☆ ᠴᠠᠭᠠᠨ ᠳᠤᠯᠤᠭᠠᠢ
ᠮᠢᠨᠤ ᠴᠠᠭᠠᠨ ᠳᠤᠯᠤᠭᠠᠢ
᠊᠊᠊᠊᠊᠊᠊᠊᠊᠊᠊᠊᠊᠊᠊ ᠳᠤᠰ ᠰᠢᠯᠦᠭ᠌ ᠢ ᠳᠡᠭᠡᠷ᠎ᠡ ᠵᠠᠭᠤᠨ ᠤ ᠰᠡᠭᠦᠯᠴᠢ ᠪᠠᠷ ᠪᠢᠴᠢᠭ᠍ᠰᠡᠨ ᠶᠤᠮ᠃ ᠳᠤᠬᠠᠢ ᠶᠢᠨ ᠦᠶ᠎ᠡ ᠳᠤ ᠮᠢᠨᠤ ᠳᠦᠷᠦᠭ᠍ᠰᠡᠨ ᠨᠤᠳᠤᠭ ᠴᠠᠭᠠᠠᠳᠤᠯᠤᠭᠠᠢ ᠰᠤᠮᠤᠨ ᠤ ᠪᠠᠨ ᠳᠤᠬᠠᠢ ᠣᠶᠠᠩᠭ᠋ᠠᠯᠠᠭᠰᠠᠨ ᠰᠢᠯᠦᠭ᠌ ᠪᠣᠯᠤᠨ᠎ᠠ᠃ ᠣᠳᠤ ᠰᠤᠮᠤ ᠶᠢ ᠬᠠᠰᠤᠵᠤ ᠨᠡᠢ᠌ᠯᠡᠭᠦᠯᠦᠭᠡᠳ ᠪᠠᠯᠭᠠᠰᠤ ᠪᠣᠯᠭᠠᠭᠰᠠᠨ ᠶᠢᠡᠷ ᠡᠨᠡ ᠨᠠᠷᠠ ᠵᠥᠪᠭᠡᠨ ᠨᠤᠳᠤᠭ ᠤᠨ ᠣᠪᠣᠭᠠᠨ ᠤ ᠨᠠᠷᠠ ᠳᠠᠳᠤᠢ ᠪᠣᠯᠵᠤ ᠬᠤᠴᠤᠷᠤᠭᠰᠠᠨ ᠡᠴᠠ ᠪᠢ ᠳᠡᠭᠦᠵᠤ ᠠᠪᠣᠭᠠᠤᠨ ᠰᠦᠯᠵᠢᠶᠠᠨ ᠤ ᠪᠠᠨ ᠪᠢᠴᠢᠭ᠌ ᠤᠨ ᠨᠠᠷᠠ ᠪᠠᠨ ᠪᠣᠯᠭᠠᠭᠰᠠᠨ᠃
ᠨᠢᠭᠡ
ᠴᠠᠭᠠᠨ ᠳᠤᠯᠤᠭᠠᠢ ᠊᠊᠊᠊᠊᠊᠊᠊᠊᠊᠊᠊᠊᠊᠊
ᠡᠨᠡ ᠬᠤᠷᠸ᠎ᠠ ᠳᠤ ᠢᠷᠡᠭᠦ ᠳ᠋ᠤ
ᠡᠯᠢᠭᠡᠨ ᠳᠡᠭᠡᠷ᠎ᠡ ᠪᠠᠨ ᠳᠤᠰᠤᠭᠰᠠᠨ
ᠮᠢᠨᠤ ᠳᠦᠷᠦᠭ᠍ᠰᠡᠨ ᠨᠤᠳᠤᠭ᠃
ᠴᠠᠭᠠᠨ ᠳᠤᠯᠤᠭᠠᠢ ᠊᠊᠊᠊᠊᠊᠊᠊᠊᠊᠊᠊᠊᠊᠊
ᠡᠭᠡ ᠭᠡᠯᠡᠨ ᠳᠤ ᠣᠷᠤᠬᠤ ᠳ᠋ᠤ
ᠡᠪᠯᠢᠭ᠌ ᠳᠦᠷᠭᠡᠨ ᠳᠠᠰᠬᠠᠭᠰᠠᠨ
ᠮᠤᠩᠭ᠋ᠤᠯ ᠠᠪᠢᠶᠠᠨ ᠤ ᠳᠦᠷᠦᠭᠦᠤ᠃
ᠴᠠᠭᠠᠨ ᠳᠤᠯᠤᠭᠠᠢ ᠊᠊᠊᠊᠊᠊᠊᠊᠊᠊᠊᠊᠊᠊᠊
ᠮᠥᠩᠭᠡ ᠳᠡᠭᠡᠳᠦᠰ ᠤᠨ ᠦᠶ᠎ᠡ ᠡᠴᠠ
ᠮᠦᠷᠭᠦᠵᠤ ᠰᠢᠳᠤᠨ ᠪᠢᠰᠢᠷᠡᠭ᠍ᠰᠡᠨ
ᠮᠢᠨᠤ ᠨᠤᠳᠤᠭ ᠤᠨ ᠣᠪᠣᠭ᠎ᠠ᠃
ᠴᠠᠭᠠᠨ ᠳᠤᠯᠤᠭᠠᠢ ᠊᠊᠊᠊᠊᠊᠊᠊᠊᠊᠊᠊᠊᠊᠊
ᠬᠤᠯᠠ ᠶᠠᠪᠣᠭᠰᠠᠨ ᠭᠦᠤ ᠪᠠᠨ
ᠬᠤᠷᠣᠢ᠌ᠯᠠᠨ ᠬᠤᠷᠣᠢ᠌ᠯᠠᠨ ᠳᠠᠭᠠᠳᠬᠠᠭᠰᠠᠨ
ᠬᠤᠨᠢᠨ ᠤ ᠴᠠᠭᠠᠨ ᠰᠦ᠋᠃
ᠬᠤᠶᠠᠷ
ᠬᠤᠯᠠ ᠶᠢᠨ ᠪᠠᠷ᠎ᠠ ᠪᠠᠨ ᠭᠠᠢ᠌ᠬᠠᠭᠤᠯᠤᠭᠰᠠᠨ
ᠬᠤᠷᠠᠬᠤ ᠶᠢᠨ ᠦᠨᠳᠦᠷ ᠰᠢᠳᠦᠭᠡᠨ ᠲᠡᠶ᠂
ᠬᠤᠷᠸ᠎ᠠ ᠶᠢᠨ ᠡᠯᠢᠭᠡᠨ ᠡᠴᠠ ᠣᠷᠭᠤᠭᠰᠠᠨ
ᠬᠤᠯᠪᠣᠭᠠᠯᠵᠢ ᠶᠢᠨ ᠪᠣᠮᠪᠣᠭᠤᠷ ᠭᠦᠭᠦ ᠲᠡᠶ᠃
ᠬᠠᠷᠭᠠᠨ᠎ᠠ ᠵᠡᠭᠡᠷᠭᠡᠨ᠎ᠡ ᠪᠠᠷ ᠴᠡᠯᠡᠭᠡᠷᠡᠭ᠍ᠰᠡᠨ
ᠬᠠᠷᠭᠢᠯ ᠪᠦᠷᠦᠭᠦᠳᠡᠭᠡ ᠶᠢᠨ ᠪᠠᠯᠴᠢᠭᠡᠷ ᠲᠡᠶ᠂
ᠬᠣᠢ᠌ᠨ᠎ᠠ ᠡᠮᠤᠨ᠎ᠡ ᠪᠠᠨ ᠬᠤᠯᠪᠣᠯᠳᠤᠭᠰᠠᠨ
ᠬᠠᠳᠠᠭᠤ ᠥᠨᠦᠭᠦᠴᠢ ᠶᠢᠨ ᠴᠠᠢ᠌ᠳᠠᠮ ᠲᠡᠶ᠂
ᠴᠡᠩᠭᠡᠷ ᠣᠨᠢᠶᠠᠷ ᠬᠠᠯᠭᠢᠯᠠᠭᠰᠠᠨ
ᠴᠢᠪᠠᠭᠠᠳᠤ ᠬᠠᠢ᠌ᠷᠬᠠᠨ ᠤ ᠪᠠᠷ᠎ᠠ ᠲᠡᠶ᠂
ᠴᠢᠠᠳᠠᠮᠤᠨᠢ ᠡᠷᠳᠡᠨᠢ ᠪᠢᠯᠬᠠᠭᠰᠠᠨ
ᠴᠡᠴᠡᠭ᠍ᠳᠤ ᠳᠠᠮᠠᠭᠠᠯᠠᠢ ᠶᠢᠨ ᠰᠦᠷᠦᠭ᠌ ᠲᠡᠶ᠃
ᠭᠤᠷᠪᠠ
ᠴᠠᠭᠠᠨ ᠳᠤᠯᠤᠭᠠᠢ ᠊᠊᠊᠊᠊᠊᠊᠊᠊᠊᠊᠊᠊᠊᠊
ᠭᠠᠵᠠᠷ ᠴᠠᠭᠠᠨ
ᠵᠠᠮ ᠴᠠᠭᠠᠨ
ᠨᠠᠷᠠ ᠨᠢ ᠴᠠᠭᠠᠨ
ᠣᠢ᠌ᠯᠠᠰ ᠨᠢ ᠴᠤ ᠴᠠᠭᠠᠨ᠃
ᠴᠠᠭᠠᠨ ᠳᠤᠯᠤᠭᠠᠢ ᠊᠊᠊᠊᠊᠊᠊᠊᠊᠊᠊᠊᠊᠊᠊
ᠭᠦᠮᠤᠨ ᠴᠠᠭᠠᠨ
ᠮᠠᠯ ᠴᠠᠭᠠᠨ
ᠰᠡᠳᠭᠢᠯ ᠨᠢ ᠴᠠᠭᠠᠨ
ᠠᠮᠢᠳᠤᠷᠠᠯ ᠨᠢ ᠴᠤ ᠴᠠᠭᠠᠨ᠃
ᠴᠠᠭᠠᠨ ᠳᠤᠯᠤᠭᠠᠢ ᠊᠊᠊᠊᠊᠊᠊᠊᠊᠊᠊᠊᠊᠊᠊
ᠨᠤᠳᠤᠭ ᠴᠠᠭᠠᠨ
ᠠᠷᠠᠤᠨ ᠴᠠᠭᠠᠨ
ᠬᠤᠳᠤᠭ ᠨᠢ ᠴᠠᠭᠠᠨ
ᠵᠠᠰᠠᠭ ᠨᠢ ᠴᠤ ᠴᠠᠭᠠᠨ᠃
ᠴᠠᠭᠠᠨ ᠳᠤᠯᠤᠭᠠᠢ ᠊᠊᠊᠊᠊᠊᠊᠊᠊᠊᠊᠊᠊᠊᠊
ᠦᠴᠦᠭᠡᠳᠦᠷ ᠴᠠᠭᠠᠨ
ᠦᠨᠦᠳᠤᠷ ᠴᠠᠭᠠᠨ
ᠮᠠᠷᠭᠠᠰᠢ ᠴᠤ ᠴᠠᠭᠠᠨ
ᠡᠭᠦᠷᠢᠳᠡ ᠴᠠᠭᠠᠨ᠃
ᠳᠦᠷᠪᠠ
ᠴᠠᠭᠠᠨ ᠳᠤᠯᠤᠭᠠᠢ ᠊᠊᠊᠊᠊᠊᠊᠊᠊᠊᠊᠊᠊᠊᠊
ᠮᠠᠯᠵᠢᠯ ᠶᠢᠡᠨ ᠵᠠᠮᠨᠠᠨ
ᠪᠠᠶᠠᠵᠢᠯ ᠣᠬᠠᠭᠠᠷᠠᠭᠰᠠᠨ
ᠣᠳᠤᠭ ᠤᠨ ᠳᠡᠷᠢᠭᠦᠨ ᠰᠤᠮᠤ᠃
ᠴᠠᠭᠠᠨ ᠳᠤᠯᠤᠭᠠᠢ ᠊᠊᠊᠊᠊᠊᠊᠊᠊᠊᠊᠊᠊᠊᠊
ᠲ᠋ᠠᠷᠢᠶᠠᠯᠠᠩ ᠡᠷᠭᠢᠯᠡᠵᠤ
ᠣᠰᠤᠯᠠᠯᠳᠠ ᠮᠠᠰᠢᠠᠴᠢᠯᠠᠭᠰᠠᠨ
ᠨᠤᠳᠤᠭ ᠤᠨ ᠳᠡᠷᠢᠭᠦᠨ ᠣᠷᠤᠨ᠃
ᠴᠠᠭᠠᠨ ᠳᠤᠯᠤᠭᠠᠢ ᠊᠊᠊᠊᠊᠊᠊᠊᠊᠊᠊᠊᠊᠊᠊
ᠮᠠᠩᠬ᠎ᠠ ᠪᠠᠨ ᠭᠦᠷᠢᠶᠡᠯᠡᠵᠤ
ᠵᠡᠭᠡᠷᠭᠡᠨ᠎ᠡ ᠳᠠᠷᠢᠭᠰᠠᠨ
ᠣᠳᠤᠭ ᠤᠨ ᠳᠡᠷᠢᠭᠦᠨ ᠰᠤᠮᠤ᠃
ᠴᠠᠭᠠᠨ ᠳᠤᠯᠤᠭᠠᠢ ᠊᠊᠊᠊᠊᠊᠊᠊᠊᠊᠊᠊᠊᠊᠊
ᠪᠦᠭᠦᠨ ᠡᠴᠠ ᠣᠷᠢᠳᠠᠵᠤ
ᠪᠣᠯᠳᠤ ᠳᠠᠭᠠᠨ ᠭᠠᠢ᠌ᠬᠠᠭᠳᠠᠭᠰᠠᠨ
ᠨᠤᠳᠤᠭ ᠤᠨ ᠳᠡᠷᠢᠭᠦᠨ ᠣᠷᠤᠨ᠃
ᠲ᠋ᠠᠪᠣ
ᠴᠠᠭᠠᠨ ᠳᠤᠯᠤᠭᠠᠢ ᠮᠢᠨᠢ
ᠪᠣᠴᠠᠯᠬᠤ ᠪᠠᠷ ᠶᠢᠡᠨ ᠳᠡᠪᠠᠷᠡᠳᠡᠭ᠌
ᠲ᠋ᠤᠭᠤᠭ᠎ᠠ ᠲᠡᠶ ᠱᠦᠯᠦ ᠪᠢᠰᠢ᠃
ᠣᠤᠭᠤᠬᠤ ᠪᠠᠷ ᠶᠢᠡᠨ ᠰᠤᠭᠳᠤᠳᠠᠭ
ᠲ᠋ᠤᠭᠰᠢᠨ ᠬᠠᠷ᠎ᠠ ᠪᠢᠰᠢ᠃
ᠴᠠᠭᠠᠨ ᠳᠤᠯᠤᠭᠠᠢ ᠮᠢᠨᠢ
ᠤᠢ᠌ᠴᠠᠬᠤ ᠪᠠᠷ ᠶᠢᠡᠨ ᠳᠤᠰᠳᠠᠭ
ᠣᠭᠢᠯᠠᠬᠤ ᠪᠠᠷ ᠶᠢᠡᠨ ᠠᠷᠭᠠᠳᠠᠳᠠᠭ
ᠣᠠᠳᠠᠬᠤ ᠪᠠᠷ ᠶᠢᠡᠨ ᠰᠡᠷᠢᠭᠡᠳᠡᠭ᠌
ᠡᠵᠢ ᠮᠢᠨᠢ ᠪᠢᠯᠠ᠃
ᠴᠠᠭᠠᠨ ᠳᠤᠯᠤᠭᠠᠢ ᠮᠢᠨᠢ
ᠵᠦᠷᠢᠭᠦᠳᠭᠦ ᠳᠤ ᠮᠢᠨᠢ ᠰᠢᠯᠤᠭᠤᠳᠬᠠᠳᠠᠭ
ᠪᠣᠷᠤᠭᠤᠳᠬᠤ ᠳᠤ ᠮᠢᠨᠢ ᠵᠥᠪᠰᠢᠭᠦᠯᠳᠡᠭ᠌
ᠰᠤᠯᠤᠭᠣᠢ᠌ᠤᠠᠬᠤ ᠳᠤ ᠮᠢᠨᠢ ᠵᠠᠩᠳᠤᠷᠳᠠᠭ
ᠡᠴᠢᠭᠡ ᠮᠢᠨᠢ ᠪᠢᠯᠠ ︕
ᠴᠠᠭᠠᠨ ᠳᠤᠯᠤᠭᠠᠢ ᠮᠢᠨᠢ
ᠰᠠᠯᠬᠤ ᠪᠠᠷ ᠶᠢᠡᠨ ᠳᠡᠭᠡᠵᠢᠯᠡᠳᠡᠭ᠌
ᠰᠠᠷᠬᠤᠤᠨ ᠤᠨ ᠰᠥᠩᠨᠡᠭᠡ ᠪᠢᠰᠢ᠂
ᠰᠠᠨᠠᠬᠤ ᠪᠠᠷ ᠶᠢᠡᠨ ᠭᠡᠩᠰᠢᠳᠡᠭ᠌
ᠣᠷᠳᠤᠰ ᠳᠠᠭᠤᠤ ᠮᠦᠨ᠃
ᠴᠠᠭᠠᠨ ᠳᠤᠯᠤᠭᠠᠢ ᠮᠢᠨᠢ
ᠰᠡᠳᠭᠢᠯ ᠤᠨ ᠵᠡᠭᠦᠳᠤᠨ ᠢᠷᠡᠳᠡᠭ᠌
ᠴᠠᠭᠠᠨ ᠮᠤᠷᠢᠳᠤ ᠪᠢᠰᠢ᠃
ᠰᠠᠮᠤᠷᠠᠬᠤ ᠪᠠᠷ ᠶᠢᠡᠨ ᠦᠷᠦᠮᠡᠳᠡᠳᠡᠭ᠌
ᠴᠠᠭᠠᠨ ᠢᠳᠡᠭᠡ ᠪᠢᠯᠠ ︕
ᠵᠤᠬᠢᠶᠠᠭᠴᠢ ᠶᠢᠨ ᠬᠠᠶᠢᠭ ᠄ ᠣᠷᠳᠤᠰ᠂ ᠡᠮᠦᠨᠡᠳᠤ ᠣᠳᠤᠭ
ᠵᠤᠬᠢᠶᠠᠭᠴᠢ᠄ ᠴᠠᠭᠠᠨ ᠳᠤᠯᠤᠭᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2011 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ