ᠨᠡᠪᠲᠡᠷᠡᠨ ᠤᠷᠤᠬᠤ
ᠴᠢ ᠳᠠᠨᠢᠳᠠᠭ ᠦᠭᠡᠶ ᠴᠢᠨᠤ ᠠᠮᠠᠷᠠᠭ

ᠮᠢᠨᠤ ᠬᠠᠢ᠌ᠷᠠᠳᠠᠢ ᠴᠢ ᠮᠢᠨᠢ

ᠴᠢ ᠳᠠᠨᠢᠳᠠᠭ ᠦᠭᠡᠶ ᠴᠢᠨᠤ ᠠᠮᠠᠷᠠᠭ ᠴᠢᠨᠢ ᠪᠢ ᠪᠠᠢ᠌ᠨ᠎ᠠ

ᠬᠠᠢ᠌ᠷ᠎ᠠ ᠶᠢ ᠴᠢᠨᠢ ᠪᠢ ᠣᠯᠤᠭ᠎ᠠ ᠦᠭᠡᠶ ᠴᠤ

ᠴᠢᠨᠤ ᠳᠠᠨᠢᠳᠠᠭ ᠦᠭᠡᠶ ᠠᠮᠠᠷᠠᠭ ᠴᠢᠨᠢ ᠪᠣᠯᠤᠭᠰᠠᠨ ᠪᠠᠢ᠌ᠨ᠎ᠠ

ᠬᠠᠴᠠᠷ ᠢ ᠳᠠᠭᠠᠭᠰᠠᠨ ᠰᠡᠪᠠᠯᠭᠡ ᠶᠢ ᠮᠢᠨᠢ ᠢᠯᠪᠢᠳᠡᠭ᠌

ᠬᠠᠮᠠᠷ ᠢ ᠬᠠᠪᠴᠢᠭᠰᠠᠨ ᠨᠢᠯᠪᠣᠰᠤ ᠶᠢ ᠮᠢᠨᠢ ᠠᠷᠴᠢᠳᠠᠭ

ᠨᠢᠯᠪᠣᠰᠤᠨ ᠳᠤ ᠮᠢᠨᠢ ᠭᠠᠰᠢᠭᠤᠨ ᠠᠮᠳᠠᠭᠳᠠᠬᠤ ᠳ᠋ᠤ

ᠵᠢᠷᠦᠭᠡᠨ ᠳᠤ ᠴᠢᠨᠢ ᠴᠢᠰᠤ ᠳᠤᠰᠤᠯᠠᠳᠠᠭ

ᠨᠢᠭᠤᠷ ᠲᠤ ᠮᠢᠨᠢ ᠭᠤᠨᠢᠭ ᠬᠤᠷᠠᠬᠤ ᠳ᠋ᠤ

ᠨᠢᠳᠤᠨ ᠳᠤ ᠴᠢᠨᠢ ᠵᠠᠢ᠌ᠷ ᠭᠦᠶ‍ᠦᠳᠡᠭ᠌

ᠠᠮᠠᠷᠠᠭ ᠮᠢᠨᠢ ᠪᠣᠯᠬᠤ ᠶᠢ ᠭᠦᠰᠡᠳᠡᠭ᠌ ᠪᠠᠢ᠌ᠯ᠎ᠠ

ᠭᠠᠭᠴᠠᠬᠠᠨ ᠴᠢᠮ᠎ᠠ ᠶᠢ ᠭᠡᠰᠡᠨ ᠰᠡᠳᠭᠢᠯ ᠢ

ᠣᠢ᠌ᠯᠭᠠᠵᠤ ᠨᠢᠭᠡ ᠥᠵᠡᠭᠡᠴᠢ ᠭᠡᠵᠤ ᠭᠦᠰᠡᠳᠡᠭ᠌ ᠪᠠᠢ᠌ᠯ᠎ᠠ

ᠴᠢ ᠳᠠᠨᠢᠳᠠᠭ ᠦᠭᠡᠶ ᠴᠢᠨᠤ ᠠᠮᠠᠷᠠᠭ ᠴᠢᠨᠢ ᠁

ᠴᠠᠰᠤᠨ ᠰᠢᠷᠭᠡᠭ᠌ ᠵᠥᠭᠡᠯᠡᠨ ᠬᠠᠶᠠᠯᠠᠬᠤ ᠳ᠋ᠤ

ᠴᠢᠮ᠎ᠠ ᠳᠡᠭᠡᠷ᠎ᠡ ᠣᠨᠠᠭᠰᠠᠨ ᠳᠡᠯᠪᠠᠭᠡ ᠨᠢ ᠪᠢ ᠪᠠᠢ᠌ᠯ᠎ᠠ

ᠰᠠᠯᠭᠢᠨ ᠤ ᠭᠦᠭ᠌ ᠶᠢᠡᠷ ᠬᠠᠴᠠᠷ ᠢ ᠴᠢᠨᠢ ᠢᠯᠪᠢᠭ᠍ᠰᠡᠨ

ᠨᠠᠮᠤᠭᠤᠬᠠᠨ ᠠᠶᠠᠰ ᠨᠢ ᠪᠢ ᠪᠠᠢ᠌ᠯ᠎ᠠ

ᠴᠢ ᠳᠠᠨᠢᠳᠠᠭ ᠦᠭᠡᠶ ᠴᠢᠨᠤ ᠠᠮᠠᠷᠠᠭ ᠴᠢᠨᠢ ᠁

ᠳᠤᠷᠠᠯᠠᠭᠰᠠᠨ ᠶᠤᠮ ᠴᠢᠮ᠎ᠠ ᠳᠤ ᠳᠠᠨᠢᠳᠠᠭ ᠦᠭᠡᠶ ᠠᠮᠠᠷᠠᠭ ᠴᠢᠨᠢ

ᠳᠤᠮᠳᠠᠭᠤᠷ ᠰᠡᠳᠭᠢᠯ ᠶᠢᠡᠷ ᠪᠢᠰᠢ

ᠪᠦᠭᠦᠢ᠌ᠯᠡ ᠰᠡᠳᠭᠢᠯ ᠶᠢᠡᠷ ᠵᠢᠠᠨ

ᠴᠢ ᠳᠠᠨᠢᠳᠠᠭ ᠦᠭᠡᠶ ᠴᠤ

ᠬᠠᠷᠢᠨ ᠪᠢ ᠴᠢᠨᠤ ᠳᠠᠨᠢᠳᠠᠭ ᠦᠭᠡᠶ ᠠᠮᠠᠷᠠᠭ ᠴᠢᠨᠢ

ᠦᠪᠡᠷ ᠶᠢᠡᠨ ᠪᠣᠯᠤᠭᠰᠠᠨ ᠶᠤᠮ

ᠵᠢᠷᠦᠭᠡ ᠪᠠᠷ ᠶᠢᠡᠨ ᠪᠣᠯᠤᠭᠰᠠᠨ ᠶᠤᠮ

ᠭᠠᠭᠴᠠᠬᠠᠨ ᠴᠢᠮ᠎ᠠ ᠳᠤ ᠭᠡᠰᠡᠨ ᠰᠡᠳᠭᠢᠯ ᠮᠢᠨᠢ

ᠴᠢᠨᠤ ᠯᠠ ᠠᠮᠠᠷᠠᠭ ᠪᠣᠯᠬᠤ ᠣᠴᠢᠷᠳᠠᠢ ᠰᠢᠭ᠌ ᠴᠤᠭᠢᠯᠠᠳᠠᠭ ᠶᠤᠮ

ᠠᠭᠤᠴᠢᠯᠠᠭᠠᠷᠠᠢ︕

ᠴᠢᠮ᠎ᠠ ᠡᠴᠠ ᠪᠢ ᠬᠠᠢ᠌ᠷ᠎ᠠ ᠶᠢ ᠴᠢᠨᠢ

ᠭᠤᠶᠤᠭᠰᠠᠨ ᠦᠭᠡᠶ ᠪᠠᠷ ᠠᠮᠠᠷᠠᠭ ᠴᠢᠨᠢ ᠪᠣᠯᠤᠯ᠎ᠠ

ᠴᠢᠳᠠᠪᠠᠯ ᠪᠢ ᠦᠨᠡᠨ ᠠᠮᠠᠷᠠᠭ ᠴᠢᠨᠢ

ᠪᠣᠯᠬᠤ ᠶᠢ ᠭᠦᠰᠡᠳᠡᠭ᠌ ᠪᠣᠯᠬᠤᠷ

ᠴᠢᠮ᠎ᠠ ᠣᠷᠤᠭᠤ ᠭᠡᠰᠡᠨ ᠰᠡᠳᠭᠢᠯ ᠵᠢᠠᠨ

ᠬᠤᠷᠢᠵᠤ ᠴᠢᠳᠠᠯ ᠥᠭᠡᠢ

ᠴᠢᠨᠤᠭᠢ ᠪᠠᠨ ᠳᠠᠨᠢᠳᠠᠭ ᠦᠭᠡᠶ ᠠᠮᠠᠷᠠᠭ ᠴᠢᠨᠢ ᠪᠣᠯᠤᠯ᠎ᠠ

ᠶᠠᠭᠠᠭᠢᠨ᠎ᠠ ᠳ᠋ᠠ︕ ᠨᠠᠢ᠌ᠵᠠ ᠮᠢᠨᠢ

ᠠᠭᠤᠴᠢᠯᠠᠵᠤ ᠬᠠᠢ᠌ᠷᠠᠯᠠ︕

ᠶᠠᠮᠠᠷ ᠴᠤ ᠰᠤᠢ᠌ᠳᠤᠯ ᠢ ᠴᠢᠮ᠎ᠠ ᠳᠤ ᠠᠪᠴᠢᠷᠠᠬᠤ ᠥᠭᠡᠢ

ᠶᠠᠳᠠᠬᠤ ᠳᠠᠭᠠᠨ ᠴᠢᠮ᠎ᠠ ᠶᠢ ᠬᠠᠷᠠᠬᠤ ᠴᠤ ᠡᠷᠭᠡ ᠥᠭᠡᠢ

ᠪᠣᠯᠤᠭᠰᠠᠨ ᠨᠠᠳᠠ ᠳ᠋ᠤ

ᠡᠨᠡ ᠯᠠ ᠵᠠᠪᠰᠢᠶᠠᠨ ᠢ ᠣᠯᠭᠤᠭᠠᠴᠢ ᠳ᠋ᠠ︕

ᠴᠢᠨᠤ ᠳᠠᠨᠢᠳᠠᠭ ᠦᠭᠡᠶ ᠠᠮᠠᠷᠠᠭ ᠴᠢᠨᠢ ᠪᠣᠯᠤᠶ᠎ᠠ

ᠴᠢᠩᠭᠢᠭᠦ ᠦᠦ︖ ᠮᠢᠨᠤ ᠯᠠ ᠳᠠᠨᠢᠳᠠᠭ ᠠᠮᠠᠷᠠᠭ ᠮᠢᠨᠢ︕


ᠵᠤᠬᠢᠶᠠᠭᠴᠢ ᠶᠢᠨ ᠬᠠᠶ‍ᠢᠭ᠄ ᠰᠦᠨᠢᠳ ᠪᠠᠷᠠᠭᠤᠨ ᠬᠤᠰᠢᠭᠤ

ᠵᠤᠬᠢᠶᠠᠭᠴᠢ᠄ ᠰᠠᠳᠭᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2651
ᠴᠠᠭ᠄ 2010 ᠤᠨ ᠤ 07 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ