ᠨᠡᠪᠲᠡᠷᠡᠨ ᠤᠷᠤᠬᠤ
ᠴᠢᠮᠠᠳᠤ ᠬᠠᠢ᠌ᠷᠠᠳᠠᠢ ᠪᠢ ᠭᠡᠳᠡᠭ᠌ ᠥᠭᠡ ᠵᠢ

ᠴᠢᠮᠠᠳᠤ ᠬᠠᠢ᠌ᠷᠠᠳᠠᠢ ᠪᠢ ᠭᠡᠳᠡᠭ᠌ ᠥᠭᠡ ᠶᠢ

ᠵᠠᠮ ᠵᠦᠷᠢᠭᠦ ᠳᠡᠭᠡᠨ ᠳᠤᠸᠠᠯᠠᠭᠰᠠᠨ ᠨᠢᠳᠤ ᠴᠢᠨᠢ ᠶᠠᠷᠢᠪᠠ

ᠳᠤᠪᠴᠢ ᠪᠠᠨ ᠪᠣᠷᠤᠭᠤ ᠳᠤᠪᠴᠢᠯᠠᠴᠢᠬᠠᠭᠠᠤᠨ ᠶᠠᠪᠣᠬᠤ ᠳᠤ ᠮᠢᠨᠢ

ᠵᠤᠮᠠᠰ ᠭᠡᠵᠤ ᠱᠤᠭᠯᠠᠭᠰᠠᠨ ᠢᠨᠢᠶᠠᠳᠤ ᠴᠢᠨᠢ ᠶᠠᠷᠢᠪᠠ᠃


ᠴᠢᠮᠠᠳᠤ ᠬᠠᠢ᠌ᠷᠠᠳᠠᠢ ᠪᠢ ᠭᠡᠳᠡᠭ᠌ ᠥᠭᠡ ᠶᠢ

ᠴᠠᠰᠢ ᠪᠠᠨ ᠶᠠᠪᠣᠬᠤ ᠳᠠᠭᠠᠨ

ᠡᠷᠭᠢᠵᠤ ᠬᠠᠷᠠᠬᠤ ᠭᠡᠳ

ᠳᠠᠯᠤ ᠣᠷᠤᠭᠤ ᠪᠠᠨ ᠬᠠᠶᠠᠭᠰᠠᠨ

ᠭᠡᠵᠢᠭᠡ ᠴᠢᠨᠢ ᠶᠠᠷᠢᠪᠠ᠃

ᠪᠠᠢ᠌ᠷᠢ ᠳᠤ ᠮᠢᠨᠢ

ᠢᠷᠠᠨ᠎ᠠ ᠭᠡᠳ

ᠣᠷᠤᠵᠤ ᠴᠢᠳᠠᠯ ᠦᠭᠡᠶ

ᠳᠤᠤᠷ᠎ᠠ ᠪᠠᠨ ᠡᠷᠭᠢᠴᠢᠭᠡᠭ᠍ᠰᠡᠨ

ᠱᠠᠬᠠᠢ ᠶᠢᠨ ᠴᠢᠨᠢ ᠮᠦᠷ ᠶᠠᠷᠢᠪᠠ᠃


ᠴᠢᠮᠠᠳᠤ ᠬᠠᠢ᠌ᠷᠠᠳᠠᠢ ᠪᠢ ᠭᠡᠳᠡᠭ᠌ ᠥᠭᠡ ᠶᠢ

ᠣᠯᠢᠭ ᠦᠭᠡᠶ ᠵᠠᠯᠠᠭᠤᠰ ᠤᠨ

ᠭᠤᠬ᠎ᠠ ᠲᠡᠶ ᠥᠭᠡᠨ ᠳᠤ

ᠠᠭᠤᠷᠯᠠᠭᠰᠠᠨ ᠠᠭᠤᠷ ᠴᠢᠨᠢ ᠶᠠᠷᠢᠪᠠ᠃

ᠴᠢᠮᠠᠳᠤ ᠬᠠᠢ᠌ᠷᠠᠳᠠᠢ ᠪᠢ ᠭᠡᠳᠡᠭ᠌ ᠥᠭᠡ ᠶᠢ

ᠴᠢ ᠨᠠᠳᠠᠳᠤ ᠳᠠᠩᠴᠤ ᠣᠯᠠᠨ ᠶᠠᠷᠢᠯ᠎ᠠ

ᠳᠠᠩ ᠭᠠᠭᠴᠠ ᠴᠢ

ᠦᠪᠡᠷ ᠤᠨ ᠠᠮᠠ ᠪᠠᠷ ᠶᠢᠡᠨ ᠶᠠᠷᠢᠭ᠎ᠠ ᠦᠭᠡᠶ᠃


ᠵᠤᠬᠢᠶᠠᠭᠴᠢ ᠶᠢᠨ ᠬᠠᠶ‍ᠢᠭ᠄ ᠰᠢᠠᠵᠢᠠᠶᠠᠩ ᠪᠠᠶᠠᠠᠭᠤᠤᠯ

ᠵᠤᠬᠢᠶᠠᠭᠴᠢ᠄ ᠪᠠᠶᠠᠠᠳᠠᠯ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2691
ᠴᠠᠭ᠄ 2010 ᠤᠨ ᠤ 07 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ