ᠨᠡᠪᠲᠡᠷᠡᠨ ᠤᠷᠤᠬᠤ
ᠨᠠᠷᠠ ᠡᠭᠦᠷᠦᠭ᠍ᠰᠡᠨ ᠰᠢᠪᠠᠭᠤ

ᠦᠨᠳᠦᠷ ᠦᠨᠳᠦᠷ ᠠᠭᠤᠯᠠᠨ ᠳᠡᠭᠡᠷ᠎ᠡ ᠭᠠᠷᠪᠠᠯ

ᠵᠢᠷᠤᠭ᠎ᠠ ᠮᠤᠷᠢ ᠪᠠᠨ ᠰᠠᠨᠠᠨ᠎ᠠ

ᠶᠠᠭᠠᠭᠢᠭᠠᠤᠨ ᠰᠠᠨᠠᠯ᠎ᠠ ᠭᠡᠪᠠᠯ

ᠵᠢᠷᠤᠭᠠᠯᠠᠵᠤ ᠶᠠᠪᠣᠭᠰᠠᠨ ᠶᠢᠡᠨ ᠰᠠᠨᠠᠯ᠎ᠠ᠃

ᠦᠨᠳᠦᠷ ᠦᠨᠳᠦᠷ ᠠᠭᠤᠯᠠᠨ ᠳᠡᠭᠡᠷ᠎ᠡ ᠭᠠᠷᠪᠠᠯ

ᠡᠵᠡᠨ ᠨᠤᠶᠠᠨ ᠶᠢᠡᠨ ᠰᠠᠨᠠᠨ᠎ᠠ

ᠶᠠᠭᠠᠭᠢᠭᠠᠤᠨ ᠰᠠᠨᠠᠯ᠎ᠠ ᠭᠡᠪᠠᠯ

ᠡᠵᠡᠯᠡᠵᠤ ᠪᠠᠢ᠌ᠭᠰᠠᠨ ᠶᠢᠡᠨ ᠰᠠᠨᠠᠯ᠎ᠠ᠃

᠊᠊᠊᠊᠊᠊᠊᠊᠊᠊᠊᠊᠊᠊᠊ ᠾᠸᠨᠠᠨ ᠠᠷᠠᠤᠨ ᠤᠨ ᠳᠠᠭᠤᠤ ᠡᠴᠡ


ᠭᠦᠢᠳᠡᠨ ᠰᠢᠭᠤᠷᠭᠠᠨ ᠳᠤ ᠭᠦᠯ ᠠᠯᠳᠠᠮᠠᠷ ᠦᠭᠡᠶ

ᠵᠢᠯ ᠤᠨ ᠠᠶᠠᠨ ᠳᠤ ᠵᠢᠭᠦᠷ ᠬᠤᠮᠢᠮᠠᠷ ᠦᠭᠡᠶ

ᠭᠦᠭᠡᠷᠦᠭᠦᠢ ᠡᠨᠡ ᠰᠢᠪᠠᠭᠤ

ᠭᠦᠭᠡ ᠮᠤᠩᠭ᠋ᠤᠯ ᠡᠴᠡ ᠢᠷᠠᠯᠳᠠᠢ

ᠵᠤᠨ ᠤ ᠪᠦᠭ᠍ᠴᠢᠮ ᠬᠠᠯᠠᠭᠤᠨ ᠳᠤ ᠴᠤ

ᠨᠤᠵᠤᠭᠤᠷᠠᠵᠤ ᠣᠠᠳᠠᠭ᠎ᠠ ᠦᠭᠡᠶ

ᠨᠠᠷᠠ ᠪᠠᠨ ᠡᠭᠦᠷᠦᠭ᠍ᠰᠡᠨ ᠡᠨᠡ ᠰᠢᠪᠠᠭᠤᠨ ᠳᠤ

ᠡᠷ᠎ᠡ ᠶᠢᠨ ᠬᠠᠳᠠᠭᠤ ᠵᠤᠷᠢᠭ ᠪᠣᠢ

ᠡᠭᠡ ᠶᠢᠨ ᠡᠨᠡᠷᠢᠩᠭᠦᠢ ᠵᠤᠷᠢᠭ ᠪᠣᠢ

ᠲᠦᠷᠦᠯᠭᠢ ᠶᠢᠨ ᠰᠠᠢ᠌ᠬᠠᠨ ᠳᠠᠭᠤ ᠪᠠᠷ

ᠳᠡᠭ᠍ᠷᠢ ᠶᠢᠨ ᠳᠠᠩᠨᠠᠢ ᠳᠤ ᠳᠤᠩᠭ᠋ᠤᠤᠠᠴᠤ

ᠳᠡᠭᠡᠳᠦᠰ ᠤᠨ ᠠᠷᠢᠭᠤᠨ ᠨᠤᠳᠤᠭ ᠶᠢᠡᠨ

ᠳᠠᠯᠪᠢᠵᠤ ᠣᠷᠭᠢᠭ᠎ᠠ ᠦᠭᠡᠶ

ᠨᠠᠷᠠ ᠪᠠᠨ ᠡᠭᠦᠷᠦᠭ᠍ᠰᠡᠨ ᠡᠨᠡ ᠰᠢᠪᠠᠭᠤ

ᠨᠠᠷᠠ ᠳᠠᠰᠢᠭᠰᠠᠨ ᠪᠠᠭᠤᠷᠢ ᠡᠴᠡ

ᠨᠢᠭᠡ ᠡᠳᠦᠷ ᠤᠨ ᠠᠶᠠᠨ ᠶᠢᠡᠨ ᠭᠦᠳᠦᠯᠦᠨ᠎ᠡ

ᠨᠠᠷᠭᠢᠵᠤ ᠴᠠᠯᠭᠢᠯᠠᠬᠤ ᠬᠤᠷᠸ᠎ᠠ ᠳᠤ

ᠨᠠᠢ᠌ᠷ ᠦᠭᠡᠶ ᠥᠨᠦᠴᠢᠷᠡᠭ᠍ᠰᠡᠨ ᠡᠨᠡ ᠰᠢᠪᠠᠭᠤ

ᠨᠢ᠋ᠮᠠᠨ ᠰᠢᠷᠭ᠎ᠠ ᠶᠢᠨ ᠳᠤᠭᠤᠰᠤ ᠶᠢ

ᠨᠠᠷᠠᠨ ᠤ ᠬᠠᠮᠳᠤ ᠡᠭᠦᠷᠦᠭ᠍ᠰᠡᠭᠡᠷ ᠡ᠃

ᠵᠤᠬᠢᠶᠠᠭᠴᠢ᠄ ᠯᠧ᠊·ᠮᠥᠩᠭᠡ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3092
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ