☆ ᠷᠤᠯᠮᠠᠵᠠᠪ
ᠯᠢᠩᠪᠣ ᠶᠢᠨ ᠠᠶᠠᠰ
ᠣᠰᠤ ᠪᠠᠨ ᠭᠤᠭᠤᠵᠢᠭᠤᠯᠤᠮ᠎ᠠ ᠡᠭᠦᠯᠡ
ᠵᠥᠳᠡᠷᠡᠯᠳᠡᠢ᠌ᠭᠡᠨ
ᠣᠰᠤᠨ ᠨᠤᠳᠤᠭ ᠤᠨ ᠯᠢᠩᠪᠣ
ᠠᠶᠠᠯᠭᠤᠳᠠᠢ᠌ᠬᠠᠨ
ᠴᠢᠭᠢᠭ᠌ ᠤᠨ ᠦᠨᠦᠷ ᠢᠷᠡᠭᠦ ᠪᠠᠷ
ᠴᠢᠭᠢ ᠰᠠᠷᠪᠠᠰ ᠭᠡᠨ᠎ᠡ
ᠴᠢᠨᠤ ᠮᠢᠨᠤ ᠰᠡᠳᠭᠢᠯ
ᠨᠣᠢ᠌ᠳᠠᠨ ᠣᠷᠭᠢᠰ ᠭᠡᠨ᠎ᠡ
ᠠᠶᠠᠯᠭᠤ ᠡᠷᠭᠦᠭᠦ ᠯᠢᠩᠪᠣ
ᠠᠶᠠᠷ ᠪᠠᠭᠤᠬᠤ ᠬᠤᠷ᠎ᠠ
ᠰᠡᠳᠭᠢᠯ ᠭᠡᠳᠡᠭ᠌ ᠮᠠᠳᠠᠷᠠᠮᠵᠢ ᠶᠡᠭᠡ
ᠰᠤᠨᠤᠷ ᠭᠡᠳᠡᠭ᠌ ᠳᠠᠯᠠᠰᠤᠯᠳᠠ ᠶᠡᠭᠡ
ᠠᠶᠠᠰ ᠡᠴᠡ ᠣᠷᠮ᠎ᠠ ᠣᠷᠭᠤᠵᠤ
ᠣᠷᠮ᠎ᠠ ᠡᠴᠡ ᠰᠢᠯᠦᠭ᠌ ᠣᠷᠭᠤᠪᠠᠢ
ᠣᠰᠤᠨ ᠨᠤᠳᠤᠭ ᠤᠨ ᠠᠷᠠᠯ ᠴᠤᠬᠤᠰ ᠭᠡᠨ᠎ᠡ
ᠣᠷᠢᠳᠠᠢ ᠣᠷᠤᠨ ᠤ ᠠᠮᠢᠳᠤᠷᠠᠯ ᠬᠠᠷᠠᠭᠳᠠᠰ ᠭᠡᠨ᠎ᠡ
ᠳᠠᠯᠠᠢ ᠳᠤ ᠳᠤᠭᠳᠠᠭᠰᠠᠨ ᠵᠠᠪᠢ ᠳᠤᠳᠤᠷᠠᠰ ᠭᠡᠨ᠎ᠡ
ᠳᠠᠯᠠᠷ ᠠᠭᠤᠳᠠᠮ ᠣᠰᠤ ᠴᠡᠩᠭᠡᠷᠯᠡᠰ ᠭᠡᠨ᠎ᠡ
ᠣᠰᠤᠨ ᠤ ᠠᠶᠠᠰ ᠰᠡᠳᠭᠢᠯ ᠳᠤᠭᠤᠯᠤᠨᠤᠮ
ᠣᠮᠠᠷᠠᠳᠤ ᠣᠷᠤᠨ ᠨᠤᠷᠴᠤ ᠠᠮᠠᠷᠠᠨᠠᠮ
ᠵᠤᠬᠢᠶᠠᠭᠴᠢ ᠶᠢᠨ ᠬᠠᠶᠢᠭ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ
ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄
ᠰᠢᠯᠦᠭᠳᠠᠷᠤᠮ᠄ 11465
ᠴᠠᠭ᠄ 2010 ᠤᠨ ᠤ 06 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ