☆ ᠪᠣᠷᠵᠢᠭᠢᠨ·ᠪᠦᠷᠢᠨᠲᠤᠩᠭᠠᠯᠠᠭ
ᠠᠩᠭᠢᠷ ᠰᠢᠷ᠎ᠠ ᠨᠠᠮᠤᠷ ᠤᠨ ᠪᠦᠷᠦᠢ
ᠠᠩᠭᠢᠷ ᠰᠢᠷ᠎ᠠ ᠨᠠᠮᠤᠷ ᠤᠨ ᠪᠦᠷᠦᠢ ᠪᠠᠷ
ᠳᠡᠭ᠍ᠷᠢ ᠭᠦᠡᠵᠢᠵᠤ ᠭᠠᠯᠠᠭᠤᠳ ᠵᠠᠯᠠᠯᠠᠨᠡ᠃
ᠠᠮᠠᠷᠠᠭ ᠴᠠᠭᠠᠨ ᠳᠤᠷᠠᠰᠤᠯ ᠭᠡᠯᠭᠢᠵᠤ
ᠰᠤᠷᠮᠤᠤᠰᠤ ᠴᠢᠭᠢᠭ᠍ᠳᠡᠭᠦᠯᠵᠤ ᠮᠦᠷᠦᠭᠡᠳᠦᠯ ᠨᠢᠯᠪᠣᠰᠤᠷᠠᠨᠠ᠃
ᠨᠠᠷᠠᠨ ᠡᠴᠠ ᠰᠠᠭᠠᠭᠰᠠᠨ ᠰᠢᠵᠢᠷ ᠰᠠᠴᠤᠷᠠᠭ
ᠨᠠᠪᠴᠢᠨ ᠤ ᠥᠩᠭᠡ ᠶᠢ ᠪᠣᠳᠤᠭᠯᠠᠨ ᠰᠢᠷᠭᠠᠯᠳᠤᠭᠤᠯᠤᠨᠠ᠃
ᠨᠠᠮᠤᠭᠤᠬᠠᠨ ᠣᠶᠠᠰᠬᠤ ᠺᠢᠲ᠋ᠠᠷ ᠤᠨ ᠡᠭᠡᠰᠢᠭ᠌
ᠣᠢ ᠶᠢᠨ ᠨᠠᠮᠤᠷ ᠲᠡᠶ ᠬᠠᠮᠳᠤ ᠣᠨᠠᠯᠴᠠᠨᠠ᠃
ᠠᠶᠠᠷᠬᠠᠨ ᠰᠡᠮᠡᠷᠡᠭᠦ ᠰᠢᠷᠠᠩᠭ᠋ᠤᠢ ᠳᠤᠯᠤᠩ ᠨᠦᠮᠦᠷᠴᠦ
ᠠᠯᠢᠶᠠᠬᠠᠨ ᠴᠢᠨᠤ ᠨᠢᠳᠤ ᠶᠢ ᠣᠩᠰᠢᠵᠤ
ᠠᠩᠬᠠᠨ ᠤ ᠳᠤᠷᠠᠯᠠᠯ ᠳᠠᠭᠠᠨ ᠰᠢᠳᠠᠵᠤ ᠪᠠᠢ᠌ᠭᠰᠠᠨ ᠵᠢᠠᠨ
ᠠᠮᠠᠷᠠᠭ ᠬᠠᠢ᠌ᠷ᠎ᠠ ᠮᠢᠨᠢ ᠮᠠᠷᠳᠠᠵᠤ ᠴᠢᠳᠠᠬᠤ ᠦᠭᠡᠶ︕
ᠨᠠᠰᠤᠨ ᠳᠠᠭᠠᠨ ᠮᠠᠷᠳᠠᠬᠤ ᠦᠭᠡᠶ ᠴᠢᠨᠤ ᠳᠤᠬᠠᠢ
ᠨᠠᠮᠤᠷ ᠨᠠᠮᠤᠷ ᠪᠣᠳᠤᠯ ᠪᠦᠮᠪᠦᠷᠢᠨ᠎ᠡ ᠡ︕
ᠨᠡᠭᠡᠯ ᠬᠠᠳᠠᠭᠤ ᠥᠭᠡᠢ᠌ᠯᠡᠭ᠍ᠳᠡᠯ ᠳᠠᠭᠠᠵᠤ
ᠨᠠᠰᠤᠨ ᠤ ᠭᠢᠷᠠᠭᠤ ᠰᠠᠠᠴᠢᠭ ᠲᠤ ᠪᠣᠭᠤᠷᠤᠯᠳᠤᠨᠠ ᠁
ᠵᠤᠬᠢᠶᠠᠭᠴᠢ ᠶᠢᠨ ᠬᠠᠶᠢᠭ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ·ᠪᠦᠷᠢᠨᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2010 ᠤᠨ ᠤ 09 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ