☆ ᠭ·ᠪᠠᠯᠵᠠᠢ
ᠪᠣᠷᠤᠭᠠᠨ ᠵᠥᠭᠡᠯᠡᠨ ᠰᠢᠪᠠᠷᠠᠨ᠎ᠠ
ᠪᠦᠷ ᠪᠦᠷ ᠪᠠᠭᠤᠭᠰᠠᠨ ᠪᠣᠷᠤᠭᠠᠨ ᠢ ᠴᠢᠩᠨᠠᠵᠤ
ᠪᠣᠳᠤᠯ ᠳᠤ ᠪᠠᠨ ᠳᠠᠷᠤᠭᠳᠠᠭᠰᠠᠨ ᠪᠢ ᠣᠢ᠌ᠤᠠᠬᠠᠷ ᠲᠡᠶ
ᠰᠢᠪᠠᠷ ᠰᠢᠪᠠᠷ ᠱᠠᠭᠢᠭᠰᠠᠨ ᠬᠤᠷ᠎ᠠ ᠲᠡᠶ ᠦᠳᠡᠰᠢ
ᠰᠡᠳᠭᠢᠯ ᠤᠨ ᠴᠢᠮ᠎ᠠ ᠪᠠᠨ ᠥᠭᠡᠢ᠌ᠯᠡᠭᠡᠳ ᠪᠢ ᠭᠤᠨᠢᠭᠯᠠᠯ ᠲᠡᠶ
ᠭᠠᠩᠭ᠋ᠠᠷ ᠭᠤᠩᠭ᠋ᠤᠷ ᠳᠤᠤᠭᠠᠷᠤᠨ ᠪᠣᠴᠠᠭᠰᠠᠨ
ᠭᠠᠯᠠᠭᠤ ᠰᠢᠪᠠᠭᠤ ᠰᠦᠷᠦᠭ᠌ ᠶᠢᠡᠷ ᠶᠢᠡᠨ ᠪᠣᠯ ᠵᠢᠷᠭᠠᠯ ᠲᠡᠶ
ᠭᠠᠩᠳᠠᠭᠰᠠᠨ ᠰᠡᠳᠭᠢᠯ ᠢ ᠮᠢᠨᠢ ᠬᠠᠢ᠌ᠷ᠎ᠠ ᠪᠠᠷ ᠣᠮᠳᠠᠯᠠᠭᠰᠠᠨ
ᠭᠠᠭᠴᠠᠬᠠᠨ ᠴᠢᠮᠢ᠋ᠢ ᠪᠠᠨ ᠳᠤᠷᠠᠰᠤᠨ ᠰᠠᠭᠤᠬᠤ ᠪᠠᠷ ᠪᠢ ᠵᠢᠷᠭᠠᠯ ᠲᠡᠶ
ᠠᠯᠳᠠᠨ ᠨᠠᠮᠤᠷ ᠤᠨ ᠰᠡᠭᠦᠯᠴᠢ ᠶᠢᠨ ᠬᠤᠷ᠎ᠠ ᠵᠥᠭᠡᠯᠡᠨ ᠰᠢᠪᠠᠷᠡᠭᠡᠳ ᠪᠠᠢ᠌ᠨ᠎ᠠ
ᠠᠷᠢᠭᠤᠨ ᠳᠡᠯᠡᠭᠡᠢ ᠳᠤ ᠬᠤᠩᠭ᠋ᠤᠷ ᠴᠢᠮ᠎ᠠ ᠪᠠᠨ ᠭᠦᠰᠡᠨ ᠰᠠᠨᠠᠭᠠᠤᠨ ᠪᠠᠢ᠌ᠨ᠎ᠠ
ᠵᠢᠷᠦᠭᠡ ᠠᠮᠢᠯᠠᠮᠠᠷ ᠬᠠᠯᠠᠭᠤᠨ ᠬᠠᠢ᠌ᠷ᠎ᠠ ᠪᠠᠨ ᠴᠢᠭᠡᠵᠢᠨ ᠳᠤ ᠴᠢᠨᠢ ᠰᠢᠪᠠᠨᠠᠨ ᠪᠠᠢ᠌ᠨ᠎ᠠ
ᠵᠥᠭᠡᠯᠡᠨ ᠦᠨᠦᠰᠤᠯ ᠳᠤ ᠴᠢᠨᠢ ᠨᠠᠰᠤ ᠪᠠᠷ ᠶᠢᠡᠨ ᠪᠢ ᠵᠢᠷᠭᠠᠮᠠᠷ ᠪᠠᠢ᠌ᠨ᠎ᠠ
ᠣᠷᠣᠢ᠌ᠳᠤᠭᠰᠠᠨ ᠪᠣᠷᠤᠭ᠎ᠠ ᠨᠠᠮᠤᠷ ᠤᠨ ᠨᠠᠮᠤᠷ ᠶᠢᠡᠷ ᠰᠢᠪᠠᠷᠡᠭᠡᠳ ᠪᠠᠢ᠌ᠨ᠎ᠠ
ᠣᠷᠣᠢ᠌ᠳᠤᠭᠰᠠᠨ ᠬᠠᠢ᠌ᠷ᠎ᠠ ᠴᠢᠨᠢ ᠰᠡᠳᠭᠢᠯ ᠢ ᠮᠢᠨᠢ ᠡᠵᠡᠮᠳᠡᠭᠡᠳ ᠪᠠᠢ᠌ᠨ᠎ᠠ
ᠨᠠᠮᠤᠷ ᠤᠨ ᠪᠣᠷᠤᠭ᠎ᠠ ᠴᠤ ᠳᠡᠯᠡᠭᠡᠢ ᠶᠢ ᠣᠮᠳᠠᠯᠠᠨ ᠱᠠᠭᠢᠭᠠᠤᠨ ᠪᠠᠢ᠌ᠨ᠎ᠠ
ᠨᠠᠮᠢ᠋ᠢ ᠪᠠᠨ ᠭᠡᠰᠡᠨ ᠴᠢᠨᠤ ᠬᠠᠢ᠌ᠷ᠎ᠠ ᠳᠤ ᠴᠢᠨᠢ ᠪᠢ ᠳᠦᠷᠡᠯᠵᠡᠭᠡᠳ ᠪᠠᠢ᠌ᠨ᠎ᠠ
ᠰᠢᠪᠠᠷᠡᠭᠦᠨ ᠪᠣᠷᠤᠭᠠᠨ ᠢ ᠰᠤᠨᠢᠷᠬᠠᠨ ᠮᠡᠯᠡᠷᠡᠭᠡᠳ
ᠰᠡᠳᠭᠢᠯ ᠳᠤ ᠬᠤᠨᠤᠭᠰᠢᠭᠰᠠᠨ ᠴᠢᠮ᠎ᠠ ᠪᠠᠨ ᠰᠠᠨᠠᠬᠤ ᠳᠤᠷᠠᠳᠠᠢ ᠪᠢ
ᠣᠬᠤᠷ ᠴᠢᠮᠡᠭᠡ ᠶᠢ ᠴᠢᠨᠢ ᠠᠮᠳᠠᠷᠬᠠᠨ ᠣᠩᠰᠢᠭᠠᠤᠨ
ᠣᠢ᠌ᠤᠠᠬᠠᠷᠯᠠᠨ ᠭᠤᠨᠢᠭᠯᠠᠵᠤ ᠭᠠᠭᠴᠠᠭᠠᠷᠳᠠᠨ ᠰᠠᠭᠤᠬᠤ ᠳᠤᠷᠠᠳᠠᠢ ᠪᠢ
ᠪᠦᠷ ᠪᠦᠷ ᠪᠠᠭᠤᠭᠰᠠᠨ ᠪᠣᠷᠤᠭᠠᠨ ᠤ ᠳᠤᠮᠳᠠ
ᠪᠣᠳᠤᠯ ᠳᠠᠭᠠᠨ ᠳᠠᠷᠤᠭᠳᠠᠭᠰᠠᠨ ᠴᠤ ᠪᠢ ᠵᠢᠷᠭᠠᠯ ᠲᠡᠶ
ᠰᠠᠯᠤᠭᠠᠤᠨ ᠶᠠᠪᠣᠭᠰᠠᠨ ᠴᠤᠣᠴᠠᠷᠠᠬᠤ ᠪᠠᠨ ᠢᠷᠦᠭᠡᠳᠡᠭ᠌
ᠰᠡᠳᠭᠢᠯ ᠤᠨ ᠬᠤᠩᠭ᠋ᠤᠷ ᠶᠢᠡᠨ ᠨᠢᠭᠤᠭᠰᠠᠨ ᠪᠢ ᠵᠢᠷᠭᠠᠯ ᠲᠡᠶ
ᠪᠣᠷᠤᠭ᠎ᠠ ᠵᠥᠭᠡᠯᠡᠨ ᠶᠢᠡᠷ ᠰᠢᠪᠠᠷᠡᠭᠡᠳ ᠪᠠᠢ᠌ᠨ᠎ᠠ
ᠪᠦᠰᠡᠭᠦᠢ ᠮᠢᠨᠢ ᠨᠢᠯᠪᠣᠰᠤ ᠲᠡᠶ ᠬᠠᠮᠳᠤ ᠳᠤᠰᠤᠯᠭᠠᠤᠨ ᠪᠠᠢ᠌ᠨ᠎ᠠ
ᠳᠤᠭᠤᠯᠠᠩ ᠨᠢᠯᠪᠣᠰᠤ ᠲᠡᠶ ᠴᠤ ᠢᠨᠢᠶᠡᠭᠦ ᠪᠠᠨ ᠪᠢ ᠪᠠᠯᠡᠭᠡᠯᠡᠭᠡᠳ ᠪᠠᠢ᠌ᠨ᠎ᠠ
ᠲᠦᠮᠡᠨ ᠤ ᠭᠠᠵᠠᠷ ᠡᠴᠡ ᠴᠢᠮ᠎ᠠ ᠪᠠᠨ ᠰᠠᠨᠠᠭᠠᠤᠨ ᠡᠨᠡᠭ᠍ᠰᠢᠷᠡᠨ ᠪᠠᠢ᠌ᠨ᠎ᠠ
ᠬᠠᠢ᠌ᠷ᠎ᠠ ᠣᠠᠳᠤᠷᠠᠬᠤ ᠬᠠᠷᠠᠴᠠ ᠪᠠᠷ ᠶᠢᠡᠨ ᠴᠢᠮ᠎ᠠ ᠪᠠᠨ ᠰᠢᠳᠠᠭᠠᠮᠠᠷ ᠪᠠᠢ᠌ᠨ᠎ᠠ
ᠬᠠᠮᠤᠭ ᠪᠠᠶ᠎ᠠ ᠪᠠᠨ ᠬᠠᠷᠮᠠᠨᠠᠯ ᠦᠭᠡᠶ ᠴᠢᠮ᠎ᠠ ᠳᠠᠭᠠᠨ ᠳᠤᠰᠢᠶᠠᠭᠠᠤᠨ ᠪᠠᠢ᠌ᠨ᠎ᠠ
ᠬᠠᠯᠠᠭᠤ ᠣᠷᠭᠢᠯᠤᠭᠰᠠᠨ ᠬᠠᠢ᠌ᠷᠠᠨ ᠳᠤ ᠴᠢᠨᠢ ᠪᠢ ᠨᠢᠯᠬᠠᠷᠮᠠᠷ ᠪᠠᠢ᠌ᠨ᠎ᠠ
ᠬᠠᠢ᠌ᠷ᠎ᠠ ᠶᠢ ᠴᠢᠨᠢ ᠠᠮᠢᠰᠬᠤᠭ᠎ᠠ ᠭᠦᠷᠳᠡᠯ᠎ᠡ ᠪᠠᠨ ᠮᠡᠳᠡᠷᠡᠭᠡᠳ ᠪᠠᠢ᠌ᠨ᠎ᠠ
ᠨᠢᠳᠤ ᠪᠠᠨ ᠠᠨᠢᠭᠠᠤᠨ ᠬᠠᠴᠠᠷ ᠶᠢᠡᠨ ᠴᠢᠮᠠᠳᠤ ᠨᠠᠭᠠᠮᠠᠷ ᠪᠠᠢ᠌ᠨ᠎ᠠ
ᠨᠠᠷᠠᠳᠤ ᠶᠢᠨ ᠵᠠᠮ ᠢ ᠨᠠᠰᠤ ᠪᠠᠷ ᠶᠢᠡᠨ ᠴᠢᠮ᠎ᠠ ᠲᠡᠶ ᠳᠤᠭᠤᠯᠠᠮᠠᠷ ᠪᠠᠢ᠌ᠨ᠎ᠠ
ᠴᠢᠮ᠎ᠠ ᠳᠠᠭᠠᠨ ᠪᠢ ᠴᠡᠴᠡᠭ᠌ ᠬᠤᠸᠠᠷ ᠮᠠᠳᠤ ᠳᠡᠯᠭᠡᠷᠮᠡᠷ ᠪᠠᠢ᠌ᠨ᠎ᠠ
ᠴᠡᠩᠭᠡᠭᠦ ᠶᠢᠨ ᠰᠠᠢ᠌ᠬᠠᠨ ᠢ ᠰᠤᠭᠳᠤᠭᠤᠷᠳᠠᠯᠠ ᠪᠠᠨ ᠡᠳ᠋ᠯᠡᠮᠡᠷ ᠪᠠᠢ᠌ᠨ᠎ᠠ
ᠡᠩᠭᠡᠷ ᠶᠢᠡᠨ ᠳᠠᠢ᠌ᠯᠤᠭᠠᠤᠨ ᠦᠷᠤᠴᠢᠨ ᠳᠡᠭᠡᠷ᠎ᠡ ᠴᠢᠨᠢ ᠬᠠᠢ᠌ᠯᠤᠮᠠᠷ ᠪᠠᠢ᠌ᠨ᠎ᠠ
ᠠᠯᠢᠪᠠ ᠪᠦᠭᠦᠨ ᠶᠢᠡᠨ ᠦᠯᠡᠳᠡᠭᠡᠯ ᠦᠭᠡᠶ ᠳᠡᠪᠰᠢᠭᠦᠯᠦᠮᠡᠷ ᠪᠠᠢ᠌ᠨ᠎ᠠ
ᠣᠷᠴᠢᠯᠠᠩ ᠳᠤ ᠬᠤᠶᠠᠭᠤᠯᠬᠠᠨ ᠶᠢᠡᠨ ᠠᠮᠢᠳᠤᠷᠠᠮᠠᠷ ᠪᠠᠢ᠌ᠨ᠎ᠠ
ᠣᠬᠤᠷᠬᠠᠨ ᠨᠠᠰᠤᠨ ᠳᠠᠭᠠᠨ ᠣᠢ᠌ᠯᠠᠰ ᠪᠦᠳᠦᠭᠡᠯ ᠶᠢᠡᠷ ᠶᠢᠡᠨ ᠭᠢᠯᠠᠷᠠᠮᠠᠷ ᠪᠠᠢ᠌ᠨ᠎ᠠ
ᠪᠦᠷ ᠪᠦᠷ ᠪᠠᠭᠤᠭᠰᠠᠨ ᠪᠣᠷᠤᠭᠠᠨ ᠢ ᠴᠢᠩᠨᠠᠵᠤ
ᠪᠣᠳᠤᠯ ᠳᠠᠭᠠᠨ ᠳᠠᠷᠤᠭᠳᠠᠭᠰᠠᠨ ᠪᠢ ᠣᠢ᠌ᠤᠠᠬᠠᠷ ᠲᠡᠶ
ᠰᠢᠪᠠᠷ ᠰᠢᠪᠠᠷ ᠱᠠᠭᠢᠭᠠᠭᠰᠠᠨ ᠬᠤᠷ᠎ᠠ ᠲᠡᠶ ᠦᠳᠡᠰᠢ
ᠰᠡᠳᠭᠢᠯ ᠤᠨ ᠴᠢᠮ᠎ᠠ ᠪᠠᠨ ᠥᠭᠡᠢ᠌ᠯᠡᠭᠡᠳ ᠪᠢ ᠭᠤᠨᠢᠭᠯᠠᠯ ᠲᠡᠶ
ᠭᠠᠩᠭ᠋ᠠᠷ ᠭᠤᠩᠭ᠋ᠤᠷ ᠳᠤᠤᠭᠠᠷᠤᠨ ᠪᠣᠴᠠᠭᠰᠠᠨ
ᠭᠠᠯᠠᠭᠤ ᠰᠢᠪᠠᠭᠤ ᠰᠦᠷᠦᠭ᠌ ᠶᠢᠡᠷ ᠶᠢᠡᠨ ᠪᠣᠯ ᠵᠢᠷᠭᠠᠯ ᠲᠡᠶ
ᠭᠠᠩᠳᠠᠭᠰᠠᠨ ᠰᠡᠳᠭᠢᠯ ᠢ ᠮᠢᠨᠢ ᠬᠠᠢ᠌ᠷ᠎ᠠ ᠪᠠᠷ ᠣᠮᠳᠠᠯᠠᠭᠰᠠᠨ
ᠭᠠᠭᠴᠠᠬᠠᠨ ᠴᠢᠮ᠎ᠠ ᠲᠡᠶ ᠬᠤᠤᠰᠯᠠᠨ ᠳᠠᠭᠤᠯᠬᠤ ᠪᠠᠷ ᠪᠢ ᠵᠢᠷᠭᠠᠯ ᠲᠡᠶ᠃
ᠵᠤᠬᠢᠶᠠᠭᠴᠢ ᠶᠢᠨ ᠬᠠᠶᠢᠭ ᠄ ᠰᠢᠠᠵᠢᠶᠠᠩ ᠡᡁᠸᠵᠢᠩ ᠰᠢᠶᠠᠨ ᠤ ᠳᠦᠷᠪᠠᠳᠦᠭᠡᠷ ᠳᠤᠮᠳᠠᠳᠤ ᠰᠤᠷᠭᠠᠭᠤᠯᠢ
ᠵᠤᠬᠢᠶᠠᠭᠴᠢ᠄ ᠭ·ᠪᠠᠯᠵᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2010 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ