☆ ᠰ·ᠤᠯᠠᠭᠠᠨᠪᠠᠲᠤ
ᠬᠠᠢ᠌ᠷ᠎ᠠ ᠶᠢᠨ ᠦᠨᠳᠦᠷ
ᠬᠤᠯᠠ ᠶᠢᠨ ᠴᠡᠩᠭᠡᠷ ᠭᠦᠰᠡᠯ ᠢ
ᠢᠳᠡᠭᠡᠯ ᠤᠨ ᠨᠠᠷᠠ ᠪᠠᠷ ᠳᠤᠶᠠᠭᠠᠷᠠᠭᠤᠯᠵᠤ
ᠬᠤᠨᠤᠭ ᠊ᠤᠨ ᠶᠠᠭᠠᠨ ᠵᠡᠭᠦᠳᠤ ᠵᠢ
ᠢᠩᠭᠡᠨ ᠪᠣᠢ᠌ᠯᠠᠭ᠎ᠠ ᠪᠠᠷ ᠣᠶᠠᠷᠠᠭᠤᠯᠤᠭᠰᠠᠨ
ᠬᠤᠷᠤᠬᠠᠢ ᠲᠡᠶ ᠨᠢᠳᠤ ᠶᠢ ᠪᠠᠯᠴᠢᠭᠦᠯᠵᠤ
ᠬᠤᠪᠳᠤᠯ ᠤᠨ ᠭᠦᠨ ᠳᠤ ᠵᠤᠰᠠᠭᠰᠠᠨ
ᠬᠤᠷᠢᠨ ᠨᠠᠰᠤᠨ ᠤᠨ ᠨᠠᠮᠤᠷ ᠳᠤ
ᠬᠤᠵᠢᠮᠳᠠᠵᠤ ᠢᠷᠡᠭᠡ ᠬᠠᠢ᠌ᠷ᠎ᠠ ᠮᠢᠨᠢ
ᠥᠤᠷ ᠢ ᠴᠠᠢ᠌ᠯᠭᠠᠮᠠ ᠰᠠᠤᠠᠭᠢᠯ ᠳᠤ ᠴᠢᠨᠢ
ᠥᠷᠯᠦᠭᠡᠨ ᠤ ᠠᠭᠠᠷ ᠰᠢᠭ ᠰᠠᠨᠠᠭ᠎ᠠ ᠠᠷᠢᠭᠤᠰᠠᠨ
ᠡᠭᠦᠯᠡ ᠢᠷᠠᠭᠳᠠᠮᠠ ᠢᠨᠢᠶᠠᠳᠤᠨ ᠳᠤ ᠴᠢᠨᠢ
ᠦᠨᠡᠨ ᠬᠠᠢ᠌ᠷ᠎ᠠ ᠶᠢᠨ ᠪᠣᠳᠤᠯ ᠠᠯᠳᠠᠷᠠᠨ
ᠳᠡᠭ᠍ᠵᠢᠨ ᠬᠤᠩᠭ᠋ᠤᠷ ᠠᠭᠠᠰᠢ ᠳᠠᠢ
ᠳᠡᠯᠭᠡᠷ ᠨᠠᠰᠤᠨ ᠤ ᠰᠤᠷ ᠢ ᠢᠯᠪᠢᠨ
ᠳᠡᠭ᠍ᠳᠡᠭᠦ ᠴᠤᠯᠭᠢᠨ ᠵᠠᠩ ᠳᠠᠢ
ᠳᠡᠪᠠᠷᠡᠭᠦᠤ ᠭᠦᠰᠡᠯ ᠤᠨ ᠰᠦᠷ ᠢ ᠢᠪᠠᠭᠡᠭ᠍ᠰᠡᠨ
ᠬᠠᠢ᠌ᠷᠠᠳᠠᠢ ᠴᠢᠨᠤ ᠬᠠᠷᠠᠴᠠᠨ ᠡᠴᠡ
ᠬᠠᠨᠢ ᠶᠢᠨ ᠵᠠᠶᠠᠭ᠎ᠠ ᠭᠦᠰᠡᠵᠤ ᠪᠢᠯᠠ
ᠬᠠᠯᠠᠭᠤᠨ ᠰᠠᠤᠠᠭᠢᠯ ᠤᠨ ᠣᠭ ᠡᠴᠡ ᠪᠠᠨ
ᠬᠠᠨᠢᠯᠠᠵᠤ ᠶᠠᠪᠣᠬᠤ ᠶᠢ ᠳᠤᠷᠠᠯᠠᠵᠤ ᠪᠢᠯᠠ᠃
ᠣᠷᠤᠭ᠎ᠠ ᠭᠦᠰᠡᠯ ᠢ ᠬᠠᠵᠠᠭᠠᠷᠯᠠᠭᠰᠠᠨ
ᠣᠢ ᠶᠢᠨ ᠳᠠᠩᠭᠢᠯ ᠰᠤᠭᠤ ᠴᠢ ᠪᠠᠢ᠌ᠯ᠎ᠠ
ᠣᠩᠭ᠋ᠤᠨ ᠬᠠᠢ᠌ᠷ᠎ᠠ ᠶᠢ ᠣᠭᠤᠰᠤᠷᠯᠠᠭᠰᠠᠨ
ᠣᠭᠤᠭ᠎ᠠ ᠭᠠᠩᠭ᠋ᠠᠩ ᠭᠡᠦᠭᠡᠨ ᠴᠢ ᠪᠠᠢ᠌ᠯ᠎ᠠ
ᠳᠠᠷᠠ ᠯᠠ ᠴᠠᠭ ᠡᠴᠡ ᠮᠢᠨᠤ ᠬᠠᠢ᠌ᠷ᠎ᠠ
ᠴᠢᠨᠤ ᠳᠦᠯᠦᠭᠡ ᠣᠠᠳᠤᠷᠳᠠᠭ ᠪᠣᠯᠵᠠᠢ
ᠳᠠᠷᠰᠯᠠᠵᠤ ᠪᠣᠴᠠᠬᠤ ᠶᠢᠨ ᠰᠠᠨᠠᠭ᠎ᠠ ᠥᠭᠡᠢ
ᠴᠡᠯᠮᠡᠭ᠌ ᠣᠬᠠᠭᠠᠨ ᠶᠢᠡᠷ ᠣᠷᠭᠤᠳᠠᠭ ᠪᠣᠯᠵᠠᠢ᠃
ᠬᠠᠷᠢᠨ ᠳᠡᠭᠡᠭᠦ ᠳᠤ ᠵᠠᠷᠢᠮ ᠳᠠᠭᠠᠨ ᠴᠢ
ᠬᠠᠳᠠᠭᠤ ᠴᠤ ᠳᠤᠭᠯᠠᠭᠠᠮ ᠭᠠᠷᠭᠠᠳᠠᠭ ᠪᠠᠢ᠌ᠵᠠᠢ
ᠬᠤᠩᠭ᠋ᠤᠷ ᠭᠡᠨᠡᠨ ᠰᠠᠤᠠᠭᠢᠯ ᠶᠢᠡᠷ ᠳᠤᠭᠯᠠᠨ
ᠬᠤᠭᠤᠰᠬᠠᠨ ᠨᠣᠢ᠌ᠷ ᠲᠡᠶ ᠶᠠᠪᠣᠭᠤᠯᠳᠠᠭ ᠪᠠᠢ᠌ᠵᠠᠢ᠃
ᠵᠢᠷᠦᠭᠡᠨ ᠳᠤ ᠪᠠᠭᠳᠠᠮ᠎ᠠ ᠪᠠᠶ᠎ᠠ ᠴᠢᠨᠢ
ᠵᠡᠭᠦᠳᠤᠨ ᠳᠤ ᠪᠠᠭᠤᠮ᠎ᠠ ᠳᠠᠭᠤᠤ ᠰᠢᠭ ᠭᠢᠯᠠᠰᠴᠤ
ᠭᠦᠰᠡᠯ ᠳᠤ ᠨᠤᠴᠤᠮᠠ ᠬᠠᠢ᠌ᠷ᠎ᠠ ᠴᠢᠨᠢ
ᠭᠡᠦᠭᠡᠨ ᠪᠠᠶ᠎ᠠ ᠶᠢ ᠳᠠᠩᠰᠢᠳᠠᠯᠠ ᠣᠶᠠᠰᠬᠠᠭᠰᠠᠨ
ᠳᠤᠤᠯᠢᠮ᠎ᠠ ᠬᠤᠷᠸ᠎ᠠ ᠳᠤ ᠭᠠᠭᠴᠠᠬᠠᠨ ᠣᠯᠳᠠᠮ᠎ᠠ
ᠳᠤᠷᠠᠯᠠᠯ ᠬᠠᠢ᠌ᠷᠠᠯᠠᠭᠰᠠᠨ ᠰᠠᠤᠠᠭᠢᠯ ᠴᠤ ᠪᠢᠯᠠ ᠦᠦ︖
ᠳᠠᠭᠤᠤ ᠳᠠᠭᠠᠨ ᠪᠣᠯᠪᠠᠯ ᠰᠢᠩᠭᠡᠴᠢᠭᠡᠮᠡ
ᠳᠤᠷᠠᠤᠠᠬᠠᠯ ᠤᠨ ᠴᠡᠩᠭᠡᠷ ᠬᠠᠶᠢᠭ ᠴᠤ ᠪᠢᠯᠠ ᠦᠦ︖
ᠰᠠᠷᠠᠨ ᠤ ᠳᠤᠤᠷᠠᠭᠢ ᠬᠤᠷᠸ᠎ᠠ ᠳᠤ
ᠳᠠᠭᠤᠯᠠᠵᠤ ᠶᠠᠪᠣᠬᠤ ᠳᠠᠭᠤᠤ ᠴᠤ ᠪᠢᠯᠠ ᠦᠦ︖
ᠰᠠᠨᠠᠭᠠᠨ ᠤ ᠭᠦᠨ ᠳᠤ ᠮᠤᠠᠴᠤᠭᠯᠠᠭᠰᠠᠨ
ᠳᠤᠷᠠᠨ ᠬᠠᠢ᠌ᠷ᠎ᠠ ᠶᠢᠨ ᠳᠤᠮᠤᠭ ᠴᠤ ᠪᠢᠯᠠ ᠦᠦ︖
ᠳᠡᠯᠡᠭᠡᠢ ᠡᠵᠢ ᠶᠢᠨ ᠡᠪᠦᠷ ᠲᠤ ᠮᠥᠰᠢᠶᠡᠭᠦ
ᠳᠡᠯᠭᠡᠷ ᠮᠤᠩᠭ᠋ᠤᠯ ᠨᠠᠢ᠌ᠷᠠᠭ ᠤᠨ ᠭᠡᠦᠭᠡᠨ
ᠳᠡᠩᠳᠡᠭᠦᠤ ᠡᠮᠵᠡᠭ᠍ᠭᠡᠨ ᠬᠠᠢ᠌ᠷ᠎ᠠ ᠶᠢᠨ ᠬᠤᠨ ᠤ
ᠳᠠᠪᠠᠷᠢᠵᠤ ᠭᠦᠷᠦᠮ᠎ᠡ ᠦᠭᠡᠶ ᠣᠩᠭ᠋ᠤᠨ ᠣᠷᠭᠢᠯ
ᠢᠨᠢᠶᠠᠵᠤ ᠢᠷᠡᠭᠦ ᠮᠠᠷᠭᠠᠰᠢ ᠶᠢᠨ
ᠢᠳᠡᠭᠡᠯ ᠳᠦᠰᠢᠭ᠍ᠰᠡᠨ ᠨᠠᠷᠠ ᠪᠢᠯᠠ
ᠶᠡᠭᠡ ᠣᠢ᠌ᠯᠠᠰ ᠢ ᠵᠢᠭᠦᠷᠯᠡᠭ᠍ᠰᠡᠨ
ᠢᠷᠮᠡᠭᠦᠨ ᠭᠦᠰᠡᠯ ᠤᠨ ᠳᠤᠭ ᠪᠢᠯᠠ ᠡ᠃
ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3527
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ