ᠨᠡᠪᠲᠡᠷᠡᠨ ᠤᠷᠤᠬᠤ
ᠠᠪᠣ ᠪᠠ ᠨᠠᠮᠤᠷ ᠨᠠᠮᠤᠷ ᠤᠨ ᠬᠠᠳᠤᠯᠠᠩ

ᠳᠤᠯ ᠴᠡᠩᠭᠡᠷ ᠥᠩᠭᠡ ᠪᠠᠷ

ᠬᠤᠯᠠ ᠶᠢᠨ ᠳᠡᠭ᠍ᠷᠢ ᠴᠠᠯᠮᠠᠢ᠌ᠨ᠎ᠠ

ᠳᠤᠳᠠᠭᠤ ᠣᠷᠭᠢᠭᠰᠠᠨ ᠰᠢᠯᠦᠭ᠌

ᠬᠤᠩᠭ᠋ᠤᠷ ᠨᠠᠮᠤᠷ ᠶᠢᠡᠷ ᠡᠭᠢᠯᠡᠨ᠎ᠡ

ᠬᠠᠢ᠌ᠯᠠᠰᠤ᠂ ᠴᠠᠩᠳᠤ᠂ ᠬᠤᠵᠢᠷᠳᠤ

ᠠᠭᠤᠯᠠ ᠶᠢᠨ ᠰᠠᠢ᠌ᠬᠠᠨ ᠬᠠᠳᠤᠯᠠᠩ ᠪᠠᠢ᠌ᠯ᠎ᠠ

ᠬᠠᠯᠢᠭᠤᠷᠠᠮ᠎ᠠ᠂ ᠰᠡᠷᠢᠭᠦᠴᠡᠮ᠎ᠡ᠂ ᠲ᠋ᠠᠭᠤᠯᠠᠮ᠎ᠠ

ᠠᠪᠣ ᠶᠢᠨ ᠳᠠᠩᠰᠤᠭ ᠨᠠᠮᠤᠷ ᠪᠠᠢ᠌ᠯ᠎ᠠ

ᠨᠠᠪᠴᠢᠨ ᠳᠡᠮᠡᠭᠢ᠂ ᠡᠭᠡᠭᠦᠨ ᠴᠠᠢ ᠬᠤᠶᠠᠷ ᠶᠢᠡᠷ

ᠶᠠᠳᠠᠷᠠᠭ᠎ᠠ ᠪᠠᠨ ᠳᠠᠢ᠌ᠯᠤᠨ᠎ᠠ

ᠨᠠᠷᠠᠨ ᠳᠤ ᠰᠢᠷᠠᠭᠳᠠᠭᠰᠠᠨ ᠭᠦᠯᠦᠰᠤᠨ ᠤ ᠭᠢᠨᠢ ᠦᠨᠦᠷ

ᠶᠠᠰᠤᠨ ᠳᠤ ᠨᠠᠪᠴᠢᠨ᠎ᠠ

ᠦᠨᠳᠦᠰᠦ ᠮᠠᠯᠳᠠᠭᠰᠠᠨ ᠰᠤᠷᠪᠢ ᠳᠡᠭᠡᠷ᠎ᠡ

ᠰᠠᠠᠳᠤᠤ ᠲᠡᠶ ᠪᠠᠨ ᠪᠦᠳᠦᠷᠢᠨ᠎ᠡ

ᠡᠪᠳᠡᠭ᠍ᠳᠡᠭ᠍ᠰᠡᠨ ᠵᠠᠮ ᠤᠨ ᠲ᠋ᠤᠩᠰᠤᠯᠭᠠᠨ ᠳᠤ

ᠰᠡᠳᠭᠢᠯ ᠶᠢᠡᠷ ᠶᠢᠡᠨ ᠵᠦᠳᠠᠷᠠᠨ᠎ᠠ

ᠴᠠᠷᠴᠠᠬᠠᠢ ᠴᠠᠷᠭᠢᠬᠤ ᠪᠠᠨ ᠪᠣᠯᠢᠳᠠᠯ᠎ᠠ

ᠴᠠᠭᠠᠨ ᠭᠢᠷᠠᠭᠤ ᠡᠪᠠᠰᠤᠨ ᠳᠤᠯᠤᠭᠠᠢ ᠳᠤ ᠣᠨᠠᠳᠠᠯ᠎ᠠ

ᠬᠠᠳᠤᠯᠠᠩ ᠤᠨ ᠨᠠᠷᠠ ᠶᠢ ᠠᠪᠣ ᠮᠢᠨᠢ

ᠣᠭᠳᠤᠨ᠎ᠠ᠂ ᠦᠳᠡᠨ᠎ᠠ

ᠵᠢᠷᠭᠠᠯᠠᠩ ᠤᠨ ᠰᠠᠷᠬᠤᠤᠨ ᠢ ᠠᠪᠣ ᠮᠢᠨᠢ

ᠣᠤᠭᠤᠨ᠎ᠠ᠂ ᠲ᠋ᠠᠢ᠌ᠳᠬᠤᠷᠠᠨ᠎ᠠ

ᠰᠤᠷᠭᠠᠭᠤᠯᠢ ᠳᠤ ᠶᠠᠪᠣᠬᠤ ᠴᠢᠨᠢ ᠳᠦᠭᠦᠵᠤ ᠳᠡ ᠭᠡᠵᠤ

ᠠᠪᠣ ᠥᠭᠡ ᠪᠠᠨ ᠳᠠᠪᠳᠠᠯ᠎ᠠ ᠴᠤ

ᠰᠤᠨᠤᠯᠵᠠᠭᠰᠠᠨ ᠰᠢᠷ᠎ᠠ ᠵᠠᠮ ᠢ ᠡᠪᠭᠡᠭᠡᠤᠨ ᠪᠢ

ᠠᠷᠤ ᠳᠤ ᠪᠠᠨ ᠣᠷᠭᠢᠵᠤ ᠳᠦᠪᠳᠡᠭᠦ ᠦᠭᠡᠶ

ᠭᠡᠭᠡᠷ᠎ᠡ ᠶᠢᠨ ᠡᠪᠠᠰᠤ ᠶᠢ ᠰᠠᠯᠭᠢ ᠪᠠᠷ ᠳᠠᠭᠤᠴᠢᠵᠤ

ᠬᠠᠳᠤᠭᠤᠷ ᠤᠨ ᠢᠷ ᠬᠠᠩᠭᠢᠨᠠᠨ᠎ᠠ

ᠭᠦᠳᠡᠭᠡ ᠶᠢᠨ ᠡᠪᠦᠷ ᠢ ᠠᠯᠳᠠ ᠪᠠᠷ ᠥᠩᠭᠡᠯᠡᠵᠤ

ᠬᠠᠯᠢᠭᠤᠨ ᠨᠠᠮᠤᠷ ᠰᠠᠩᠭᠢᠨᠠᠨ᠎ᠠ

ᠨᠠᠮᠢ᠋ᠢ ᠭᠦᠳᠦᠯᠤᠨ ᠭᠡᠭᠡᠷ᠎ᠡ ᠶᠢᠨ ᠰᠠᠯᠭᠢᠨ ᠳᠤ ᠠᠪᠠᠴᠢᠭᠰᠠᠨ

ᠨᠠᠰᠤ ᠶᠢ ᠡᠯᠡᠭᠡᠭ᠍ᠰᠡᠨ ᠪᠣᠭᠤᠷᠤᠯ ᠨᠢᠭᠡᠨ ᠠᠭᠤᠯᠠ

ᠨᠠᠮᠤᠷ ᠨᠠᠮᠤᠷ ᠤᠨ ᠬᠠᠳᠤᠯᠠᠩ ᠳ᠋ᠤ

ᠪᠠᠷ᠎ᠠ ᠨᠢ ᠳᠤᠷᠠᠢ᠌ᠭᠰᠠᠭᠠᠷ

ᠨᠠᠮᠤᠷ ᠨᠠᠮᠤᠷ ᠤᠨ ᠬᠠᠳᠤᠯᠠᠩ ᠳᠤ

ᠪᠠᠶ᠎ᠠ ᠨᠢ ᠴᠢᠯᠡᠭ᠍ᠰᠡᠭᠡᠷ

ᠣᠷᠭᠤᠭ᠎ᠠ ᠪᠦᠭᠦᠨ ᠨᠠᠮᠤᠷ ᠪᠣᠯᠬᠤ ᠪᠠᠷ ᠣᠨᠠᠳᠠᠭ ᠪᠠᠢ᠌ᠨ᠎ᠠ

ᠠᠭᠤᠯᠠ ᠠᠪᠣ ᠬᠤᠶᠠᠷ ᠯᠠ

ᠵᠤᠭᠰᠤᠭ᠎ᠠ ᠪᠠᠷ ᠶᠢᠡᠨ ᠥᠯᠡᠳᠡᠳᠡᠭ᠌ ᠪᠠᠢ᠌ᠨ᠎ᠡ ᠡ

ᠭᠡᠨᠡᠳᠲᠡ ᠬᠠᠷᠠᠬᠤ ᠳᠤ ᠠᠪᠣ ᠶᠢᠨ ᠰᠠᠠᠴᠢᠭ ᠲᠤ

ᠭᠢᠷᠠᠭᠤ ᠣᠨᠠᠵᠠᠢ

ᠭᠡᠷ ᠮᠠᠢ᠌ᠬᠠᠨ ᠶᠢᠡᠨ ᠡᠪᠭᠡᠵᠤ ᠬᠠᠳᠤᠯᠠᠩ ᠡᠴᠡ ᠪᠣᠴᠠᠬᠤ

ᠴᠠᠭ ᠪᠣᠯᠵᠠᠢ

ᠳᠤᠯ ᠴᠡᠩᠭᠡᠷ ᠥᠩᠭᠡ ᠪᠠᠷ

ᠬᠤᠯᠠ ᠶᠢᠨ ᠳᠡᠭ᠍ᠷᠢ ᠴᠠᠯᠮᠠᠢ᠌ᠨ᠎ᠠ

ᠳᠠᠭᠤᠤ ᠰᠢᠯᠦᠭ᠌ ᠤᠨ ᠨᠤᠳᠤᠭ ᠲᠤ

ᠬᠤᠩᠭ᠋ᠤᠷ ᠨᠠᠮᠤᠷ ᠣᠷᠳᠤᠰᠤᠨ᠎ᠠ ᠡ

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3008
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ