☆ ᠰᠠᠷ᠎ᠠ
ᠰᠡᠳᠭᠢᠯ ᠡᠴᠠ ᠪᠣᠰᠤᠳ ᠨᠢ ᠴᠦᠮ ᠭᠡᠢ᠌ᠰᠳᠡᠭ᠌ ᠪᠠᠢ᠌ᠯ᠎ᠠ
ᠰᠠᠯᠭᠢᠨ ᠳᠠᠠᠳᠠ ᠶᠡᠭᠡ ᠪᠠᠢ᠌ᠯ᠎ᠠ
ᠰᠡᠳᠭᠢᠯ ᠡᠴᠠ ᠪᠣᠰᠤᠳ ᠨᠢ ᠴᠦᠮ
ᠭᠡᠢ᠌ᠰᠳᠡᠭ᠌ ᠪᠠᠢ᠌ᠯ᠎ᠠ ᠁
ᠨᠢᠯᠪᠣᠰᠤ ᠨᠢ ᠬᠠᠳᠠᠭᠰᠠᠨ ᠳᠡᠭ᠍ᠷᠢ ᠳᠤ
ᠨᠠᠭᠤᠷ ᠢ ᠨᠢ ᠰᠢᠷᠭᠢᠳᠠᠯᠠ
ᠭᠡᠢ᠌ᠰᠭᠡᠪᠡ
ᠨᠢᠭᠤᠷ ᠶᠢᠡᠨ ᠬᠠᠤᠯᠠᠭᠤᠯᠤᠭᠰᠠᠨ ᠭᠠᠵᠠᠷ ᠡᠴᠠ
ᠡᠯᠡᠰᠤ ᠶᠢ ᠨᠢ ᠰᠢᠭᠤᠷᠠᠭᠤᠯᠵᠤ
ᠭᠡᠢ᠌ᠰᠭᠡᠪᠡ
ᠠᠳᠠᠷ ᠳᠠᠯ᠎ᠠ ᠭᠡᠳᠡᠭ᠌ (ᠳᠤᠷᠭ᠎ᠠ) ᠵᠢ
ᠠᠠᠵᠢᠰᠤ ᠪᠠᠷ ᠵᠦᠰᠤᠵᠤ
ᠭᠡᠢ᠌ᠰᠭᠡᠪᠡ
ᠠᠷᠭᠤᠮᠠᠭ ᠬᠤᠷᠳᠤᠨ ᠭᠦᠯᠦᠭ᠌ ᠢ
ᠣᠳᠤᠮ ᠳᠠᠰᠤᠷᠠᠭᠤᠯᠵᠤ
ᠭᠡᠢ᠌ᠰᠭᠡᠪᠡ
ᠳᠠᠯ᠎ᠠ ᠳᠤ ᠪᠠᠯᠴᠢᠳᠡᠭ᠌ ᠮᠠᠯ ᠢ
ᠬᠠᠰᠢᠶᠠᠨ ᠳᠤ ᠣᠷᠤᠳᠠᠯ᠎ᠠ
ᠭᠡᠢ᠌ᠰᠭᠡᠪᠡ
ᠳᠠᠪᠤᠨ ᠳᠠᠷᠢᠶᠠᠨ ᠦᠷ᠎ᠡ ᠶᠢ
ᠵᠤᠷᠬ᠎ᠠ ᠳᠤ ᠣᠷᠤᠳᠠᠯ᠎ᠠ
ᠭᠡᠢ᠌ᠰᠭᠡᠪᠡ
ᠳᠠᠷᠠᠭ ᠠᠢ᠌ᠷᠠᠭ ᠤᠨ ᠭᠦᠷᠦᠩᠭᠡ ᠶᠢ
ᠬᠤᠳᠠ ᠳᠤ ᠣᠷᠤᠳᠠᠯ᠎ᠠ
ᠭᠡᠢ᠌ᠰᠭᠡᠪᠡ
ᠳᠠᠯ᠎ᠠ ᠶᠢᠨ ᠰᠢᠷᠭᠠᠯ ᠨᠠᠮᠤᠷ ᠶᠢᠡᠷ
ᠬᠤᠨᠢ ᠶᠢ ᠨᠢ ᠡᠷᠭᠦᠭᠦᠯᠵᠤ
ᠭᠡᠢ᠌ᠰᠭᠡᠪᠡ
ᠣᠷᠳᠤ ᠶᠢᠨ ᠰᠠᠢ᠌ᠬᠠᠨ ᠳᠠᠭᠤᠤ ᠶᠢ
ᠨᠤᠲ᠋ ᠳᠠᠰᠤᠷᠠᠳᠠᠯ᠎ᠠ
ᠭᠡᠢ᠌ᠰᠭᠡᠪᠡ
ᠣᠶᠠᠭᠠᠨ ᠳᠤ ᠭᠦᠪᠰᠦᠳᠡᠭ᠌ ᠵᠤᠭᠤᠭ ᠢ
ᠮᠦᠷᠤᠢ ᠲᠡᠶ ᠨᠠᠭᠠᠳᠤᠮ ᠶᠢᠡᠷ
ᠭᠡᠢ᠌ᠰᠭᠡᠪᠡ
ᠵᠢᠭᠡᠯᠡᠵᠤ ᠣᠯᠤᠭᠰᠠᠨ ᠮᠦᠩᠭᠦ ᠶᠢ
ᠨᠠᠢ᠌ᠷ ᠲᠤ ᠰᠤᠭᠳᠤᠵᠤ
ᠭᠡᠢ᠌ᠰᠭᠡᠪᠡ
ᠱᠡᠭᠡᠯᠡᠵᠤ ᠣᠨᠤᠭᠰᠠᠨ ᠮᠤᠲ᠋ᠤᠷ ᠢ
ᠭᠤᠤ ᠳᠤ ᠭᠡᠪᠳᠡᠳᠡᠯᠡ
ᠭᠡᠢ᠌ᠰᠭᠡᠪᠡ
ᠭᠠᠳᠠ ᠮᠠᠢ᠌ᠷᠠᠨ ᠢ ᠳᠠᠭᠤᠯᠠᠵᠤ
ᠭᠠᠵᠠᠷ ᠰᠢᠷᠤᠢ ᠪᠠᠨ
ᠭᠡᠢ᠌ᠰᠭᠡᠪᠡ
ᠮᠠᠩᠬ᠎ᠠ ᠪᠠᠯᠴᠢᠭᠡᠷ ᠶᠢᠡᠨ ᠬᠤᠳᠠᠯᠳᠤᠵᠤ
ᠮᠠᠷᠭᠠᠰᠢ ᠪᠠᠨ ᠭᠦᠷᠳᠡᠯ᠎ᠡ
ᠭᠡᠢ᠌ᠰᠭᠡᠪᠡ
ᠰᠠᠯᠭᠢᠨ ᠡ᠊ᠨᠳᠡ ᠶᠡᠭᠡ ᠪᠠᠢ᠌ᠨ᠎ᠠ
ᠰᠡᠳᠭᠢᠯ ᠡᠴᠠ ᠪᠣᠰᠤᠳ ᠨᠢ ᠴᠦᠮ
ᠭᠡᠢ᠌ᠰᠴᠤ ᠪᠠᠢ᠌ᠨ᠎ᠠ ᠁
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ
ᠵᠤᠬᠢᠶᠠᠭᠴᠢ᠄ ᠰᠠᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2011 ᠤᠨ ᠤ 06 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ