☆ ᠲᠠᠩᠨᠤᠳ ᠬᠠᠢ᠌ᠬᠤ
ᠲᠡᠨᠡᠭ ᠬᠦᠮᠦᠨ ᠤ ᠡᠳᠦᠷ ᠤᠨ ᠲᠡᠮᠳᠡᠭᠯᠡᠯ
2012 ᠣᠨ ᠤ 9 ᠰᠠᠷ᠎ᠠ ᠶᠢᠨ 8 ᠊ᠤ ᠡᠳᠦᠷ
ᠪᠢ ᠦᠨᠦᠳᠤᠷ ᠭᠢᠷᠢ ᠳᠡᠩᠴᠡᠭ᠍ᠰᠡᠨ ᠳᠠᠰᠬᠠᠯ ᠶᠢᠡᠨ ᠥᠵᠡᠭᠡᠤᠨ ᠮᠠᠨᠠᠷᠠᠴᠢᠬᠠᠬᠤ ᠠᠯᠳᠠᠯ᠎ᠠ᠃
ᠮᠢᠨᠤ ᠰᠤᠷᠤᠯᠴᠠᠵᠤ ᠪᠠᠢ᠌ᠭ᠎ᠠ ᠭᠢᠴᠢᠶᠠᠯ ᠲᠦᠷᠦᠯ ᠪᠣᠯ ᠮᠤᠩᠭ᠋ᠤᠯ ᠭᠡᠯᠡ᠃ ᠨᠢᠳᠤᠨᠤᠨ ᠡᠴᠡ ᠡᠭᠢᠯᠡᠨ ᠪᠢ ᠪᠠᠭᠰᠢ ᠶᠢᠨ ᠥᠷᠭᠦᠯᠵᠢᠯᠡᠭ᠍ᠰᠡᠨ ᠰᠤᠷᠭᠠᠨ ᠭᠦᠮᠦᠵᠢᠯ ᠶᠢᠡᠨ ᠮᠤᠩᠭ᠋ᠤᠯ ᠭᠡᠯᠡ ᠪᠠᠷ ᠶᠢᠡᠨ ᠣᠯᠵᠤ ᠰᠤᠷᠤᠯᠴᠠᠬᠤ ᠪᠣᠯᠤᠭᠰᠠᠨ ᠳᠤ ᠪᠠᠨ ᠭᠡᠮᠵᠢᠶᠡᠯᠡᠰᠢ ᠦᠭᠡᠶ ᠪᠠᠶᠠᠷᠯᠠᠵᠤ᠂ ᠮᠠᠨ ᠤ ᠮᠤᠩᠭ᠋ᠤᠯ ᠪᠣᠯᠵᠤ ᠪᠠᠢ᠌ᠨ᠎ᠠ ᠭᠡᠵᠤ ᠭᠡᠳᠤᠨ ᠡᠳᠦᠷ ᠣᠮᠤᠭᠰᠢᠵᠤ ᠶᠠᠪᠣᠵᠠᠢ᠃ ᠳᠡᠭᠡᠭᠡᠤᠨ ᠯᠠ ᠳᠦᠡᠭᠯᠢᠶᠦᠤ ᠬᠤᠳᠠ ᠶᠢᠨ ᠵᠢᠭᠠᠬᠤ ᠶᠢ ᠰᠤᠳᠤᠯᠬᠤ ᠭᠠᠵᠠᠷ ᠤᠨ ᠪᠦᠷᠢᠡᠰᠡᠩ ᠪᠠᠭᠰᠢ ᠶᠢᠨ ᠭᠢᠴᠢᠶᠠᠯ ᠪᠠ ᠳᠠᠷᠬᠠᠨ ᠬᠤᠰᠢᠭᠤᠨ ᠤ ᠵᠢᠭᠠᠬᠤ ᠶᠢ ᠰᠤᠳᠤᠯᠬᠤ ᠭᠠᠵᠠᠷ ᠤᠨ ᠠᠮᠢᠨ ᠪᠠᠭᠰᠢ ᠶᠢᠨ ᠶᠢᠡᠨ ᠠᠮᠳᠠᠳᠠᠢ ᠰᠢᠮᠠᠳᠠᠢ ᠶᠠᠷᠢᠶ᠎ᠠ ᠶᠢ ᠠᠮᠳᠠᠷᠬᠠᠨ ᠰᠠᠢ᠌ᠬᠠᠨ ᠰᠤᠨᠤᠰᠤᠨ᠂ ᠣᠯᠠᠨ ᠠᠷᠪᠢᠨ ᠮᠡᠳᠡᠯᠭᠡ ᠰᠤᠷᠤᠭᠰᠠᠨ ᠪᠤᠯᠵᠤ᠂ ᠥᠵᠦᠭᠦᠷ ᠥᠭᠡᠢ ᠪᠠᠶᠠᠷᠯᠭᠠᠤᠨ᠂ ᠳᠠᠰᠬᠠᠯ ᠳᠠᠭᠠᠭᠠᠯᠭᠠᠪᠣᠷᠢ ᠭᠡᠳᠡᠭ᠌ ᠢ ᠴᠢᠨᠢ ᠰᠡᠢ᠌ᠡᠪᠢᠯᠢᠭ᠌ ᠤᠨ ᠪᠢᠴᠢᠮᠠᠯ ᠳᠢᠭ᠌ ᠶᠢᠡᠷ ᠠᠴᠤᠭ ᠰᠢᠯᠪᠢ ᠠᠯᠳᠠᠯ ᠦᠭᠡᠶ ᠨᠢᠭᠡ ᠨᠢᠭᠡ ᠦᠶ᠎ᠡ ᠪᠠᠷ ᠪᠢᠴᠢᠵᠤ ᠰᠠᠤᠠᠭᠢᠯ ᠳᠡᠨᠢᠭᠦᠨ᠂ ᠰᠠᠨᠠᠭ᠎ᠠ ᠳᠦᠭᠦᠷᠡᠩ ᠳᠤᠰᠢᠶᠠᠭᠠᠤᠨ᠂ ᠮᠤᠩᠭ᠋ᠤᠯ ᠮᠢᠨᠢ ᠪᠠᠢ᠌ᠭᠰᠠᠨ ᠭᠠᠵᠠᠷ ᠪᠢ ᠶᠠᠭᠤᠨ ᠡᠴᠡ ᠠᠶᠤᠬᠤ ᠪᠣᠢ ︕ ᠭᠡᠵᠤ ᠬᠠᠮᠳᠤ ᠠᠵᠢᠯᠯᠠᠭᠰᠠᠤᠨ ᠤᠨ ᠶᠢᠡᠨ ᠳᠤᠮᠳᠠ ᠪᠠᠨ ᠡᠷᠡᠭᠡᠢ ᠬᠤᠷᠤᠭᠤ ᠬᠠᠮᠠᠷ ᠲᠤ ᠭᠢᠵᠤ ᠶᠠᠪᠣᠯ᠎ᠠ᠃
ᠡᠨᠡ ᠦᠶ᠎ᠡ ᠳᠤ ᠣᠩᠰᠢᠭᠴᠢ ᠨᠥᠭᠦᠤᠨ ᠮᠠᠨᠢ ᠴᠤ ᠳᠡᠨᠡᠭ᠌ ᠨᠠᠳᠠ ᠲᠡᠶ ᠪᠠᠨ ᠵᠤᠯ ᠵᠢᠷᠭᠠᠯ ᠬᠤᠪᠢᠶᠠᠯᠴᠠᠨ ᠪᠠᠶᠠᠰᠬᠤ ᠪᠢᠵᠠ ︕
ᠭᠦᠭᠡᠷᠦᠭᠦᠢ ︕ ᠳᠠᠨᠠᠷ ᠮᠠᠨᠢ᠂ ᠳᠡᠨᠡᠭ᠌ ᠨᠠᠮᠠᠶ᠋ᠢ ᠡᠴᠡ ᠪᠠᠨ ᠵᠢᠷᠭᠠᠯ ᠣᠯᠵᠤ ᠬᠤᠪᠢᠶᠠᠯᠴᠠᠬᠤ ᠭᠡᠰᠡᠨ ᠰᠠᠨᠠᠭ᠎ᠠ ᠴᠢᠨᠢ ᠡᠷᠳᠡᠳᠡᠭ᠍ᠰᠡᠨ ᠪᠠᠢ᠌ᠬᠤ ᠦᠭᠡᠶ ᠦᠦ ︕
ᠭᠡᠳᠤᠨ ᠡᠳᠦᠷ ᠤᠨ ᠳᠠᠷᠠᠭ᠎ᠠ ᠰᠦᠯᠵᠢᠶᠠᠨ ᠳᠤ ᠪᠠᠨ ᠭᠠᠷᠤᠭᠠᠤᠨ ᠥᠵᠡᠭ᠍ᠰᠡᠨ ᠴᠢᠨᠢ ᠫᠦᠯᠡᠷᠡᠴᠢᠭᠡᠯᠡ᠃ ᠶᠠᠭᠠᠭᠢᠯ᠎ᠠ ᠭᠡᠵᠤ ᠰᠠᠨᠠᠨ᠎ᠠ ᠳᠠᠨᠠᠷ ᠮᠢᠨᠢ᠃ ᠪᠦᠷ 《ᠭᠢᠷᠢ ᠳᠡᠩᠴᠡᠭ᠍ᠰᠡᠨ ᠦᠭᠡᠶ》 (不合格)ᠣᠯᠤᠭᠠᠤᠨ ᠪᠠᠢ᠌ᠨ᠎ᠠ᠃ ᠪᠢ ᠳᠡᠷᠡᠭᠡᠨ ᠵᠠᠭᠤᠷ᠎ᠠ ᠪᠠᠭ᠎ᠠ ᠨᠢᠭᠤᠷ ᠣᠯᠠᠢ᠌ᠭᠰᠠᠨ ᠪᠣᠯᠪᠠᠴᠤ᠂ ᠳᠠᠮᠠᠢ ᠰᠠᠤᠠᠭᠢᠯ ᠵᠤᠪᠠᠭᠰᠠᠨ ᠦᠭᠡᠶ᠃ ᠳᠠᠰᠬᠠᠯ ᠪᠣᠷᠤᠭᠤᠳᠠᠬᠤ ᠪᠣᠯ ᠡᠩ ᠤᠨ ᠶᠠᠪᠣᠳᠠᠯ᠂ ᠳᠠᠭᠢᠭᠠᠤᠨ ᠭᠢᠪᠠᠯ ᠪᠣᠯᠴᠢᠬᠠᠬᠤ ᠶᠤᠮ ᠪᠢᠰᠢᠤ ︕ ᠭᠡᠤᠨ ᠳᠠᠰᠬᠠᠯ ᠤᠨ ᠡᠭᠡ ᠨᠤᠤᠷᠠᠭ ᠶᠢᠡᠨ ᠰᠦᠯᠵᠢᠶᠠᠨ ᠡᠴᠡ ᠨᠡᠭᠡᠭᠡᠤᠨ ᠳᠠᠭᠢᠭᠠᠤᠨ ᠶᠡᠭᠡ ᠭᠦᠴᠤ ᠣᠷᠤᠭᠤᠯᠤᠨ ᠵᠠᠰᠠᠯ᠎ᠠ᠃ ᠳᠠᠭᠢᠨ ᠳᠠᠪᠳᠠᠨ ᠣᠩᠰᠢᠵᠤ ᠦᠵᠡᠪᠠᠯ ᠳᠠᠮᠠᠢ ᠠᠰᠠᠭᠤᠳᠠᠯ ᠦᠭᠡᠶ ᠰᠢᠭ᠌᠃ ᠳᠡᠭᠡᠭᠡᠤᠨ ᠭᠤᠷᠪᠠᠨ ᠳᠠᠰᠬᠠᠯ ᠶᠢᠡᠨ ᠪᠦᠷ ᠨᠢᠭᠡ ᠣᠳᠠᠭ᠎ᠠ ᠰᠠᠢ᠌ᠬᠠᠨ ᠵᠠᠰᠠᠵᠤ᠂ ᠬᠣᠢ᠌ᠨ᠎ᠠ ᠬᠣᠢ᠌ᠨ᠎ᠠ ᠡᠴᠡ ᠨᠢ ᠳᠤᠰᠢᠶᠠᠭᠠᠤᠨ ᠣᠳᠤ ᠯᠠ ᠭᠢᠷᠢ ᠭᠦᠷᠭᠦ ᠦᠭᠡᠶ ᠶᠠᠭᠠᠭᠢᠬᠤ ᠪᠣᠢ ︕ ᠭᠡᠵᠤ ᠰᠠᠨᠠᠭ᠎ᠠ ᠠᠮᠤᠷ ᠰᠠᠭᠤᠯ᠎ᠠ᠃ ᠭᠡᠳᠡᠯ᠎ᠡ ᠭᠡᠳᠤᠨ ᠡᠳᠦᠷ ᠪᠣᠯᠤᠭᠠᠤᠨ ᠮᠠᠨ ᠤ ᠭᠤᠷᠪᠠᠭᠤᠯᠠ ᠪᠠᠨ ᠪᠠᠰᠠᠯᠠ 《ᠭᠢᠷᠢ ᠳᠡᠩᠴᠡᠭ᠍ᠰᠡᠨ ᠦᠭᠡᠶ》 (不合格)ᠪᠠᠨ ᠳᠡᠪᠠᠷᠢᠭᠡᠤᠨ ᠨᠠᠳᠠ ᠳᠤ ᠪᠠᠨ ᠪᠣᠴᠠᠭᠠᠤᠨ ᠢᠷᠠᠯ᠎ᠠ᠃ ᠡᠨᠡ ᠣᠳᠠᠭ᠎ᠠ ᠪᠢ ᠪᠠᠭ᠎ᠠ ᠠᠭᠤᠷᠯᠠᠯ᠎ᠠ᠃ ᠬᠠᠮᠳᠤ ᠠᠵᠢᠯᠯᠠᠭᠰᠠᠤᠨ ᠲᠤ ᠪᠠᠨ《ᠭᠢᠷᠢ ᠳᠡᠩᠴᠡᠭ᠍ᠰᠡᠨ ᠦᠭᠡᠶ》 ᠪᠠᠭᠰᠢ ᠭᠡᠵᠤ ᠭᠡᠯᠡᠭ᠍ᠳᠡᠭᠡᠤᠨ ᠵᠢᠭᠠᠬᠠᠨ ᠢᠴᠢᠯᠠ᠃ ᠳᠡᠭᠡᠭᠡᠤᠨ ᠪᠢ ᠴᠢᠨᠢ ᠶᠠᠭᠠᠭᠢᠭᠰᠠᠨ ᠶᠤᠮ︕ ᠭᠡᠤᠨ ᠳᠠᠰᠬᠠᠯ ᠶᠢᠡᠨ ᠡᠮᠦᠨ᠎ᠡ ᠪᠠᠨ ᠳᠡᠯᠭᠡᠭᠡᠤᠨ ᠮᠠᠯᠠᠷᠠᠵᠤ ᠪᠠᠬᠠᠨ ᠰᠠᠭᠤᠯ᠎ᠠ᠃ ᠡᠨᠡ ᠦᠶ᠎ᠡ ᠳᠤ ᠪᠠᠶ᠎ᠠ ᠳᠤ ᠪᠠᠨ ᠪᠠᠬᠠᠨ ᠢᠳᠡᠭᠡᠯ ᠠᠯᠳᠠᠬᠤ ᠰᠢᠭ ᠪᠣᠯᠤᠯ᠎ᠠ᠃ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠠᠯᠪᠣᠷᠢ ᠶᠢᠨ ᠶᠡᠷᠦᠩᠭᠡᠢ ᠠᠩᠭᠢ ᠡᠴᠡ ᠳᠡᠭᠦᠰᠦᠭ᠍ᠰᠡᠨ ᠭᠤᠴᠢᠭᠠᠤᠨ ᠵᠢᠯ ᠤᠨ ᠮᠤᠩᠭ᠋ᠤᠯ ᠭᠡᠯᠡ ᠪᠢᠴᠢᠭ᠌ ᠵᠢᠭᠠᠭᠰᠠᠨ ᠳᠡᠦᠭᠡ ᠲᠡᠶ ᠠᠬᠠᠮᠠᠤᠨ ᠪᠠᠭᠰᠢ ᠶᠢᠨ ᠨᠡᠷᠡᠯᠭᠡᠤ ᠰᠠᠤᠠᠭᠢᠯ ᠦᠨᠦᠳᠤᠷ ᠨᠢᠭᠡᠯᠡ ᠳᠤᠤᠷ᠎ᠠ ᠭᠦᠡᠳᠤ ᠨᠤᠴᠢᠳᠠᠢ ᠴᠤᠭᠢᠯᠳᠠ ᠳᠤ ᠣᠴᠠᠷᠠᠯ᠎ᠠ᠃
ᠭᠡᠪᠠᠴᠤ ᠪᠢ ᠰᠠᠤᠠᠭᠢᠯ ᠥᠭᠦᠭ᠍ᠰᠡᠨ ᠦᠭᠡᠶ᠃ ᠮᠤᠩᠭ᠋ᠤᠯ ᠭᠡᠯᠡ ᠳᠤ ᠪᠠᠨ ᠢᠳᠡᠭᠡᠯ ᠠᠯᠳᠠᠭᠰᠠᠨ ᠦᠭᠡᠶ᠃ ᠪᠣᠳᠤᠨ ᠪᠣᠳᠤᠭᠰᠠᠭᠠᠷ ᠰᠢᠯᠳᠠᠭᠠᠨ ᠶᠢ ᠨᠢ ᠡᠷᠢᠨ ᠣᠯᠤᠭᠠᠤᠨ ᠶᠡᠭᠡ ᠪᠠᠶᠠᠷᠯᠠᠵᠠᠢ᠃
ᠡᠨ ︕ ᠪᠢ ᠮᠠᠳᠠᠵᠠᠢ᠃ ᠡᠨᠡ ᠳᠠᠰᠬᠠᠯ ᠴᠢᠨᠢ ᠰᠡᠢ᠌ᠡᠪᠢᠯᠢᠭ᠌ ᠳᠢᠭ᠌ ᠶᠢᠡᠷ ᠪᠢᠴᠢᠭᠦ ᠶᠤᠮ ᠪᠢᠰᠢ ᠬᠠᠷᠢᠨ ᠮᠥᠩᠭᠡ ᠭᠠᠯ ᠳᠢᠭ᠌ ᠶᠢᠡᠷ ᠪᠢᠴᠢᠵᠤ ᠳᠤᠰᠢᠶᠠᠪᠠᠯ ᠰᠠᠶᠢ ᠳᠠᠭᠠᠷᠠᠨ᠎ᠠ ᠭᠡᠵᠤ ᠮᠡᠳᠡᠮᠡᠭᠡᠢ᠌ᠷᠡᠭᠡᠤᠨ ᠬᠠᠮᠳᠤ ᠠᠵᠢᠯᠯᠠᠭᠰᠠᠤᠨ ᠲᠤ ᠪᠠᠨ ᠮᠡᠷᠭᠡᠯᠡᠵᠡᠢ᠃ ᠳᠡᠭᠡᠭᠡᠤᠨ ᠯᠠ ᠰᠡᠢ᠌ᠡᠪᠢᠯᠢᠭ᠌ ᠳᠢᠭ᠌ ᠶᠢᠡᠨ ᠮᠥᠩᠭᠡ ᠭᠠᠯ ᠳᠢᠭ᠌ ᠪᠣᠯᠭᠠᠨ ᠬᠤᠪᠢᠷᠠᠭᠤᠯᠤᠭᠠᠤᠨ ᠪᠠᠭᠰᠢ ᠳᠤ ᠪᠠᠨ ᠳᠤᠰᠢᠶᠠᠵᠤ ᠶᠡᠭᠡ ᠰᠠᠤᠠᠭᠢᠯ ᠳᠦᠭᠦᠷᠡᠩ ᠪᠣᠯᠤᠯ᠎ᠠ᠃
ᠪᠠᠰᠠᠯᠠ ᠭᠢᠷᠢ ᠳᠡᠩᠴᠡᠭ᠍ᠰᠡᠨ ᠦᠭᠡᠶ᠃
ᠣᠳᠤ ᠪᠢ ᠠᠭᠤᠷᠯᠠᠭᠰᠠᠨ ᠦᠭᠡᠶ᠃
ᠨᠠᠩ ᠢᠴᠢᠭ᠍ᠰᠡᠨ ᠦᠭᠡᠶ᠃ ᠬᠠᠷᠢᠨ ᠭᠢᠯᠢᠩᠨᠡᠭᠡᠤᠨ ᠪᠠᠭᠰᠢ ᠳᠤ ᠪᠠᠨ ᠭᠤᠮᠤᠳᠠᠵᠤ ᠠᠪᠣᠯ᠎ᠠ᠃ ᠳᠡᠭᠡᠭᠡᠤᠨ ᠪᠢ ᠴᠢᠨᠢ ᠠᠷᠭ᠎ᠠ ᠦᠭᠡᠶ ᠬᠠᠮᠳᠤ ᠠᠵᠢᠯᠯᠠᠭᠰᠠᠤᠨ ᠤᠨ ᠶᠢᠡᠨ ᠥᠭᠡᠨ ᠳᠤ ᠣᠷᠤᠵᠤ ᠭᠢᠳᠠᠤᠨ ᠰᠦᠯᠵᠢᠶᠠᠨ ᠳᠡᠭᠡᠷ᠎ᠡ ᠡᠴᠡ ᠳᠠᠰᠬᠠᠯ ᠤᠨ ᠠᠭᠤᠯᠭ᠎ᠠ ᠪᠠᠨ 《ᠪᠠᠭᠤᠯᠭᠠᠬᠤ》 (复制) 《ᠨᠠᠭᠠᠬᠤ》 (粘贴)ᠠᠯᠬᠤᠮ ᠶᠢᠡᠷ ᠭᠢᠳᠠᠤᠨ ᠤᠨ ᠳᠠᠰᠬᠠᠯ ᠢ ᠳᠠᠷᠠ ᠭᠡᠪ ᠶᠢᠡᠷ ᠨᠢ ᠬᠤᠯᠠᠭᠠᠢ᠌ᠯᠠᠭᠠᠤᠨ ᠢᠴᠢᠵᠤ ᠥᠭᠦᠭᠦ ᠠᠯᠳᠠᠯ᠎ᠠ᠃
ᠣᠰᠤᠯᠳᠤᠯᠠ ︕ ᠠᠪᠣ ᠡᠵᠢ ᠮᠢᠨᠢ ᠠᠭᠤᠴᠢᠯᠠᠭᠠᠷᠠᠢ ︕
ᠠᠷᠪᠠᠭᠠᠤᠨ ᠨᠠᠰᠤᠳᠠᠢ ᠠᠷᠠᠤᠨ ᠤᠨ ᠰᠤᠷᠭᠠᠭᠤᠯᠢ ᠶᠢᠨ ᠠᠯᠳᠠᠨ ᠪᠣᠱᠤᠭ᠎ᠠ ᠶᠢ ᠠᠯᠬᠤᠭᠰᠠᠨ ᠡᠴᠡ ᠨᠠᠰᠢ ᠡᠨ ᠡ ᠡᠢ ᠪᠠᠷ ᠶᠢᠡᠨ ᠡᠷᠳᠡᠮ ᠤᠨ ᠳᠡᠭᠡᠵᠢ ᠪᠣᠯᠭᠠᠵᠤ ᠶᠠᠪᠣᠭᠠᠤᠨ ᠶᠡᠭᠡ ᠰᠤᠷᠭᠠᠭᠤᠯᠢ ᠳᠡᠭᠦᠰᠳᠡᠯ᠎ᠡ ᠪᠣᠰᠤᠳ ᠤᠨ ᠳᠠᠰᠬᠠᠯ ᠢ ᠬᠠᠭᠤᠯᠠᠯᠠ ᠭᠡᠵᠤ ᠨᠢᠭᠡ ᠣᠳᠠᠭ᠎ᠠ ᠪᠠᠰᠠ ᠳᠠᠨᠠᠷ ᠶᠢᠡᠨ ᠠᠭᠤᠷᠯᠠᠭᠤᠯᠤᠭᠰᠠᠨ ᠦᠭᠡᠶ ᠪᠢᠯᠠ ︕ ᠦᠨᠦᠳᠤᠷ ᠳᠠᠪᠢ ᠭᠦᠷᠦᠭ᠍ᠰᠡᠨ ᠭᠦᠤ ᠴᠢᠨᠢ ᠪᠢ ᠨᠠᠶᠠ ᠭᠠᠷᠤᠭᠰᠠᠨ ᠳᠠ ᠬᠤᠶᠠᠷ ᠶᠢᠨ ᠶᠢᠡᠨ ᠡᠮᠦᠨ᠎ᠡ ᠲᠦᠪ ᠵᠤᠭᠰᠤᠵᠤ ᠣᠰᠤᠯ ᠭᠦᠯᠢᠶᠡᠨ᠎ᠡ᠃
ᠠᠭᠤᠴᠢᠯᠠᠭᠠᠷᠠᠢ ︕ ᠠᠪᠣ ᠡᠵᠢ ᠮᠢᠨᠢ᠃
ᠦᠨᠦᠳᠤᠷ ᠪᠢ ᠳᠤᠯᠤᠭᠠᠢ ᠪᠦᠭᠦᠢᠭᠦ ᠦᠭᠡᠶ ᠪᠠᠢ᠌ᠬᠤ ᠶᠢᠨ ᠠᠷᠭ᠎ᠠ ᠦᠭᠡᠶ ᠰᠢᠤ ︕ ᠭᠡᠷᠪᠡ ᠪᠢ ᠮᠤᠩᠭ᠋ᠤᠯ ᠶᠢᠡᠷ ᠶᠢᠡᠨ ᠭᠦᠮᠤᠨ ᠢ ᠠᠶᠤᠯᠭᠠᠬᠤ ᠭᠡᠤᠨ ᠳᠠᠰᠬᠠᠯ ᠶᠢᠡᠨ ᠭᠢᠷᠢ ᠭᠦᠷᠭᠦ ᠦᠭᠡᠶ ᠪᠣᠯ ᠳᠤᠰᠢᠶᠠᠯ ᠤᠨ ᠴᠤᠯᠠ ᠦᠰᠴᠦ ᠳᠡᠢ᠌ᠯᠭᠦ ᠦᠭᠡᠶ᠃ ᠴᠠᠯᠢᠩ ᠭᠦᠯᠦᠰᠤ ᠦᠰᠴᠦ ᠳᠡᠢ᠌ᠯᠭᠦ ᠦᠭᠡᠶ᠃ ᠠᠮᠢᠳᠤᠷᠠᠯ ᠭᠦᠴᠢᠷᠳᠡᠢ ᠪᠣᠯᠤᠨ᠎ᠠ ᠰᠢᠤ ︕
ᠶᠠᠮᠠᠷ ᠠᠷᠭ᠎ᠠ ᠪᠠᠢ᠌ᠬᠤ ᠪᠣᠢ ︕ ᠮᠤᠩᠭ᠋ᠤᠯ ᠭᠡᠯᠡᠨ ᠤ ᠳᠠᠰᠬᠠᠯ ᠢ ᠭᠢᠳᠠᠤᠨ ᠶᠢᠡᠷ ᠭᠢᠭᠦ ᠡᠷᠳᠡᠮ ᠨᠠᠳᠠ ᠳᠤ ᠪᠠᠢ᠌ᠬᠤ ᠦᠭᠡᠶ ᠶᠤᠮ ᠴᠢᠨᠢ ᠵᠥᠪᠭᠡᠨ ᠨᠢᠭᠤᠷ ᠶᠢᠡᠨ ᠪᠦᠳᠡᠭᠡᠵᠤ᠂ ᠰᠥᠯᠵᠢᠶᠡᠨ ᠳᠡᠭᠡᠷ᠎ᠡ ᠡᠴᠡ ᠭᠢᠳᠠᠤᠨ ᠨᠢᠭᠡ ᠶᠠᠭᠤᠮ᠎ᠠ ᠶᠢ ᠪᠠᠭᠤᠯᠭᠠᠭᠠᠤᠨ ᠪᠠᠭᠰᠢ ᠳᠤ ᠪᠠᠨ ᠳᠤᠰᠢᠶᠠᠵᠤ 《ᠨᠠᠯᠢᠶᠠᠤᠨ ᠰᠠᠢ᠌ᠨ》 (良好)ᠣᠯᠵᠠᠢ᠃
ᠡᠨᠡ ᠵᠢᠯ ᠤᠨ ᠮᠤᠩᠭ᠋ᠤᠯ ᠭᠡᠯᠡᠨ ᠤ ᠪᠠᠭᠰᠢᠨᠠᠷ ᠤᠨ ᠥᠷᠭᠦᠯᠵᠢᠯᠡᠭ᠍ᠰᠡᠨ ᠰᠤᠷᠭᠠᠨ ᠭᠦᠮᠦᠵᠢᠯ ᠨᠢ᠋ᠮᠠᠳᠤᠭᠠᠷ ᠰᠠᠷ᠎ᠠ ᠡᠴᠡ ᠡᠭᠢᠯᠡᠵᠡᠢ᠃ ᠮᠠᠨ ᠤ ᠪᠠᠭ᠎ᠠ ᠰᠤᠷᠭᠠᠭᠤᠯᠢ ᠶᠢᠨ ᠨᠢᠭᠡᠨ ᠵᠢᠷᠠ ᠭᠦᠷᠭᠦ ᠭᠡᠵᠤ ᠪᠠᠢ᠌ᠭ᠎ᠠ ᠠᠬᠠᠮᠠᠤᠨ ᠪᠠᠭᠰᠢ ᠳᠠᠰᠬᠠᠯ ᠢ ᠭᠢᠭᠡᠤᠨ ᠦᠭᠭᠦ ᠦᠦ ᠭᠡᠵᠤ ᠨᠠᠳᠠ ᠳᠤ ᠭᠡᠯᠡᠵᠡᠢ᠃ ᠣᠳᠠᠯ ᠦᠭᠡᠶ ᠨᠠᠰᠤᠨ ᠤ ᠠᠮᠠᠷᠠᠯᠳᠠ ᠪᠠᠨ ᠠᠪᠬᠤ ᠭᠡᠵᠤ ᠪᠠᠢ᠌ᠭ᠎ᠠ ᠠᠬᠠᠮᠠᠤᠨ ᠪᠠᠭᠰᠢ ᠪᠠᠰᠠ ᠶᠠᠭᠤᠨᠠᠢ ᠳᠠᠰᠬᠠᠯ ᠮᠠᠰᠬᠠᠯ ᠭᠡᠤᠨ ᠪᠠᠢ᠌ᠬᠤ ᠪᠣᠢ ᠭᠡᠵᠤ ᠪᠣᠳᠤᠭᠠᠤᠨ ᠪᠢ ᠭᠦᠯᠢᠶᠡᠨ ᠠᠪᠣᠯ᠎ᠠ᠃
ᠳᠡᠭᠡᠭᠡᠤᠨ 《ᠰᠢᠯᠭᠠᠯᠳᠠ ᠪᠠᠷ ᠭᠡᠷᠭᠢᠨ ᠰᠤᠷᠤᠭᠴᠢᠳ ᠤᠨ ᠰᠤᠷᠤᠯᠴᠠᠬᠤ ᠣᠷᠮ᠎ᠠ ᠶᠢ ᠭᠦᠭ᠍ᠵᠢᠭᠡᠭᠦ ᠳᠤᠬᠠᠢ》᠂ 《ᠰᠤᠷᠤᠭᠴᠢᠳ ᠤᠨ ᠣᠩᠰᠢᠬᠤ ᠪᠠ ᠵᠠᠳᠠᠯᠬᠤ ᠴᠢᠳᠠᠪᠣᠷᠢ ᠶᠢ ᠭᠡᠷᠭᠢᠨ ᠳᠡᠭᠡᠭ᠍ᠰᠢᠯᠡᠭᠦᠯᠭᠦ ᠳᠤᠬᠠᠢ》᠂ 《ᠪᠠᠭ᠎ᠠ ᠰᠤᠷᠭᠠᠭᠤᠯᠢ ᠶᠢᠨ ᠭᠡᠯᠡ ᠵᠦᠢ᠌ ᠶᠢᠨ ᠮᠡᠳᠡᠯᠭᠡ ᠶᠢ ᠵᠦᠪ ᠵᠢᠯᠤᠭᠤᠤᠠᠬᠤ ᠳᠤᠬᠠᠢ》 ᠭᠡᠭᠦ ᠭᠤᠷᠪᠠᠨ ᠳᠠᠰᠬᠠᠯ ᠢ ᠨᠢ ᠮᠠᠰᠢ ᠭᠦᠴᠤ ᠣᠷᠤᠭᠤᠯᠵᠤ ᠪᠠᠢ᠌ᠭᠠᠤᠨ ᠭᠢᠭᠡᠤᠨ ᠳᠤᠰᠢᠶᠠᠵᠠᠢ᠃ ᠭᠡᠳᠡᠯ᠎ᠡ ᠪᠦᠷ ᠭᠢᠷᠢ ᠭᠦᠷᠦᠭ᠍ᠰᠡᠨ ᠦᠭᠡᠶ᠃ ᠳᠡᠭᠡᠭᠡᠤᠨ ᠶᠠᠭᠠᠭᠢᠪᠠᠯ ᠶᠠᠭᠠᠭᠢᠭ ᠴᠠᠰᠢ ᠪᠠᠨ ᠭᠡᠤᠨ ᠪᠦᠷ ᠢ ᠭᠢᠳᠠᠤᠨ ᠰᠦᠯᠵᠢᠶᠠᠨ ᠡᠴᠡ ᠪᠠᠭᠤᠯᠭᠠᠵᠤ ᠨᠠᠭᠠᠭᠠᠤᠨ ᠶᠠᠪᠣᠭᠤᠯᠤᠭᠰᠠᠨ ᠴᠢᠨᠢ ᠪᠦᠷ ᠭᠢᠷᠢ ᠳᠡᠩᠴᠡᠴᠢᠭᠡᠵᠡᠢ᠃
ᠡᠷᠭᠢᠮ ᠭᠦᠡᠳᠦᠳᠤ ᠪᠠᠭᠰᠢ ᠮᠢᠨᠢ᠂ ᠮᠤᠩᠭ᠋ᠤᠯ ᠭᠡᠯᠡᠨ ᠤ ᠪᠣᠰᠤᠳ ᠳᠠᠰᠬᠠᠯ ᠢ ᠭᠢᠳᠠᠤᠨ ᠭᠡᠯᠡ ᠪᠠᠷ ᠭᠢᠭᠡᠤᠨ ᠭᠢᠷᠢ ᠳᠡᠩᠴᠡᠭᠦ ᠶᠢ ᠪᠢ ᠳᠠᠮᠠᠢ ᠠᠰᠠᠭᠤᠳᠠᠯ ᠪᠣᠯᠭᠠᠬᠤ ᠦᠭᠡᠶ᠃ ᠬᠠᠷᠢᠨ ᠮᠤᠩᠭ᠋ᠤᠯ ᠭᠡᠯᠡᠨ ᠤ ᠭᠡᠯᠡᠨ ᠵᠦᠢ᠌ ᠶᠢᠨ ᠳᠠᠰᠬᠠᠯ ᠢ ᠶᠠᠭᠠᠭᠢᠨ ᠭᠢᠳᠠᠤᠨ ᠭᠡᠯᠡ ᠪᠠᠷ ᠭᠢᠭᠦ ᠶᠢ ᠪᠢ ᠥᠨᠡᠭᠡᠷ ᠳᠠᠨ ᠡᠴᠡ ᠠᠰᠠᠭᠤᠬᠤ ᠦᠭᠡᠶ ᠪᠣᠯ ᠮᠡᠳᠡᠭᠦᠶ᠎ᠡ ᠪᠠᠷᠭᠡ᠃
ᠭᠦᠭᠡᠷᠦᠭᠦᠢ᠂ ᠮᠤᠩᠭ᠋ᠤᠯᠴᠤᠳ ᠮᠢᠨᠢ ︕
ᠭᠦᠭᠡᠷᠦᠭᠦᠢ᠂ ᠮᠤᠩᠭ᠋ᠤᠯ ᠭᠡᠯᠡ ᠮᠢᠨᠢ ︕
ᠦᠨᠦᠳᠤᠷ ᠪᠢ ᠮᠤᠩᠭ᠋ᠤᠯ ᠭᠡᠯᠡᠨ ᠤ ᠭᠡᠯᠡᠨ ᠵᠦᠢ᠌ ᠶᠢᠨ ᠳᠠᠰᠬᠠᠯ ᠶᠢᠡᠨ ᠭᠢᠳᠠᠤᠨ ᠶᠢᠡᠷ ᠭᠢᠭᠡᠤᠨ 《ᠭᠢᠷᠢ ᠳᠡᠩᠴᠡᠭ᠍ᠰᠡᠨ》 (合格)ᠣᠯᠤᠭᠰᠠᠨ ᠶᠢᠡᠨ ᠥᠵᠡᠭᠡᠤᠨ ᠮᠠᠨᠠᠷᠠᠭᠠᠤᠨ ᠣᠨᠠᠴᠢᠬᠠᠬᠤ ᠠᠯᠳᠠᠯ᠎ᠠ᠃
ᠵᠤᠬᠢᠶᠠᠭᠴᠢ ᠶᠢᠨ ᠬᠠᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ
ᠵᠤᠬᠢᠶᠠᠭᠴᠢ᠄ ᠲᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 71511
ᠴᠠᠭ᠄ 2012 ᠤᠨ ᠤ 09 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ