ᠨᠡᠪᠲᠡᠷᠡᠨ ᠤᠷᠤᠬᠤ
ᠬᠠᠯᠠᠭᠤᠨ ᠵᠢᠷᠭᠠᠯ

ᠳᠤᠷᠠᠰᠤᠯ ᠭᠦᠪᠦᠷᠡᠭᠦ ᠡᠳᠦᠷ ᠬᠤᠨᠤᠭ ᠤᠳ ᠵᠤᠵᠠᠭᠠᠷᠠᠨ᠎ᠠ

ᠳᠤᠷᠠᠯᠠᠯ ᠰᠢᠮᠡᠭ᠍ᠰᠡᠨ ᠳᠠᠷᠠ ᠨᠢᠭᠡ ᠰᠦᠨᠢ ᠯᠠ ᠥᠭᠡᠢ᠌ᠯᠡᠭ᠍ᠳᠡᠨ᠎ᠡ

ᠬᠠᠷᠠᠬᠤ ᠡᠴᠠ ᠭᠦᠭᠡᠷᠦᠭᠡᠢ᠌ᠯᠡᠮᠡᠷ ᠰᠠᠪᠬᠠᠨ ᠬᠤᠷᠤᠭᠤᠳ ᠴᠢᠨᠢ ᠬᠠᠷᠠᠩᠭ᠋ᠤᠢ ᠶᠢ ᠢᠴᠢᠭᠡᠨ᠎ᠡ

ᠬᠠᠭᠠᠨ ᠰᠥᠰᠦᠭ᠌ ᠴᠤ ᠡᠮᠤᠨ᠎ᠡ ᠴᠢᠨᠢ ᠰᠥᠭᠦᠷᠡᠮᠡᠷ ᠮᠠᠯᠮᠠᠢ ᠴᠢᠨᠢ ᠳᠤᠷᠮᠤᠯᠵᠠᠨ᠎ᠠ

ᠬᠠᠷᠢ ᠶᠢᠨ ᠰᠠᠯᠭᠢ ᠴᠤ ᠨᠠᠭᠠᠯᠳᠤᠵᠤ ᠦᠨᠦᠰᠤᠮᠠᠷ ᠬᠠᠴᠠᠷ ᠴᠢᠨᠢ ᠶᠠᠭᠠᠷᠠᠨ᠎ᠠ

ᠬᠠᠳᠤᠨ ᠭᠠᠯᠪᠢᠷ ᠴᠤ ᠡᠪᠦᠳᠦᠭ᠌ ᠨᠤᠭᠤᠷᠠᠮᠠᠷ ᠪᠠᠶ᠎ᠠ ᠴᠢᠨᠢ ᠭᠤᠩᠬᠠᠨ᠎ᠠ

ᠬᠠᠳᠠ ᠴᠢᠯᠠᠭᠤ ᠴᠤ ᠢᠴᠢᠵᠤ ᠬᠠᠭᠠᠷᠠᠮᠠᠷ ᠴᠢᠨᠠᠷ ᠪᠠᠳᠤ

ᠭᠢᠶᠠᠨ ᠮᠤᠩᠭ᠋ᠤᠯ ᠦᠬᠢᠳ ᠭᠡᠭ᠍ᠴᠢ ᠨᠢᠭᠡ ᠨᠢᠭᠡ ᠪᠠᠷ ᠶᠢᠡᠨ ᠪᠦᠷ ᠰᠤᠳᠤᠨ

ᠬᠠᠷᠠᠮᠨᠠᠮᠠᠷ ᠰᠠᠢ᠌ᠬᠠᠨ ᠮᠤᠩᠭ᠋ᠤᠯ ᠦᠬᠢᠳ ᠤᠨ ᠬᠠᠢ᠌ᠷ᠎ᠠ ᠶᠢ ᠭᠦᠰᠡᠭᠦ ᠭᠡᠭ᠍ᠴᠢ

ᠬᠤᠷᠸ᠎ᠠ ᠳᠤ ᠬᠤᠤᠰ ᠦᠭᠡᠶ ᠠᠮᠢᠳᠤᠷᠠᠯ ᠤᠨ ᠬᠠᠯᠠᠭᠤᠨ ᠵᠢᠷᠭᠠᠯ ᠶᠤᠮᠰᠠᠨ


ᠵᠤᠬᠢᠶᠠᠭᠴᠢ ᠶᠢᠨ ᠬᠠᠶ‍ᠢᠭ᠄ ᠵᠠᠷᠤᠳ

ᠵᠤᠬᠢᠶᠠᠭᠴᠢ᠄ ᠰᠠᠷᠠᠩᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 06 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ