☆ ᠪᠠᠭᠠᠷᠢᠨᠴᠢᠮᠡᠭ
ᠴᠢᠮᠢ᠋ᠢ ᠲᠦᠷᠭᠡᠨ ᠴᠢᠬᠢᠷᠠᠭᠵᠢᠭᠤᠯᠬᠤ 10 ᠠᠷᠭ᠎ᠠ
1. ᠡᠳᠦᠷ ᠪᠦᠷᠢ ᠰᠢᠮ᠎ᠠ ᠳᠡᠵᠢᠭᠡᠯ ᠲᠡᠶ ᠥᠷᠯᠦᠭᠡ ᠶᠢᠨ ᠬᠤᠭᠤᠯᠠ ᠢᠳᠠᠨ᠎ᠡ᠃ ᠢᠩᠭᠢᠭᠦ ᠨᠢ ᠣᠶᠤᠨ ᠰᠠᠤᠠᠭᠢᠴᠠ ᠶᠢ ᠰᠡᠷᠭᠦᠯᠡᠩ ᠪᠣᠯᠭᠠᠵᠤ᠂ ᠠᠵᠢᠯ ᠰᠤᠷᠤᠯᠭ᠎ᠠ ᠶᠢᠨ ᠦᠷ᠎ᠡ ᠪᠦᠳᠦᠮᠵᠢ ᠶᠢ ᠳᠡᠭᠡᠭ᠍ᠰᠢᠯᠡᠭᠦᠯᠤᠨ᠎ᠡ᠃
2. ᠡᠳᠦᠷ ᠪᠦᠷᠢ 5 ᠵᠣᠢ᠌ᠯ ᠤᠨ ᠨᠤᠭᠤᠭ᠎ᠠ ᠵᠢᠮᠢᠰ ᠢᠳᠠᠨ᠎ᠡ᠃ ᠣᠯᠠᠨ ᠵᠣᠢ᠌ᠯ ᠤᠨ ᠨᠤᠭᠤᠭ᠎ᠠ ᠵᠢᠮᠢᠰ ᠢᠳᠡᠭᠦ ᠨᠢ ᠭᠦᠮᠤᠨ ᠤ ᠪᠠᠶ᠎ᠠ ᠶᠢᠨ ᠡᠪᠠᠦᠡᠴᠢᠨ ᠡᠰᠡᠷᠭᠦᠴᠡᠭᠦ ᠴᠢᠳᠠᠪᠣᠷᠢ ᠶᠢ ᠨᠡᠮᠡᠭ᠍ᠳᠡᠭᠦᠯᠤᠨᠡ᠃
3. ᠡᠳᠦᠷ ᠪᠦᠷᠢ 30 ᠮᠢᠨᠦ᠋ᠲ᠋ ᠭᠦᠳᠡᠯᠭᠡᠭᠡᠨ ᠭᠢᠨ᠎ᠡ᠃ ᠡᠳᠦᠷ ᠪᠦᠷᠢ ᠳᠤᠭᠳᠠᠭᠰᠠᠨ ᠴᠠᠭ ᠲᠡᠶ ᠭᠦᠳᠡᠯᠭᠡᠭᠡᠨ ᠭᠢᠭᠦ ᠨᠢ ᠵᠢᠷᠦᠭᠡᠨ ᠳᠠᠮᠢᠷ ᠢ ᠰᠠᠢ᠌ᠵᠢᠷᠠᠭᠤᠯᠵᠤ᠂ ᠰᠢᠭᠢᠷ ᠰᠢᠵᠢᠩ ᠡᠪᠠᠦᠡᠴᠢᠨ᠂ ᠶᠠᠰᠤ ᠰᠢᠭᠤᠷᠠᠬᠤ ᠡᠪᠠᠦᠡᠴᠢᠨ ᠵᠡᠷᠭᠡ ᠶᠢ ᠰᠡᠷᠭᠡᠢ᠌ᠯᠡᠭᠦ ᠳᠤ ᠠᠰᠢᠭᠳᠠᠢ᠃
4. ᠮᠤᠳᠤ (ᠬᠤᠯᠤᠰᠤᠨ) ᠰᠢᠭᠢᠴᠢᠯᠡᠭᠦᠷ ᠵᠡᠷᠭᠡ ᠶᠢ ᠣᠷᠭᠢᠵᠤ ᠣᠳᠠᠰᠤ ᠪᠠᠷ ᠰᠢᠳᠤ ᠪᠠᠨ ᠰᠢᠭᠢᠴᠢᠯᠠᠨᠡ᠃ ᠡᠮᠨᠡᠯᠭᠡ ᠶᠢᠨ ᠰᠢᠡᠵᠢᠯᠭᠡᠨ ᠳᠤ ᠢᠯᠡᠷᠡᠭᠦᠯᠦᠭ᠍ᠰᠡᠨ ᠶᠢᠡᠷ᠂ ᠣᠳᠠᠰᠤ ᠪᠠᠷ ᠰᠢᠳᠤ ᠪᠠᠨ ᠰᠢᠭᠢᠴᠢᠯᠡᠭᠦ ᠨᠢ ᠰᠢᠳᠤ ᠬᠤᠷᠤᠬᠠᠢ᠌ᠳᠠᠬᠤ ᠲᠤᠬᠢᠶᠠᠯ ᠢ ᠪᠠᠭᠠᠰᠬᠠᠵᠤ᠂ ᠵᠢᠷᠦᠭᠡ ᠶᠢ ᠬᠠᠮᠠᠭᠠᠯᠠᠬᠤ ᠣᠢ᠌ᠯᠠᠳᠤᠯ ᠲᠡᠶ᠃
5. ᠡᠷᠦᠭᠡ ᠭᠡᠷ᠂ ᠠᠵᠢᠯᠯᠠᠬᠤ ᠭᠡᠷ ᠲᠡᠭᠡᠨ ᠬᠤᠸᠠᠷ ᠴᠡᠴᠡᠭ᠌ ᠣᠷᠭᠤᠭᠤᠯᠵᠤ᠂ ᠵᠢᠭᠠᠰᠤ ᠵᠢᠷᠭᠠᠬᠠᠢ ᠳᠡᠵᠢᠭᠡᠨ᠎ᠡ᠃ ᠢᠩᠭᠢᠭᠦ ᠨᠢ ᠭᠦᠮᠤᠨ ᠤ ᠣᠶᠤᠨ ᠰᠠᠨᠠᠭ᠎ᠠ ᠶᠢ ᠠᠮᠤᠷᠵᠢᠭᠤᠯᠬᠤ ᠳᠤ ᠳᠤᠰᠠᠳᠠᠢ᠃
6. ᠳᠠᠮᠠᠭᠢ ᠳᠠᠳᠠᠬᠤ ᠪᠠᠨ ᠵᠤᠭᠰᠤᠨ᠎ᠠ᠃ ᠳᠠᠮᠠᠭᠢᠨ ᠤ ᠳᠤᠳᠤᠷ᠎ᠠ 4000 ᠭᠠᠷᠤᠢ ᠵᠣᠢ᠌ᠯ ᠤᠨ ᠬᠤᠤᠷᠳᠤ ᠪᠣᠳᠠᠰ ᠠᠭᠤᠯᠵᠤ᠂ ᠣᠯᠠᠨ ᠵᠣᠢ᠌ᠯ ᠤᠨ ᠡᠪᠠᠦᠡᠴᠢᠨ ᠡᠮᠭᠡᠭ᠌ ᠢ ᠡᠭᠦᠰᠭᠡᠭᠦ ᠠᠶᠤᠯᠳᠠᠢ ᠪᠣᠯᠬᠤᠷ ᠳᠠᠮᠠᠭᠢ ᠳᠠᠳᠠᠬᠤ ᠪᠠᠨ ᠳᠦᠷᠭᠡᠨ ᠵᠤᠭᠰᠤᠬᠤ ᠭᠡᠷᠡᠭ᠍ᠳᠡᠢ᠃
7. ᠬᠤᠭᠤᠯᠠ ᠢᠳᠡᠭᠦ ᠦᠶᠡᠰ ᠳᠸᠯᠸᠢᠰ ᠥᠵᠡᠭᠦ ᠦᠭᠡᠶ ᠪᠣᠯ ᠰᠠᠢ᠌ᠨ᠃ ᠳᠸᠯᠸᠢᠰ ᠦᠵᠡᠵᠤ ᠪᠠᠢ᠌ᠭᠠᠤᠨ ᠬᠤᠭᠤᠯᠠ ᠢᠳᠡᠭᠦ ᠨᠢ ᠡᠷᠡᠭᠦᠯ ᠮᠠᠠᠳᠤ ᠳᠤ ᠠᠰᠢᠭ ᠦᠭᠡᠶ ᠪᠠᠢ᠌ᠳᠠᠭ᠃
8. ᠠᠵᠢᠯᠯᠠᠵᠤ ᠠᠮᠠᠷᠠᠬᠤ ᠪᠠᠨ ᠵᠤᠭᠢᠴᠠᠭᠤᠯᠬᠤ ᠭᠡᠷᠡᠭ᠍ᠳᠡᠢ᠃ ᠭᠡᠳᠦᠷᠭᠡᠢ ᠶᠠᠳᠠᠷᠠᠬᠤ ᠨᠢ ᠡᠷᠡᠭᠦᠯ ᠮᠠᠠᠳᠤ ᠶᠢ ᠬᠤᠭᠢᠷᠠᠭᠤᠯᠤᠨᠠ᠃
9. ᠭᠡᠳᠦᠢ ᠶᠠᠭᠠᠷᠠᠤ ᠪᠠᠢ᠌ᠭᠰᠠᠨ ᠴᠤ ᠡᠳᠦᠷ ᠪᠦᠷᠢ ᠭᠡᠷ ᠤᠨ ᠭᠦᠮᠦᠰ ᠲᠡᠶ ᠪᠠᠨ ᠨᠠᠢ᠌ᠯᠠᠵᠤ ᠭᠡᠯᠡᠯᠴᠡᠵᠤ ᠶᠠᠷᠢᠯᠴᠠᠵᠤ ᠵᠤᠭᠤᠭᠳᠠᠬᠤ ᠭᠡᠷᠡᠭ᠍ᠳᠡᠢ᠃ ᠢᠩᠭᠢᠭᠦ ᠨᠢ ᠠᠵᠢᠯ ᠤᠨ ᠳᠠᠷᠤᠭᠠᠰᠤ ᠶᠢ ᠭᠦᠩᠭᠡᠯᠡᠵᠤ᠂ ᠶᠠᠳᠠᠷᠠᠭ᠎ᠠ ᠶᠢ ᠳᠠᠢ᠌ᠯᠠᠬᠤ ᠳᠤ ᠳᠤᠰᠠᠳᠠᠢ ᠪᠠᠢ᠌ᠳᠠᠭ᠃
10. ᠰᠠᠢ᠌ᠳᠤᠷ ᠣᠠᠳᠠᠵᠤ ᠠᠮᠠᠷᠠᠬᠤ ᠭᠡᠷᠡᠭ᠍ᠳᠡᠢ᠃ ᠰᠠᠢ᠌ᠳᠤᠷ ᠣᠠᠳᠠᠵᠤ ᠠᠮᠠᠷᠠᠬᠤ ᠨᠢ ᠪᠠᠶ᠎ᠠ ᠮᠠᠬᠠᠪᠣᠤᠨ ᠶᠢᠡᠨ ᠳᠠᠭᠢᠨ 《ᠴᠡᠨᠡᠭᠯᠡᠵᠤ》 ᠪᠠᠢ᠌ᠭ᠎ᠠ ᠶᠠᠪᠣᠳᠠᠯ ᠪᠣᠯᠤᠨ᠎ᠠ᠃ ᠪᠠᠶ᠎ᠠ ᠶᠢᠨ ᠡᠷᠡᠭᠦᠯ ᠮᠠᠠᠳᠤ ᠶᠢ ᠪᠠᠳᠤᠯᠠᠬᠤ ᠴᠢᠬᠤᠯᠠ ᠨᠢᠭᠡ ᠨᠥᠭᠦᠴᠡᠯ ᠪᠣᠯᠤᠨ᠎ᠠ᠃
《ᠣᠯᠠᠭᠠᠠᠬᠠᠳᠠ ᠶᠢᠨ ᠡᠳᠦᠷ ᠤᠨ ᠰᠤᠨᠢᠨ》 ᠡᠴᠠ
ᠵᠤᠬᠢᠶᠠᠭᠴᠢ ᠶᠢᠨ ᠬᠠᠶᠢᠭ ᠄ ᠪᠠᠭᠠᠷᠢᠨ ᠪᠠᠷᠠᠭᠤᠨ ᠬᠤᠰᠢᠭᠤ
ᠵᠤᠬᠢᠶᠠᠭᠴᠢ᠄ ᠪᠠᠭᠠᠷᠢᠨᠴᠢᠮᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠡᠷᠡᠭᠦᠯ ᠡᠩᠬᠡᠳᠠᠷᠤᠮ᠄ 13661
ᠴᠠᠭ᠄ 2010 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ