯᠠᠭᠠᠨ ᠪᠣᠷᠴᠠᠭ ᠲᠡᠶ ᠬᠠᠮᠳᠤ ᠴᠢᠨᠠᠭᠠᠤᠨ ᠣᠤᠭᠤᠪᠠᠯ ᠰᠢᠭᠡᠭᠦ ᠳᠤ ᠳᠤᠰᠠᠳᠠᠢ ᠪᠠᠢ᠌ᠳᠠᠭ ᠯᠤᠤ ᠶᠢᠨ ᠨᠢᠳᠤ᠂ ᠭᠨ ᠶᠢᠨ ᠰᠢᠭᠦᠰᠤ ᠲᠡᠶ ᠬᠠᠮᠳᠤ ᠴᠢᠨᠠᠭᠠᠤᠨ ᠣᠤᠭᠤᠪᠠᠯ ᠪᠠᠶ᠎ᠠ ᠶᠢ ᠳᠠᠮᠢᠷᠵᠢᠭᠤᠯᠵᠤ ᠴᠢᠰᠤ ᠨᠥᠭᠦᠪᠦᠷᠢᠯᠡᠭᠦ ᠣᠢ᠌ᠯᠠᠳᠤᠯ ᠲᠡᠶ ᠪᠠᠢ᠌ᠳᠠᠭ᠂ ᠠᠮᠳᠠᠳᠤ ᠲᠦᠮᠦᠰᠦ᠂ ᠭᠨ ᠶᠢᠨ ᠰᠢᠭᠦᠰᠤ ᠲᠡᠶ ᠬᠠᠮᠳᠤ ᠴᠢᠨᠠᠭᠠᠤᠨ ᠣᠤᠭᠤᠪᠠᠯ ᠪᠠᠶ᠎ᠠ ᠳᠤ ᠳᠤᠰᠠᠳᠠᠢ ᠪᠠᠷ ᠦᠯᠦ ᠪᠠᠷᠠᠮ᠂ ᠪᠠᠰᠠ ᠨᠢᠭᠡᠨ ᠡᠳᠡᠭᠡᠤᠨ ᠰᠠᠢ᠌ᠬᠠᠨ ᠢᠳᠡᠭᠡᠨ ᠪᠣᠯᠳᠠᠭ᠃
ᠭᠡᠪᠠᠴᠤ᠂ ᠪᠣᠷᠠᠮ ᠨᠢ ᠪᠣᠢ ᠪᠦᠭᠦᠢ ᠭᠦᠮᠦᠰ ᠲᠤ ᠪᠦᠷ ᠳᠤᠭᠢᠷᠠᠬᠤ ᠪᠢᠰᠢ᠃ ᠪᠣᠷᠠᠮ ᠬᠠᠯᠠᠭᠤᠨ ᠴᠢᠨᠠᠷ ᠲᠡᠶ ᠳᠤᠯᠠ᠂ ᠬᠠᠷᠢᠨ ᠪᠠᠭᠡᠷᠡᠮᠡᠳᠡᠭᠡᠢ ᠭᠦᠮᠦᠰ ᠢᠳᠠᠪᠠᠯ ᠳᠤᠭᠢᠷᠠᠬᠤ ᠶᠤᠮ ᠪᠠᠢ᠌ᠨ᠎ᠠ᠃ ᠡᠭᠦᠨ ᠡᠴᠡ ᠭᠠᠳᠠᠨ᠎ᠠ ᠬᠤᠳᠤᠭᠤᠳᠤᠨ ᠭᠦᠴᠢᠯ ᠦᠨᠳᠦᠷ ᠭᠦᠮᠦᠰ᠂ ᠢᠯᠵᠢᠷᠠᠮᠠᠯ ᠴᠢᠨᠠᠷᠳᠠᠢ ᠬᠤᠳᠤᠭᠤᠳᠤᠨ ᠦᠷᠪᠢᠰᠦᠯ᠂ ᠬᠤᠳᠤᠭᠤᠳᠤᠨ ᠰᠢᠷᠬᠠᠯᠠᠭ᠎ᠠ ᠡᠴᠡ ᠪᠣᠯᠤᠭᠰᠠᠨ ᠬᠤᠳᠤᠭᠤᠳᠤ ᠡᠪᠠᠦᠡᠭᠦ᠂ ᠰᠢᠭᠢᠷ ᠰᠢᠵᠢᠩ ᠡᠪᠠᠦᠡᠴᠢᠳᠡᠨ ᠴᠦᠮ ᠪᠣᠷᠠᠮ ᠢᠳᠡᠭᠦ ᠳᠤ ᠳᠤᠭᠢᠷᠠᠬᠤ ᠦᠭᠡᠶ ᠶᠤᠮ ᠭᠡᠵᠤ ᠭᠢᠳᠠᠤᠨ ᠡᠮᠴᠢ ᠨᠡᠷ ᠦᠵᠡᠵᠤ ᠪᠣᠢ᠃
ᠪᠣᠷᠠᠮ ᠲᠡᠶ ᠢᠳᠡᠭᠡᠨ ᠶᠢᠡᠷ ᠪᠠᠶ᠎ᠠ ᠪᠠᠨ ᠵᠠᠰᠠᠬᠤ ᠬᠤᠶᠠᠷ ᠵᠣᠢ᠌ᠯ ᠤᠨ ᠳᠦᠭᠦᠮ ᠠᠷᠭ᠎ᠠ
1᠂ ᠴᠢᠪᠠᠭ᠎ᠠ ᠲᠡᠶ ᠨᠠᠷᠢᠮᠤ ᠶᠢᠨ ᠰᠢᠩᠭᠡᠨ ᠪᠣᠳᠠᠭ᠎ᠠ
ᠨᠠᠷᠢᠮᠤ ᠶᠢᠨ ᠰᠢᠩᠭᠡᠨ ᠪᠣᠳᠠᠭ᠎ᠠ ᠴᠢᠨᠠᠬᠤ ᠦᠶ᠎ᠡ ᠳᠤ ᠠᠷᠪᠠᠭᠠᠤᠨ ᠴᠢᠪᠠᠭ᠎ᠠ ᠭᠢᠨ᠎ᠠ᠃ ᠰᠢᠩᠭᠡᠨ ᠪᠣᠳᠠᠭ᠎ᠠ ᠪᠣᠯᠵᠤ ᠢᠳᠡᠭᠦ ᠦᠶ᠎ᠡ ᠳᠡᠭᠡᠨ ᠪᠣᠷᠠᠮ ᠭᠢᠨ᠎ᠠ᠃ ᠨᠠᠷᠢᠮᠤ ᠶᠢᠨ ᠰᠢᠩᠭᠡᠨ ᠪᠣᠳᠠᠭᠠᠨ ᠤ ᠳᠡᠭᠡᠷᠡᠭᠢ ᠳᠤᠰᠤᠷᠬᠤ ᠰᠦᠮᠤᠰᠤ ᠨᠢ ᠪᠢᠯᠢᠭ᠌ ᠳᠡᠵᠢᠭᠡᠵᠤ ᠪᠦᠭᠡᠷ᠎ᠡ ᠶᠢ ᠰᠠᠢ᠌ᠵᠢᠷᠠᠭᠤᠯᠤᠨ᠂ ᠴᠢᠪᠠᠭ᠎ᠠ᠂ ᠪᠣᠷᠠᠮ ᠨᠢ ᠴᠢᠰᠤ ᠨᠥᠭᠦᠪᠦᠷᠢᠯᠡᠵᠤ ᠴᠢᠰᠤ ᠰᠠᠢ᠌ᠵᠢᠷᠠᠭᠤᠯᠬᠤ ᠣᠢ᠌ᠯᠠᠳᠤᠯ ᠲᠡᠶ ᠳᠤᠯᠠ ᠴᠢᠷᠠᠢ ᠨᠢ ᠰᠢᠷᠠᠯᠠᠵᠤ᠂ ᠮᠠᠷᠳᠠᠮᠠᠳᠠᠭᠠᠢ ᠵᠡᠭᠦᠳᠤ ᠣᠯᠠᠰᠢᠷᠠᠨ ᠪᠠᠶ᠎ᠠ ᠮᠠᠭᠤᠵᠢᠷᠠᠭᠰᠠᠨ ᠨᠠᠰᠤᠳᠠᠢ᠌ᠴᠤᠳ ᠢᠳᠡᠭᠦ ᠳᠤ ᠰᠠᠢ᠌ᠨ ᠭᠡᠵᠤ ᠡᠷᠳᠡᠨ ᠤ ᠭᠦᠮᠦᠰ ᠥᠵᠡᠳᠡᠭ᠌᠃
2᠂ ᠪᠣᠷᠠᠮ ᠴᠢᠪᠠᠭ᠎ᠠ ᠲᠡᠶ ᠴᠠᠢ
ᠴᠢᠪᠠᠭ᠎ᠠ ᠪᠠᠨ ᠣᠰᠤᠨ ᠳᠤ ᠪᠣᠴᠠᠯᠭᠠᠵᠤ ᠪᠣᠷᠠᠮ ᠶᠢᠡᠨ ᠭᠢᠭᠡᠤᠨ᠂ ᠡᠨᠡ ᠣᠰᠤ ᠪᠠᠷ ᠬᠠᠷ᠎ᠠ ᠴᠠᠢ ᠴᠢ᠌ᠯᠠᠵᠤ (ᠡᠰᠡᠪᠠᠯ ᠨᠤᠭᠤᠭᠠᠨ ᠴᠠᠢ) ᠣᠤᠭᠤᠨ᠎ᠠ᠃ ᠣᠷᠳᠤ ᠬᠤᠭᠤᠴᠠᠭ᠎ᠠ ᠪᠠᠷ ᠡᠢ᠌ᠮᠤ ᠴᠠᠢ ᠣᠤᠭᠤᠪᠠᠯ᠂ ᠪᠠᠶ᠎ᠠ ᠶᠢ ᠴᠢᠭᠢᠷᠠᠭᠵᠢᠭᠤᠯᠵᠤ᠂ ᠴᠢᠰᠤ ᠨᠥᠭᠦᠪᠦᠷᠢᠯᠡᠨ᠂ ᠬᠤᠳᠤᠭᠤᠳᠤ ᠳᠡᠯᠢᠭᠦᠤ ᠶᠢ ᠰᠠᠢ᠌ᠵᠢᠷᠠᠭᠤᠯᠬᠤ ᠣᠢ᠌ᠯᠠᠳᠤᠯ ᠲᠡᠶ᠂ ᠣᠠᠴᠠᠭᠠᠢ᠌ᠯᠠᠨ ᠢᠳᠠᠷ ᠨᠠᠰᠤᠳᠠᠢ᠌ᠴᠤᠳ ᠤᠨ ᠣᠤᠭᠤᠬᠤ ᠳᠤ ᠳᠤᠭᠢᠷᠠᠳᠠᠭ᠃
ᠵᠤᠬᠢᠶᠠᠭᠴᠢ᠄ ᠰᠠᠷᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠡᠷᠡᠭᠦᠯ ᠡᠩᠬᠡᠳᠠᠷᠤᠮ᠄ 5561
ᠴᠠᠭ᠄ 2010 ᠤᠨ ᠤ 05 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ