☆ ᠰᠠᠷᠠᠩᠳᠤᠷᠵᠢ
ᠬᠤᠶᠠᠷ ᠮᠦᠷᠳᠤ ᠪᠠᠳᠠᠭ
ᠡᠷᠭᠡ ᠪᠠ ᠡᠭᠡᠯ
ᠳᠠᠷᠬᠠᠨ ᠬᠠᠷᠢᠭᠤᠴᠠᠯᠭ᠎ᠠ ᠶᠢᠨ ᠦᠨᠳᠦᠷ ᠪᠠᠶᠡᠯᠡᠭ᠍ᠳᠡᠯ ᠢ ᠡᠷᠭᠡ ᠭᠡᠮᠡᠮᠦᠢ
ᠲᠠᠭᠠᠨ ᠮᠤᠷᠢ ᠲᠡᠶ ᠳᠠᠭᠠᠵᠤ ᠠᠮᠵᠢᠬᠤ ᠦᠭᠡᠶ ᠰᠠᠠᠳᠤᠷᠠᠯ ᠢ ᠡᠭᠡᠯ ᠭᠡᠮᠡᠮᠦᠢ
ᠮᠥᠩᠭᠦ ᠪᠠ ᠮᠦᠰᠤ
ᠭᠦᠯᠦᠰᠤ ᠪᠠᠨ ᠣᠷᠤᠰᠬᠠᠪᠠᠯ ᠮᠥᠩᠭᠦ ᠬᠤᠷᠠᠮᠳᠤᠮᠤᠢ
ᠭᠦᠮᠤᠨ ᠶᠢᠡᠨ ᠣᠷᠤᠰᠬᠠᠪᠠᠯ ᠮᠦᠰᠤ ᠠᠯᠳᠠᠷᠠᠮᠤᠢ
ᠦᠨᠡᠨ ᠪᠠ ᠬᠤᠳᠠᠯ
ᠦᠨᠡᠨ ᠭᠡᠵᠤ ᠣᠯᠠᠭᠠᠨ ᠳᠠᠮᠠᠭ᠎ᠠ ᠲᠡᠶ ᠪᠢᠴᠢᠭ᠌ ᠬᠠᠷᠢᠭᠤ ᠦᠭᠡᠶ ᠭᠡᠪᠳᠡᠨ᠎ᠡ
ᠥᠨᠡᠭᠡᠨ ᠣᠯᠠᠭᠠᠨ ᠠᠷᠠᠰᠤ ᠲᠡᠶ ᠬᠤᠳᠠᠯ ᠰᠠᠢ᠌ᠮᠰᠤᠷᠠᠵᠤ ᠵᠦᠷᠢᠨᠠ
ᠣᠰᠤ ᠪᠠ ᠳᠤᠰᠤ
ᠣᠰᠤ ᠡᠴᠡ ᠪᠢᠰᠢ ᠳᠤᠰᠤ ᠶᠢ ᠳ᠋ᠤᠤ ᠭᠡᠭ᠍ᠰᠡᠭᠡᠷ
ᠣᠰᠤ ᠴᠤ ᠦᠭᠡᠶ ᠳᠤᠰᠤ ᠴᠤ ᠦᠭᠡᠶ ᠬᠠᠳᠠᠬᠤ ᠴᠠᠭ ᠣᠢ᠌ᠷᠠᠳᠤᠨ᠎ᠠ
ᠮᠠᠯ ᠪᠠ ᠳᠠᠷᠢᠶ᠎ᠠ
ᠳᠠᠪᠤᠨ ᠳᠠᠷᠢᠶᠠᠨ ᠦᠷ᠎ᠡ ᠶᠢ ᠳᠠᠯ᠎ᠠ ᠳᠤ ᠪᠠᠨ ᠵᠠᠯᠠᠭᠠᠤᠨ ᠮᠤᠩᠭ᠋ᠤᠯ
ᠳᠠᠩᠰᠤᠭ ᠳᠠᠪᠤᠨ ᠰᠥᠷᠦᠭ᠌ ᠶᠢᠡᠨ ᠳᠡᠭ᠍ᠷᠢ ᠳᠤ ᠮᠠᠨᠠᠪᠠ
ᠦᠨᠦᠳᠤᠷ ᠪᠠ ᠮᠠᠷᠭᠠᠰᠢ
ᠠᠢ᠌ᠯ ᠤᠨ ᠰᠤᠷᠭᠠᠭᠤᠯᠢ ᠨᠤᠭᠤᠳ ᠮᠤᠷᠢᠨ ᠳᠠᠯ ᠳᠡᠭᠡᠭᠦᠷ ᠬᠤᠳᠠ ᠪᠠᠷᠠᠭᠠᠳᠠᠨᠠ
ᠠᠢ᠌ᠯ ᠤᠨ ᠪᠠᠷᠢᠶᠠᠤᠨ ᠰᠢᠭ᠌ ᠭᠠᠩᠭᠠᠩ ᠥᠭᠡ ᠨᠤᠭᠦᠳ ᠮᠢᠨᠢ ᠳᠤᠯᠢ ᠪᠢᠴᠢᠭ᠌ ᠲᠤ ᠮᠤᠷᠳᠠᠨ᠎ᠠ
ᠪᠦᠷᠭᠦᠤᠨ ᠪᠠ ᠳᠠᠭᠢᠶ᠎ᠠ
ᠡᠭᠦᠯᠡᠨ ᠳᠦᠷᠦᠭᠦᠤ ᠳᠡᠭ᠍ᠷᠢ ᠶᠢ ᠰᠤᠮᠤᠳᠠᠬᠤ ᠭᠦᠰᠡᠯ ᠢ ᠪᠦᠷᠭᠦᠤᠨ ᠭᠡᠨᠡᠮ
ᠡᠭᠦᠷ ᠲᠤ ᠪᠠᠨ ᠳᠡᠮᠡᠴᠡᠯᠳᠦᠭᠦ ᠭᠠᠷᠮᠠᠭᠠᠢ ᠵᠠᠩᠵᠤᠨ ᠢ ᠳᠠᠭᠢᠶ᠎ᠠ ᠭᠡᠨᠡᠮ
ᠵᠤᠬᠢᠶᠠᠭᠴᠢ᠄ ᠰᠠᠷᠠᠩᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2009 ᠤᠨ ᠤ 05 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ