ᠨᠡᠪᠲᠡᠷᠡᠨ ᠤᠷᠤᠬᠤ
ᠵᠢᠷᠦᠭᠡᠨ ᠳᠠᠮᠢᠷ

ᠰᠠᠨᠠᠭ᠎ᠠ ᠠᠯᠳᠠᠬᠤ ᠶᠢᠨ ᠳᠤᠭ᠎ᠠ ᠪᠠᠷ

ᠰᠡᠷᠢᠭ᠍ᠰᠡᠨ ᠵᠡᠭᠦᠳᠤ ᠰᠠᠮᠠᠷᠴᠤ ᠪᠠᠷᠠᠭᠳᠠᠪᠠ᠂

ᠪᠢ ᠣᠠᠳᠠᠭ᠎ᠠ ᠦᠭᠡᠶ ᠪᠠᠢ᠌ᠨ᠎ᠠ᠂


ᠵᠤᠪᠠᠯᠠᠩ ᠵᠢᠷᠭᠠᠯ ᠬᠤᠶᠠᠷ ᠢ ᠊᠊᠊᠊᠊᠊᠊᠊᠊᠊᠊᠊᠊᠊᠊ ᠪᠠᠰᠠ

ᠴᠢᠦᠡᠭᠦᠷ ᠪᠣᠷᠬᠠᠨ ᠬᠤᠶᠠᠷ ᠢ

ᠵᠤᠪᠠᠵᠤ ᠡᠭᠦᠷᠦᠭ᠍ᠰᠡᠭᠡᠷ

ᠵᠢᠷᠦᠭᠡ ᠮᠢᠨᠢ ᠴᠢᠯᠠᠵᠠᠢ᠂

ᠪᠢ ᠠᠮᠢᠳᠤ ᠪᠠᠢ᠌ᠨ᠎ᠠ᠂


ᠠᠯᠳᠠᠷᠠᠢ᠌ᠬᠠᠨ ᠵᠠᠯᠠᠭᠤ ᠡᠨᠡ ᠳᠠᠷᠠ

ᠠᠶᠠᠨ ᠵᠠᠮ ᠤᠨ ᠵᠢᠰᠤ ᠴᠢᠷᠠᠢ

ᠠᠶᠤᠳᠠᠰᠤ᠂ ᠪᠠᠶᠠᠷ ᠤᠨ

ᠠᠳᠬᠠᠭ ᠵᠤᠯᠢᠶᠠᠰᠤ ᠪᠣᠯᠬᠤ ᠨᠢ᠂

ᠠᠷᠭ᠎ᠠ ᠦᠭᠡᠶ ᠊᠊᠊᠊᠊᠊᠊᠊᠊᠊᠊᠊᠊᠊᠊

ᠠᠩᠬ᠎ᠠ ᠣᠳᠠᠭ᠎ᠠ ᠵᠢᠷᠦᠭᠡᠯᠡᠵᠤ

《ᠠᠮᠢᠳᠤᠷᠠᠪᠠ》  ︕


ᠠᠮᠢᠳᠤᠷᠠᠵᠤ ᠠᠮᠳᠠᠯᠠᠪᠠ

ᠠᠮᠳᠠ ᠨᠢ ᠠᠯᠠᠭ ᠪᠣᠷᠤ ᠊᠊᠊᠊᠊᠊᠊᠊᠊᠊᠊᠊᠊᠊᠊ ᠪᠠᠰᠠ

ᠦᠨᠡᠨ ᠬᠤᠳᠠᠯ᠂

ᠨᠢᠯᠪᠣᠰᠤ᠂ ᠢᠨᠢᠶᠠᠳᠤ ᠪᠠᠢ᠌ᠵᠠᠢ᠂

ᠣᠷᠭᠤᠵᠤ᠂ ᠣᠷᠭᠤᠭᠤᠯᠠᠵᠤ ᠣᠶᠠᠷᠠᠭᠰᠠᠨ

ᠪᠣᠳᠤᠯ ᠪᠣᠳᠤᠯ ᠤᠨ ᠬᠤᠷᠤᠮ ᠳ᠋ᠤ

ᠳᠤᠮᠤ ᠵᠢᠵᠢᠭ᠌ ᠪᠣᠯᠵᠤ

ᠴᠢᠦᠡᠭᠦᠷ ᠪᠣᠷᠬᠠᠨ ᠬᠤᠶᠠᠷ ᠪᠣᠯᠵᠤ

ᠬᠠᠷ᠎ᠠ ᠴᠠᠭᠠᠨ ᠥᠩᠭᠡ ᠪᠠᠷ ᠳᠤᠭᠯᠠᠪᠠ ︕

ᠴᠢ 《ᠠᠯᠳᠠᠭ᠎ᠠ》

ᠪᠢ 《ᠣᠨᠤᠭ᠎ᠠ》 ᠪᠠᠢ᠌ᠵᠠᠢ᠃


ᠴᠡᠩᠭᠡᠯ ᠪᠠᠶᠠᠰᠤᠯ ᠤᠨ ᠣᠷᠤᠨ ᠵᠢᠠᠷ

ᠴᠡᠩᠭᠡᠭᠦᠨ ᠡᠩᠭᠡᠵᠢᠭᠦᠨ ᠪᠠᠢ᠌ᠨ᠎ᠠ

ᠴᠢ ᠳᠠᠠᠳᠠ ᠣᠴᠢᠬᠤ ᠦᠦ ᠊᠊᠊᠊᠊᠊᠊᠊᠊᠊᠊᠊᠊᠊᠊ ᠵᠢᠷᠦᠭᠡ ᠮᠢᠨᠢ᠂

ᠴᠠᠯ ᠪᠣᠭᠤᠷᠤᠯ ᠬᠠᠨᠢ ᠳᠠᠢ

ᠴᠠᠰᠤᠨ ᠴᠠᠭᠠᠨ ᠬᠤᠷᠸ᠎ᠠ ᠪᠠᠢ᠌ᠨ᠎ᠠ

ᠣᠴᠢᠬᠤ ᠦᠦ᠂ ᠪᠣᠯᠢᠬᠤ ᠤᠤ

ᠣᠷᠤᠰᠢᠬᠤ ᠦᠦ᠂ ᠪᠠᠢ᠌ᠬᠤ ᠤᠤ

ᠠᠮᠢᠰᠬᠤᠬᠤ ᠦᠦ᠁   ᠊ᠤᠤ᠂

ᠭᠡᠷᠡᠯ ᠠᠰᠴᠠᠢ᠂ ᠪᠢ ᠰᠠᠷᠢᠪᠠ᠂

ᠭᠡᠭᠡᠷᠡᠵᠤ ᠰᠡᠷᠭᠦᠪᠡ ᠊᠊᠊᠊᠊᠊᠊᠊᠊᠊᠊᠊᠊᠊᠊

ᠪᠢ ᠡᠷᠭᠢᠵᠤ ᠢᠷᠡᠭ᠍ᠰᠡᠨ ᠪᠠᠢ᠌ᠨ᠎ᠠ︕


ᠣᠨ ᠣᠨ ᠤ ᠭᠦᠷᠳᠤᠨ ᠳᠤ

ᠰᠡᠭᠦᠭ᠍ᠰᠡᠨ ᠳᠡᠦᠭᠡ ᠰᠠᠮᠠᠷᠴᠤ ᠡᠯᠡᠭ᠍ᠳᠡᠪᠡ

ᠨᠢᠭᠦᠯ ᠪᠣᠶᠠᠨ ᠤ ᠠᠴᠢᠶ᠎ᠠ ᠵᠢ

ᠶᠠᠰᠤ ᠴᠢᠰᠤᠨ ᠤ ᠭᠡᠯᠭᠢᠶ᠎ᠡ ᠶᠢ

ᠵᠤᠪᠠᠵᠤ ᠡᠭᠦᠷᠦᠭ᠍ᠰᠡᠭᠡᠷ

《ᠵᠢᠷᠦᠭᠡ》  ᠮᠢᠨᠢ ᠴᠢᠯᠠᠵᠠᠢ᠂

ᠥ ᠊᠊᠊᠊᠊᠊᠊᠊᠊᠊᠊᠊᠊᠊᠊

ᠪᠢ ᠰᠡᠷᠢᠭᠡ ᠦᠭᠡᠶ ᠪᠠᠢ᠌ᠨ᠎ᠠ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ