《ᠬᠤᠯᠤᠰᠤᠨ ᠲᠠᠰᠢᠭᠤᠷ》ᠳᠠᠭᠤᠤ ᠶᠢᠨ ᠳᠤᠮᠤᠭ
ᠰᠠᠢᠨ ᠨᠤᠶᠠᠨ ᠬᠠᠨ ᠠᠢᠮᠠᠭ ᠤᠨ ᠰᠡᠴᠡᠨ ᠴᠢᠨ ᠸᠠᠩ ᠤᠨ ᠬᠤᠰᠢᠭᠤ᠂ ᠡᠳᠦᠭᠡ ᠶᠢᠨ ᠠᠷᠤᠬᠠᠩᠭᠠᠢ ᠠᠢᠮᠠᠭ ᠤᠨ ᠬᠤᠢᠳᠤ ᠲᠠᠮᠢᠷ ᠤᠨ ᠭᠤᠤᠯ ᠶᠢᠡᠷ ᠨᠤᠲᠤᠭᠯᠠᠵᠤ ᠪᠠᠢᠭᠰᠠᠨ ᠨᠢᠭᠡᠨ ᠲᠠᠢᠵᠢ ᠢᠵᠠᠭᠤᠷᠲᠠᠨ ᠤ ᠦᠬᠢᠨ ᠭᠦᠩᠴᠢᠳᠮ᠎ᠠ ᠭᠡᠭᠴᠢ ᠨᠤᠲᠤᠭ ᠤᠰᠤᠨ ᠳᠠᠭᠠᠨ ᠭᠠᠢᠬᠠᠭᠳᠠᠭᠰᠠᠨ ᠰᠠᠢᠬᠠᠨ ᠪᠦᠰᠡᠭᠦᠢ ᠪᠠᠢᠭᠰᠠᠨ ᠭᠡᠨ᠎ᠡ᠃ ᠬᠦᠩᠴᠢᠳᠮᠠ ᠶᠢ 《ᠬᠦᠩ》 ᠊ᠤᠨ ᠦᠬᠢᠨ ᠭᠡᠯᠴᠡᠬᠦ ᠨᠢ ᠲᠡᠭᠦᠨ ᠦ ᠡᠴᠢᠭᠡ ᠬᠦᠩ ᠬᠡᠷᠬᠡᠮ ᠴᠤᠯᠠ ᠲᠠᠢ ᠬᠦᠮᠦᠨ ᠪᠠᠢᠭᠰᠠᠨ ᠡᠴᠡ ᠡᠭᠦᠰᠦᠯᠲᠡᠢ᠃
ᠭᠦᠩᠴᠢᠳᠮ᠎ᠠ ᠪᠤᠯᠠᠭᠠᠨ ᠤ ᠢᠷᠭᠠᠢᠲᠤ ᠶᠢᠨ ᠭᠤᠤᠯ ᠶᠢᠡᠷ ᠨᠤᠲᠤᠭᠯᠠᠵᠤ ᠪᠠᠢᠭᠰᠠᠨ ᠶᠠᠳᠠᠭᠤ ᠠᠷᠠᠳ ᠳᠤᠷᠯᠢᠭ ᠭᠡᠳᠡᠭ ᠬᠦᠮᠦᠨ ᠲᠡᠢ ᠲᠠᠨᠢᠯᠴᠠᠨ ᠬᠠᠨᠢᠯᠠᠨ ᠰᠠᠭᠤᠬᠤ ᠪᠠᠷ ᠨᠢᠭᠤᠴᠠᠬᠠᠨ ᠳᠠᠭᠠᠨ ᠲᠤᠬᠢᠷᠠᠯᠴᠠᠭᠰᠠᠨ ᠭᠡᠨ᠎ᠡ᠃ ᠳᠤᠷᠯᠢᠭ ᠨᠢ ᠰᠠᠢᠬᠠᠨ ᠳᠠᠭᠤᠯᠠᠳᠠᠭ ᠤᠴᠢᠷ ᠨᠤᠲᠤᠭ ᠲᠠᠭᠠᠨ ᠲᠡᠢᠨᠬᠦ 《ᠬᠤᠨ ᠳᠠᠭᠤᠲᠤ》 ᠬᠡᠮᠡᠨ ᠠᠯᠳᠠᠷᠰᠢᠵᠠᠢ᠃
ᠨᠢᠭᠡᠨ ᠤᠳᠠᠭ᠎ᠠ ᠬᠤᠨ ᠳᠠᠭᠤᠳᠤ ᠳᠤᠷᠯᠢᠭ ᠪᠡᠭᠡᠵᠢᠩ ᠳᠦ ᠵᠢᠩ ᠲᠡᠭᠡᠭᠡᠵᠦ ᠤᠴᠢᠬᠤ ᠳᠤ ᠬᠢᠲᠠᠳ ᠬᠤᠳᠠᠯᠳᠤᠭᠠᠴᠢᠳ ᠬᠤᠳᠠᠯᠳᠤᠬᠤ ᠪᠠᠷᠠᠭ᠎ᠠ ᠶᠢ ᠨᠢ ᠵᠦᠭᠡᠷ ᠠᠪᠬᠤ ᠭᠡᠰᠡᠨ ᠦ ᠤᠴᠢᠷ ᠫᠦᠰᠡ ᠶᠢᠨ ᠳᠠᠩᠵᠢᠶᠠᠳᠠ ᠲᠠᠢ ᠮᠠᠭᠤᠳᠠᠯᠴᠠᠵᠤ᠂ ᠪᠠᠷᠢᠪᠴᠢᠯᠠᠭᠳᠠᠨ ᠳᠤᠲᠤᠷ ᠭᠠᠵᠠᠷ ᠤᠨ ᠱᠤᠷᠤᠩ ᠳᠤ ᠬᠤᠷᠢᠭᠳᠠᠵᠤ᠂ ᠲᠡᠨᠳᠡ ᠡᠴᠡ ᠡᠷ᠎ᠡ ᠴᠢᠳᠠᠯ ᠠᠷᠭ᠎ᠠ ᠤᠬᠠᠭᠠᠨ ᠶᠢᠠᠷ ᠤᠷᠭᠤᠵᠤ ᠡᠬᠡ ᠨᠤᠲᠤᠭ ᠲᠠᠭᠠᠨ ᠪᠡᠳᠡᠷᠴᠦ ᠶᠠᠪᠤᠬᠤ ᠵᠠᠮ ᠳᠠᠭᠠᠨ 《ᠬᠤᠯᠤᠰᠤᠨ ᠲᠠᠰᠢᠭᠤᠷ》 ᠬᠡᠮᠡᠬᠦ ᠠᠷᠠᠳ ᠤᠨ ᠳᠠᠭᠤᠤ ᠶᠢ ᠵᠤᠬᠢᠶᠠᠨ ᠳᠠᠭᠤᠯᠠᠭᠰᠠᠨ ᠨᠢ᠄
ᠬᠤᠯᠤᠰᠤᠨ ᠳᠠᠰᠢᠭᠤᠷ ᠨᠢ ᠪᠠᠢ᠌ᠭᠠᠰᠠᠢ
ᠬᠤᠷᠤᠭᠤᠨ ᠳᠠᠭᠠᠨ ᠡᠯᠭᠦᠭᠡᠳ ᠶᠠᠪᠣᠬᠤ ᠶᠤᠮᠰᠠᠨ
ᠬᠠᠤᠯᠢ ᠴᠠᠭᠠᠵᠠ ᠦᠭᠡᠶ ᠴᠤ ᠪᠣᠯᠤᠭᠠᠰᠠᠢ ᠳ᠋ᠠ ᠭᠦᠤ ᠮᠢᠨᠢ ᠳ᠋ᠡ ᠭᠦᠢ
ᠬᠠᠭᠤᠴᠢᠨ ᠨᠤᠳᠤᠭ ᠢᠷᠠᠭᠤ ᠳᠠᠭᠠᠨ ᠪᠤᠴᠠᠬᠤ ᠶᠤᠮᠰᠠᠨ ᠳ᠋ᠠ ᠶᠠᠭᠠᠭᠢᠶ᠎ᠠ ᠳ᠋ᠠ ᠭᠦᠢ
ᠢᠷᠭᠠᠢ ᠳᠠᠰᠢᠭᠤᠷ ᠨᠢ ᠪᠠᠢ᠌ᠭᠠᠰᠠᠢ
ᠶᠠᠩᠵᠤ ᠶᠢ ᠨᠢ ᠣᠯᠤᠭᠠᠤᠨ ᠪᠠᠷᠢᠬᠤ ᠶᠤᠮᠰᠠᠨ
ᠶᠠᠯ᠎ᠠ ᠴᠠᠭᠠᠵᠠ ᠦᠭᠡᠶ ᠴᠤ ᠪᠣᠯᠤᠭᠠᠰᠠᠢ ᠳ᠋ᠠ ᠭᠦᠤ ᠮᠢᠨᠢ ᠳ᠋ᠡ ᠭᠦᠢ
ᠢᠷᠭᠠᠢ᠌ᠳᠤ ᠶᠢᠨ ᠶᠢᠠᠨ ᠭᠤᠤᠯ ᠳᠠᠭᠠᠨ ᠠᠭᠤᠯᠵᠠᠬᠤ ᠶᠤᠮᠰᠠᠨ ᠳ᠋ᠠ ᠶᠠᠭᠠᠭᠢᠶ᠎ᠠ ᠳ᠋ᠠ ᠭᠦᠢ
ᠽᠠᠨᠳᠠᠨ ᠲᠠᠰᠢᠭᠤᠷ ᠨᠢ ᠪᠠᠢᠭᠠᠰᠠᠢ
ᠵᠠᠰᠠᠵᠤ ᠪᠠᠷᠢᠭᠠᠳ ᠶᠠᠪᠤᠬᠤ ᠶᠤᠮᠰᠠᠨ
ᠵᠠᠷᠭᠤ ᠰᠢᠳᠭᠡᠯ ᠦᠭᠡᠢ ᠪᠤᠯᠤᠭᠠᠰᠠᠢ ᠳᠠ ᠬᠦᠦ ᠮᠢᠨᠢ ᠡ ᠬᠦᠢ
ᠵᠠᠰᠠᠭ ᠬᠤᠰᠢᠭᠤᠨ ᠳᠠᠭᠠᠨ ᠤᠴᠢᠬᠤ ᠶᠤᠮᠰᠠᠨ ᠳᠠ ᠶᠠᠭᠠᠬᠢᠶ᠎ᠠ ᠳᠠ ᠪᠠᠢᠵᠠ
ᠪᠤᠷᠭᠠᠰᠤᠨ ᠲᠠᠰᠢᠭᠤᠷ ᠨᠢ ᠪᠠᠢᠭᠠᠰᠠᠢ
ᠪᠠᠭᠤᠤ ᠳᠠᠭᠠᠨ ᠡᠯᠭᠦᠭᠡᠳ ᠶᠠᠪᠤᠬᠤ ᠶᠤᠮᠰᠠᠨ
ᠪᠤᠷᠤᠭᠤᠳᠠᠭᠤᠯᠳᠠᠭ ᠬᠠᠤᠯᠢ ᠦᠭᠡᠢ ᠪᠤᠯᠤᠭᠠᠰᠠᠢ ᠳᠠ ᠬᠦᠦ ᠮᠢᠨᠢ ᠡ ᠬᠦᠢ
ᠪᠤᠰᠤᠳ ᠤᠨ ᠨᠤᠲᠤᠭ ᠢ ᠭᠠᠷᠬᠤ ᠶᠤᠮᠰᠠᠨ ᠳᠠ ᠶᠠᠭᠠᠬᠢᠶ᠎ᠠ ᠳᠠ ᠬᠦᠢ
ᠠᠭᠤᠯᠠ ᠨᠢ ᠦᠨᠳᠦᠷ ᠪᠤᠯᠪᠠᠴᠤ
ᠤᠷᠢᠳᠠᠭᠤᠷ ᠨᠢ ᠭᠠᠷᠳᠠᠭ ᠵᠠᠮ ᠲᠠᠢ ᠳ᠋ᠠ
ᠤᠤᠭᠠᠯ ᠨᠤᠲᠤᠭ ᠤᠨ ᠴᠢᠮ᠎ᠠ ᠲᠠᠢ ᠪᠠᠨ ᠬᠦᠦ ᠮᠢᠨᠢ ᠳᠡ ᠬᠦᠢ
ᠤᠴᠠᠷᠠᠬᠤ ᠶᠢᠨ ᠢᠷᠦᠭᠡᠯ ᠢ ᠪᠤᠳᠤᠬᠤ ᠤᠤ ᠳᠠ ᠶᠠᠭᠠᠬᠢᠶ᠎ᠠ ᠳᠠ ᠪᠠᠢᠵᠠ
ᠤᠰᠤ ᠨᠢ ᠭᠦᠨᠵᠡᠭᠡᠢ ᠪᠤᠯᠪᠠᠴᠤ
ᠤᠭᠲᠤᠭᠠᠳ ᠭᠠᠷᠳᠠᠭ ᠭᠠᠷᠠᠮ ᠲᠠᠢ ᠳᠠ
ᠤᠬᠠᠭᠠᠨ ᠰᠡᠷᠭᠦᠯᠡᠩ ᠴᠢᠮ᠎ᠠ ᠲᠠᠢ ᠪᠠᠨ ᠬᠦᠦ ᠮᠢᠨᠢ ᠳᠡ ᠬᠦᠢ
ᠠᠭᠤᠯᠵᠠᠨ ᠰᠠᠭᠤᠬᠤ ᠶᠢ ᠪᠤᠳᠤᠬᠤ ᠤᠤ ᠳᠠ ᠶᠠᠭᠠᠬᠢᠶ᠎ᠠ ᠳᠠ ᠪᠠᠢᠵᠠ
ᠳᠠᠯᠠᠢ ᠦᠷᠭᠡᠨ ᠪᠤᠯᠪᠠᠴᠤ
ᠳᠠᠪᠠᠭᠠᠳ ᠭᠠᠷᠳᠠᠭ ᠴᠤ ᠪᠤᠯᠳᠠᠭ ᠶᠤᠮ ᠳᠠ
ᠳᠠᠰᠤᠭᠰᠠᠨ ᠬᠤᠩᠭᠤᠷ ᠴᠢᠮ᠎ᠠ ᠲᠠᠢ ᠪᠠᠨ ᠬᠦᠦ ᠮᠢᠨᠢ ᠳᠡ ᠬᠦᠢ
ᠳᠠᠪᠠᠭᠠᠨ ᠤ ᠪᠠᠨ ᠠᠳᠠᠭ ᠲᠠᠭᠠᠨ ᠠᠭᠤᠯᠵᠠᠬᠤ ᠶᠤᠮᠰᠠᠨ ᠳᠠ ᠶᠠᠭᠠᠬᠢᠶ᠎ᠠ ᠳᠠ ᠪᠠᠢᠵᠠ
ᠭᠡᠵᠦ ᠳᠠᠭᠤᠯᠠᠭᠰᠠᠭᠠᠷ ᠨᠤᠲᠤᠭ ᠲᠠᠭᠠᠨ ᠬᠠᠷᠢᠵᠤ ᠢᠷᠡᠵᠡᠢ᠃ ᠬᠠᠢᠷᠠᠲᠤ ᠬᠡᠦᠬᠡᠨ ᠭᠦᠩᠴᠢᠳᠮ᠎ᠠ ᠲᠠᠢ ᠪᠠᠨ ᠠᠭᠤᠯᠵᠠᠬᠤ ᠭᠡᠵᠦ ᠪᠠᠢᠬᠤ ᠳᠦ 《ᠤᠷᠲᠤ ᠬᠤᠰᠢᠭᠤᠳᠠᠨ ᠤᠳ》 ᠲᠡᠭᠦᠨ ᠢ ᠲᠠᠮᠠᠭᠠᠨ ᠤ ᠭᠠᠵᠠᠷ ᠲᠤ ᠮᠡᠳᠡᠭᠳᠡᠵᠦ ᠪᠠᠷᠢᠭᠤᠯᠵᠠᠢ᠃ ᠪᠠᠷᠢᠭᠳᠠᠬᠤ ᠶᠢᠨ ᠡᠮᠦᠨᠡᠬᠡᠨ ᠬᠤᠨ ᠳᠠᠭᠤᠲᠤ ᠳᠤᠷᠯᠢᠭ ᠨᠠᠢᠵᠠ ᠨᠦᠬᠦᠳ ᠲᠦ ᠪᠡᠨ ᠨᠠᠢᠳᠠᠵᠤ ᠠᠪᠴᠢᠷᠠᠭᠰᠠᠨ ᠭᠠᠷ ᠤᠨ ᠪᠡᠯᠡᠭ ᠶᠢᠡᠨ ᠬᠠᠢᠷᠠᠲᠤ ᠬᠡᠦᠬᠡᠨ ᠳᠡᠭᠡᠨ ᠶᠠᠪᠤᠭᠤᠯᠤᠭᠠᠳ ᠦᠪᠡᠷ ᠤᠨ ᠪᠠᠢᠳᠠᠯ ᠢ ᠬᠡᠯᠡᠭᠦᠯᠪᠡ᠃ ᠭᠦᠩᠴᠢᠳᠮ᠎ᠠ ᠭᠠᠷ ᠪᠡᠯᠡᠭ ᠢ ᠲᠤᠰᠤᠨ ᠠᠪᠤᠭᠠᠳ᠄
ᠤᠯᠠᠭᠠᠨ ᠴᠠᠭᠠᠰᠤᠨ ᠳᠤ ᠪᠤᠭᠤᠳᠠᠯ ᠲᠠᠢ
ᠪᠡᠯᠡᠭ ᠢ ᠴᠢᠮ᠎ᠠ ᠡᠴᠡ ᠪᠠᠨ ᠠᠪᠤᠯ᠎ᠠ ᠳᠠ
ᠤᠯᠠᠭᠠᠨ ᠴᠠᠭᠠᠰᠤ ᠶᠢ ᠵᠠᠳᠠᠯᠪᠠᠯ ᠬᠦᠦ ᠮᠢᠨᠢ ᠡ ᠬᠦᠢ
ᠤᠷᠤᠭᠤᠯ ᠳᠠᠭᠠᠨ ᠲᠦᠷᠬᠢᠳᠡᠭ ᠪᠤᠳᠤᠭ ᠲᠠᠢ ᠶᠠᠭᠠᠬᠢᠮᠠᠢ ᠳᠠ
ᠬᠠᠷ᠎ᠠ ᠴᠠᠭᠠᠰᠤᠨ ᠪᠤᠭᠤᠳᠠᠯ ᠲᠠᠢ
ᠪᠡᠯᠡᠭ ᠢ ᠴᠢᠮ᠎ᠠ ᠡᠴᠡ ᠪᠡᠨ ᠠᠪᠤᠯ᠎ᠠ ᠳᠠ
ᠬᠠᠷ᠎ᠠ ᠴᠠᠭᠠᠰᠤ ᠶᠢ ᠵᠠᠳᠠᠯᠪᠠᠯ ᠳᠠ ᠬᠦᠦ ᠮᠢᠨᠢ ᠡ ᠬᠦᠢ
ᠬᠠᠨᠴᠤᠢ ᠪᠠᠨ ᠡᠮᠵᠢᠳᠡᠭ ᠡᠮᠵᠢᠶᠡᠷᠢ ᠲᠡᠢ ᠳᠡ ᠬᠦᠦ ᠮᠢᠨᠢ ᠡ ᠬᠦᠢ
ᠴᠠᠭᠠᠨ ᠴᠠᠭᠠᠰᠤᠨ ᠪᠤᠭᠤᠳᠠᠯ ᠲᠠᠢ
ᠪᠡᠯᠡᠭ ᠢ ᠴᠢᠮ᠎ᠠ ᠡᠴᠡ ᠪᠡᠨ ᠠᠪᠤᠯ᠎ᠠ ᠳᠠ
ᠴᠠᠭᠠᠨ ᠴᠠᠭᠠᠰᠤ ᠶᠢ ᠵᠠᠳᠠᠯᠪᠠᠯ ᠳᠠ ᠬᠦᠦ ᠮᠢᠨᠢ ᠡ ᠬᠦᠢ
ᠴᠢᠷᠠᠢ ᠳᠠᠭᠠᠨ ᠲᠦᠷᠬᠢᠬᠦ ᠡᠩᠭᠡᠰᠭᠡ ᠲᠡᠢ ᠶᠠᠭᠠᠬᠢᠮᠠᠢ ᠳ᠋ᠠ
ᠬᠦᠬᠡ ᠴᠠᠭᠠᠰᠤᠨ ᠪᠤᠭᠤᠳᠠᠯ ᠲᠠᠢ
ᠪᠡᠯᠡᠭ ᠢ ᠴᠢᠮ᠎ᠠ ᠡᠴᠡ ᠪᠡᠨ ᠠᠪᠤᠯ᠎ᠠ ᠳᠠ
ᠬᠦᠬᠡ ᠴᠠᠭᠠᠰᠤ ᠶᠢ ᠵᠠᠳᠠᠯᠪᠠᠯ ᠳᠠ ᠬᠦᠦ ᠮᠢᠨᠢ ᠡ ᠬᠦᠢ
ᠬᠦᠮᠦᠰᠭᠡᠨ ᠳᠡᠭᠡᠨ ᠲᠦᠷᠬᠢᠳᠡᠭ ᠪᠤᠳᠤᠭ ᠲᠠᠢ ᠳᠠ ᠬᠦᠦ ᠮᠢᠨᠢ ᠡ ᠬᠦᠢ
ᠶᠠᠭᠠᠨ ᠴᠠᠭᠠᠰᠤᠨ ᠪᠤᠭᠤᠳᠠᠯ ᠲᠠᠢ
ᠪᠡᠯᠡᠭ ᠢ ᠴᠢᠮ᠎ᠠ ᠡᠴᠡ ᠪᠡᠨ ᠠᠪᠤᠯ᠎ᠠ ᠳᠠ
ᠶᠠᠭᠠᠨ ᠴᠠᠭᠠᠰᠤ ᠶᠢ ᠵᠠᠳᠠᠯᠪᠠᠯ ᠳᠠ ᠬᠦᠦ ᠮᠢᠨᠢ ᠡ ᠬᠦᠢ
ᠶᠠᠷᠢᠬᠤ ᠵᠠᠬᠢᠶ᠎ᠠ ᠲᠤᠳᠤᠬᠠᠨ ᠳᠠ ᠶᠠᠭᠠᠬᠢᠮᠠᠢ ᠳ᠋ᠠ
ᠡᠷᠢᠶᠡᠨ ᠴᠠᠭᠠᠰᠤᠨ ᠪᠤᠭᠤᠳᠠᠯ ᠲᠠᠢ
ᠪᠡᠯᠡᠭ ᠢ ᠴᠢᠮ᠎ᠠ ᠡᠴᠡ ᠪᠡᠨ ᠠᠪᠤᠯ᠎ᠠ ᠳᠠ
ᠡᠷᠢᠶᠡᠨ ᠴᠠᠭᠠᠰᠤ ᠶᠢ ᠵᠠᠳᠠᠯᠪᠠᠯ ᠳᠠ ᠬᠦᠦ ᠮᠢᠨᠢ ᠡ ᠬᠦᠢ
ᠡᠩᠭᠡᠷ ᠲᠡᠭᠡᠨ ᠵᠡᠭᠦᠳᠡᠭ ᠵᠠᠢᠳᠠᠩ ᠲᠠᠢ ᠳᠡ ᠶᠠᠭᠠᠬᠢᠮᠠᠢ ᠳ᠋ᠠ
ᠭᠡᠵᠦ ᠳᠠᠭᠤᠯᠠᠵᠤ ᠪᠠᠢᠬᠤ ᠳᠤ ᠨᠢ ᠲᠠᠮᠠᠭᠠᠨ ᠤ ᠬᠢᠨ ᠬᠦᠯᠢᠶᠡᠰᠦ ᠲᠡᠢ ᠬᠤᠨ ᠳᠠᠭᠤᠲᠤ ᠳᠤᠷᠯᠢᠭ ᠢ ᠬᠢᠲᠠᠳ ᠤᠨ ᠠᠮᠪᠠᠨ ᠳᠤ ᠬᠦᠷᠭᠡᠬᠦ ᠪᠡᠷ ᠦᠬᠡᠷ ᠲᠡᠷᠭᠡ ᠪᠡᠷ ᠠᠪᠴᠤ ᠶᠠᠪᠤᠵᠠᠢ᠃
ᠲᠡᠷᠡ ᠦᠶ᠎ᠡ ᠳᠦ ᠭᠦᠩᠴᠢᠳᠮ᠎ᠠ ᠳᠠᠭᠤᠲᠤ ᠳᠤᠷᠯᠢᠭ ᠤᠨ ᠶᠢᠡᠨ ᠤᠴᠢᠷ ᠪᠠᠢᠳᠠᠯ ᠢ ᠮᠡᠳᠡᠭᠡᠳ ᠨᠤᠲᠤᠭ ᠤᠨ ᠬᠡᠳᠦᠨ ᠵᠠᠯᠠᠭᠤᠰ ᠤᠨ ᠬᠠᠮᠲᠤ ᠬᠤᠨ ᠳᠠᠭᠤᠲᠤ ᠳᠤᠷᠯᠢᠭ ᠢ ᠪᠤᠯᠢᠶᠠᠬᠤ ᠪᠡᠷ ᠵᠡᠪᠰᠡᠭᠯᠡᠭᠡᠳ ᠮᠠᠨᠠᠵᠤ ᠬᠤᠨᠤᠭᠯᠠᠬᠤ ᠭᠠᠵᠠᠷ ᠲᠤ ᠨᠢ ᠲᠤᠰᠴᠤ ᠪᠠᠢᠪᠠ᠃ ᠭᠦᠩᠴᠢᠳᠮ᠎ᠠ ᠡᠨᠡ ᠲᠤᠬᠠᠢ ᠦᠨᠳᠦᠷ ᠠᠭᠤᠯᠠ ᠶᠢᠨ ᠤᠷᠤᠢ ᠡᠴᠡ ᠬᠤᠨ ᠳᠠᠭᠤᠲᠤ ᠳᠤᠷᠯᠢᠭ ᠲᠠᠭᠠᠨ ᠳᠠᠭᠤᠯᠠᠨ ᠮᠡᠳᠡᠭᠳᠡᠵᠡᠢ᠄
ᠪᠠᠷᠢᠭᠰᠠᠨ ᠲᠠᠰᠢᠭᠤᠷ ᠨᠢ ᠪᠠᠢᠬᠤ ᠦᠭᠡᠢ ᠴᠤ
ᠪᠠᠴᠢᠮᠳᠠᠵᠤ ᠪᠢᠲᠡᠭᠡᠢ ᠰᠠᠨᠳᠤᠷᠠᠭᠠᠷᠠᠢ
ᠪᠠᠭ᠎ᠠ ᠶᠢᠨ ᠳᠠᠰᠤᠭᠰᠠᠨ ᠨᠤᠲᠤᠭ ᠲᠠᠭᠠᠨ ᠬᠦᠦ ᠮᠢᠨᠢ ᠡ ᠬᠦᠢ
ᠪᠠᠷ᠎ᠠ ᠶᠢ ᠨᠢ ᠬᠠᠷᠠᠨ᠎ᠠ ᠳ᠋ᠠ ᠬᠦᠭᠡᠷᠦᠬᠦᠢ ᠳᠡ
ᠬᠤᠯᠤᠰᠤᠨ ᠲᠠᠰᠢᠭᠤᠷ ᠨᠢ ᠪᠠᠢᠬᠤ ᠦᠭᠡᠢ ᠴᠤ
ᠬᠤᠢᠰᠠᠭᠠᠨᠠᠵᠤ ᠪᠢᠲᠡᠭᠡᠢ ᠰᠠᠨᠳᠤᠷᠠᠭᠠᠷᠠᠢ
ᠬᠤᠪᠢ ᠲᠠᠢ ᠲᠦᠷᠦᠭᠰᠡᠨ ᠴᠢᠮ᠎ᠠ ᠲᠠᠢ ᠪᠠᠨ ᠬᠦᠦ ᠮᠢᠨᠢ ᠡ ᠬᠦᠢ
ᠬᠠᠭᠤᠴᠢᠨ ᠨᠤᠲᠤᠭ ᠲᠠᠭᠠᠨ ᠠᠭᠤᠯᠵᠠᠨ᠎ᠠ ᠳᠠ ᠭᠠᠢᠭᠤᠢ ᠳᠡ
ᠶᠠᠷᠭᠠᠢ ᠲᠠᠰᠢᠭᠤᠷ ᠨᠢ ᠪᠠᠢᠬᠤ ᠦᠭᠡᠢ ᠴᠤ
ᠶᠠᠷᠢᠶ᠎ᠠ ᠬᠦᠭᠡᠷᠦᠭᠡ ᠲᠡᠢ ᠶᠠᠪᠤᠭᠠᠷᠠᠢ
ᠢᠨᠠᠭᠯᠠᠨ ᠳᠠᠰᠤᠭᠰᠠᠨ ᠨᠤᠲᠤᠭ ᠲᠠᠭᠠᠨ ᠬᠦᠦ ᠮᠢᠨᠢ ᠡ ᠬᠦᠢ
ᠶᠠᠭᠠᠬᠢᠰᠭᠢᠭᠡᠳ ᠴᠤ ᠠᠭᠤᠯᠵᠠᠨ᠎ᠠ ᠰᠢᠦ ᠶᠠᠭᠠᠬᠢᠮᠠᠢ ᠳᠠ
ᠽᠠᠨᠳᠠᠨ ᠲᠠᠰᠢᠭᠤᠷ ᠨᠢ ᠪᠠᠢᠬᠤ ᠦᠭᠡᠢ ᠴᠤ
ᠵᠠᠩ ᠶᠢᠡᠨ ᠪᠢᠲᠡᠭᠡᠢ ᠬᠤᠪᠢᠷᠠᠭᠠᠭᠠᠷᠠᠢ
ᠵᠠᠶᠠᠭᠠᠨ ᠤ ᠠᠮᠠᠷᠠᠭ ᠴᠢᠮ᠎ᠠ ᠲᠠᠢ ᠪᠠᠨ ᠬᠦᠦ ᠮᠢᠨᠢ ᠡ ᠬᠦᠢ
ᠵᠢᠭᠠᠭᠰᠠᠨ ᠭᠠᠵᠠᠷ ᠲᠠᠭᠠᠨ ᠯᠠ ᠠᠭᠤᠯᠵᠠᠨ᠎ᠠ ᠳᠠ ᠦᠷ᠎ᠡ ᠮᠢᠨᠢ ᠡ ᠬᠦᠢ
ᠪᠤᠷᠭᠠᠰᠤᠨ ᠲᠠᠰᠢᠭᠤᠷ ᠨᠢ ᠪᠠᠢᠬᠤ ᠦᠭᠡᠢ ᠴᠦ
ᠪᠤᠷᠤᠭᠤ ᠵᠦᠷᠢᠭᠦᠦ ᠦᠭᠡᠢ ᠶᠠᠪᠤᠭᠠᠷᠠᠢ ᠳ᠋ᠠ
ᠪᠠᠭᠤᠭᠰᠠᠨ ᠭᠠᠵᠠᠷ ᠡᠴᠡ ᠴᠢᠮ᠎ᠠ ᠪᠠᠨ ᠬᠦᠥ ᠮᠢᠨᠢ ᠡ ᠬᠦᠢ
ᠪᠤᠯᠳᠠᠭᠤᠯᠵᠤ ᠠᠪᠤᠨ᠎ᠠ ᠳ᠋ᠠ ᠬᠦᠦ ᠮᠢᠨᠢ ᠡ ᠬᠦᠢ
ᠭᠡᠵᠦ ᠳᠠᠭᠤᠯᠠᠬᠤ ᠳᠤ ᠬᠤᠨ ᠳᠠᠭᠤᠲᠤ ᠳᠤᠷᠯᠢᠭ ᠬᠠᠷᠢᠭᠤ ᠳᠤᠨᠢ᠄
ᠠᠭᠤᠯᠠ ᠠᠭᠤᠯᠠ ᠨᠢ ᠦᠨᠳᠦᠷ ᠪᠤᠯᠪᠠᠴᠤ
ᠤᠭᠲᠤᠭᠠᠳ ᠤᠷᠤᠭᠤᠳᠠᠳᠠᠭ ᠵᠠᠮ ᠲᠠᠢ ᠳ᠋ᠠ
ᠤᠬᠠᠭᠠᠨ ᠰᠡᠷᠭᠦᠯᠡᠩ ᠴᠢᠮ᠎ᠠ ᠲᠠᠢ ᠪᠠᠨ ᠬᠦᠦ ᠮᠢᠨᠢ ᠡ ᠬᠦᠢ
ᠠᠭᠤᠯᠵᠠᠨ ᠰᠠᠭᠤᠬᠤ ᠶᠢ ᠪᠤᠳᠤᠶ᠎ᠠ ᠳ᠋ᠠ ᠬᠦᠭᠡᠷᠦᠬᠦᠢ ᠳᠡ
ᠡᠭᠦᠯᠡ ᠡᠭᠦᠯᠡ ᠶᠢᠨ ᠳᠤᠮᠳᠠ ᠡᠴᠡ
ᠦᠷᠢᠯ ᠦᠨ ᠮᠦᠨᠳᠦᠷ ᠱᠠᠭᠢᠨ᠎ᠠ ᠳ᠋ᠠ
ᠦᠨᠡᠨ ᠬᠠᠢᠷ᠎ᠠ ᠲᠠᠢ ᠴᠢᠮ᠎ᠠ ᠲᠠᠢ ᠪᠠᠨ ᠬᠦᠦ ᠮᠢᠨᠢ ᠳ᠋ᠡ ᠬᠦᠢ
ᠦᠪᠡᠷ ᠦᠨ ᠨᠤᠲᠤᠭ ᠲᠠᠭᠠᠨ ᠠᠭᠤᠯᠵᠠᠨ᠎ᠠ ᠳᠠ ᠬᠦᠭᠡᠷᠦᠬᠦᠢ ᠳ᠋ᠡ
ᠠᠮᠠᠷᠠᠭ ᠬᠤᠩᠭᠤᠷ ᠴᠢᠮ᠎ᠠ ᠲᠠᠢ ᠪᠠᠨ
ᠠᠯᠢᠶᠠᠯᠠᠨ ᠰᠠᠢᠬᠠᠨ ᠵᠢᠷᠭᠠᠬᠤ ᠤᠤ ᠳ᠋ᠠ
ᠠᠯᠤᠰ ᠨᠤᠲᠤᠭ ᠢ ᠳᠠᠮᠵᠢᠭᠠᠳ ᠬᠦᠦ ᠮᠢᠨᠢ ᠳ᠋ᠡ ᠬᠦᠢ
ᠠᠮᠪᠠᠨ ᠤ ᠶᠠᠯ᠎ᠠ ᠡᠴᠡ ᠮᠤᠯᠲᠤᠷᠠᠬᠤ ᠤᠤ ᠳᠠ ᠬᠦᠦ ᠮᠢᠨᠢ ᠳ᠋ᠡ ᠬᠦᠢ
ᠬᠤᠩᠭᠤᠷ ᠬᠠᠢᠷ᠎ᠠ ᠲᠠᠢ ᠴᠢᠮ᠎ᠠ ᠲᠠᠢ ᠪᠠᠨ
ᠬᠤᠭᠤᠰᠤᠨ ᠪᠠᠢᠭᠰᠠᠨ ᠴᠤ ᠬᠠᠮᠢᠶ᠎ᠠ ᠦᠭᠡᠢ ᠳ᠋ᠡ
ᠬᠤᠰᠢᠭᠤ ᠠᠯᠤᠰ ᠡᠴᠡ ᠠᠮᠢᠳᠤᠷᠠᠵᠠᠢ ᠬᠦᠦ ᠮᠢᠨᠢ ᠳ᠋ᠡ ᠬᠦᠢ
ᠬᠤᠨᠤᠭ ᠦᠩᠭᠡᠷᠡᠭᠦᠯᠵᠦ ᠶᠠᠪᠤᠬᠤ ᠤᠤ ᠳᠠ ᠦᠶ᠎ᠡ ᠮᠢᠨᠢ ᠳᠡ ᠬᠦᠢ
ᠨᠢᠭᠤᠮᠠᠯ ᠬᠡᠷᠡᠭ ᠡᠴᠡ ᠮᠤᠯᠲᠤᠷᠠᠭᠠᠳ
ᠨᠤᠲᠤᠭ ᠠᠯᠭᠠᠰᠠᠨ ᠶᠠᠪᠤᠬᠤ ᠤᠤ ᠳᠠ
ᠨᠢᠭᠤᠴᠠᠯᠠᠭᠰᠠᠨ ᠠᠮᠠᠷᠠᠭ ᠴᠢᠮ᠎ᠠ ᠲᠠᠢ ᠪᠠᠨ ᠪᠢ ᠴᠢᠨᠢ ᠡ ᠬᠦᠢ
ᠨᠢᠭᠤᠯ ᠦᠭᠡᠢ ᠰᠠᠢᠬᠠᠨ ᠵᠢᠷᠭᠠᠬᠤ ᠤᠤ ᠳᠠ ᠦᠷ᠎ᠡ ᠮᠢᠨᠢ ᠡ ᠬᠦᠢ
ᠭᠡᠵᠦ ᠳᠠᠭᠤᠯᠠᠬᠤ ᠳᠤ ᠭᠦᠩᠴᠢᠳᠮ᠎ᠠ᠄
ᠤᠨᠤᠨ ᠠᠭᠤᠯᠠ ᠶᠢ ᠴᠠᠩᠳᠠᠭᠤᠯᠤᠭᠰᠠᠨ
ᠤᠮᠤᠭᠲᠤ ᠬᠦᠢᠲᠡᠨ ᠦ ᠡᠷᠴᠢ ᠡ ᠬᠦᠢ
ᠤᠯᠠᠨ ᠪᠦᠭᠦᠳᠡ ᠶᠢ ᠵᠤᠪᠠᠭᠠᠭᠰᠠᠨ
ᠤᠯᠢᠭ ᠮᠠᠭᠤ ᠲᠠᠢ ᠬᠠᠤᠯᠢ ᠡ ᠶᠠᠭᠠᠬᠢᠶ᠎ᠠ ᠳᠠ ᠪᠠᠢᠵᠠ
ᠨᠠᠪᠴᠢ ᠲᠠᠢ ᠮᠤᠳᠤ ᠶᠢ ᠰᠢᠷᠠᠯᠠᠭᠤᠯᠤᠭᠰᠠᠨ
ᠨᠠᠮᠤᠷ ᠤᠨ ᠬᠦᠢᠲᠡᠨ ᠰᠠᠯᠬᠢ ᠤᠤ ᠳᠠ
ᠨᠠᠰᠤᠨ ᠲᠤᠷᠰᠢᠳᠠ ᠵᠤᠪᠠᠭᠠᠭᠰᠠᠨ ᠬᠦᠦ ᠮᠢᠨᠢ ᠡ ᠬᠦᠢ
ᠨᠠᠩᠴᠢᠳ ᠠᠷᠬᠢᠨ ᠬᠠᠤᠯᠢ ᠶᠡ ᠶᠠᠭᠠᠬᠢᠶ᠎ᠠ ᠳᠠ ᠪᠠᠢᠵᠠ
ᠭᠡᠵᠦ ᠳᠠᠭᠤᠯᠠᠬᠤ ᠳᠤ ᠳᠤᠷᠯᠢᠭ᠄
ᠭᠦᠩᠴᠡᠦ ᠳᠡᠪᠡᠯ ᠲᠡᠢ ᠭᠦᠩᠴᠢᠳᠮ᠎ᠠ ᠮᠢᠨᠢ ᠡ ᠬᠦᠢ
ᠭᠦᠩ ᠦᠨ ᠶᠢᠡᠨ ᠨᠤᠲᠤᠭ ᠡᠴᠡ ᠭᠠᠷᠤᠯ᠎ᠠ ᠳᠠ ᠬᠦᠢ
ᠬᠦᠩ ᠦᠨ ᠬᠤᠰᠢᠭᠤᠨ ᠤ ᠴᠢᠮ᠎ᠠ ᠲᠠᠢ ᠪᠠᠨ ᠬᠦᠦ ᠮᠢᠨᠢ ᠡ ᠬᠦᠢ
ᠭᠦᠨᠳᠦᠦ ᠦᠭᠡᠢ ᠰᠠᠢᠬᠠᠨ ᠠᠮᠢᠳᠤᠷᠠᠬᠤ ᠤᠤ ᠳᠠ ᠬᠦᠭᠡᠷᠦᠬᠦᠢ ᠶᠡ ᠬᠦᠢ
ᠰᠠᠷ᠎ᠠ ᠡᠳᠦᠷ ᠢ ᠳᠤᠪᠴᠢᠯᠠᠭᠰᠠᠨ ᠶᠢᠡᠷ
ᠰᠠᠭᠠᠬᠠᠯᠲᠠ ᠶᠢᠨ ᠬᠤᠰᠢᠭᠤᠨ ᠳᠤ ᠠᠮᠢᠳᠤᠷᠠᠬᠤ ᠤᠤ ᠳᠠ
ᠰᠠᠨᠠᠭᠠᠨ ᠤ ᠠᠮᠠᠷᠠᠭ ᠴᠢᠮ᠎ᠠ ᠲᠠᠢ ᠪᠠᠨ ᠬᠦᠦ ᠮᠢᠨᠢ ᠡ ᠬᠦᠢ
ᠰᠠᠢᠬᠠᠨ ᠵᠢᠷᠭᠠᠬᠤ ᠶᠢ ᠪᠤᠳᠤᠬᠤ ᠤᠤ ᠳᠠ ᠦᠷ᠎ᠡ ᠮᠢᠨᠢ ᠡ ᠬᠦᠢ
ᠭᠡᠵᠦ ᠳᠠᠭᠤᠯᠠᠵᠠᠢ᠃
ᠤᠷᠤᠢ ᠪᠤᠯᠵᠤ ᠤᠳᠤᠨ ᠮᠡᠴᠢᠳ ᠭᠢᠯᠠᠯᠵᠠᠬᠤ ᠦᠶ᠎ᠡ ᠪᠡᠷ ᠬᠤᠨ ᠳᠠᠭᠤᠲᠤ ᠳᠤᠷᠯᠢᠭ ᠢ ᠨᠦᠬᠦᠳ ᠨᠢ ᠰᠤᠯᠠᠯᠠᠨ ᠠᠪᠴᠤ ᠭᠦᠩᠴᠢᠳᠮ᠎ᠠ ᠲᠡᠷᠡ ᠬᠤᠶᠠᠷ ᠢ ᠬᠤᠰᠢᠭᠤ ᠠᠯᠤᠰᠯᠠᠨ ᠤᠷᠭᠤᠭᠤᠯᠵᠠᠢ᠃ ᠳᠤᠷᠯᠢᠭ ᠭᠦᠩᠴᠢᠳᠮ᠎ᠠ ᠶᠢᠨ ᠬᠠᠮᠲᠤ ᠬᠤᠰᠢᠭᠤ ᠠᠯᠤᠰᠯᠠᠨ ᠶᠠᠪᠤᠬᠤ ᠳᠠᠭᠠᠨ᠄
ᠬᠦᠬᠡᠷᠡᠨ ᠪᠠᠢᠭ᠎ᠠ ᠨᠤᠲᠤᠭ ᠢ ᠪᠠᠨ
ᠬᠦᠨᠲᠦᠷᠡᠭᠦᠯᠦᠨ ᠳᠠᠪᠬᠢᠭᠠᠳ ᠲᠤᠭᠤᠯᠠᠬᠤ ᠤᠤ ᠳᠠ
ᠬᠦᠮᠦᠨ ᠦ ᠪᠢᠴᠢᠬᠠᠨ ᠴᠢᠮ᠎ᠠ ᠲᠠᠢ ᠪᠠᠨ ᠬᠦᠦ ᠮᠢᠨᠢ ᠡ ᠬᠦᠢ
ᠬᠦᠰᠡᠯ ᠵᠢᠷᠭᠠᠯ ᠢ ᠡᠳ᠋ᠯᠡᠬᠦ ᠤᠤ ᠳᠡ ᠶᠠᠭᠠᠬᠢᠮᠠᠢ ᠳᠠ
ᠨᠤᠭᠤᠭᠠᠷᠠᠨ ᠪᠠᠢᠭ᠎ᠠ ᠠᠭᠤᠯᠠ ᠶᠢ ᠪᠠᠨ
ᠨᠠᠮᠢᠯᠵᠠᠭᠤᠯᠤᠨ ᠳᠠᠪᠬᠢᠭᠠᠳ ᠲᠤᠭᠤᠯᠠᠬᠤ ᠤᠤ ᠳᠠ
ᠨᠤᠲᠤᠭ ᠤᠨ ᠬᠠᠢᠷ᠎ᠠ ᠲᠠᠢ ᠴᠢᠮ᠎ᠠ ᠲᠠᠢ ᠪᠠᠨ ᠬᠦᠦ ᠮᠢᠨᠢ ᠡ ᠬᠦᠢ
ᠨᠠᠰᠤᠨ ᠲᠤᠷᠰᠢᠳᠠ ᠵᠢᠷᠭᠠᠬᠤ ᠤᠤ ᠳᠠ ᠶᠠᠭᠠᠬᠢᠮᠠᠢ ᠳᠠ
ᠡᠷᠭᠢᠯᠳᠦᠨ ᠪᠠᠢᠭ᠎ᠠ ᠲᠠᠯ᠎ᠠ ᠶᠢ ᠪᠠᠨ
ᠡᠪᠬᠡᠷᠡᠭᠦᠯᠦᠨ ᠳᠠᠪᠬᠢᠭᠠᠳ ᠲᠤᠭᠤᠯᠠᠬᠤ ᠤᠤ ᠳᠠ
ᠡᠩᠬᠦᠷᠡᠢ ᠬᠠᠢᠷ᠎ᠠ ᠲᠠᠢ ᠴᠢᠮ᠎ᠠ ᠲᠠᠢ ᠪᠠᠨ ᠬᠦᠦ ᠮᠢᠨᠢ ᠳ᠋ᠡ ᠬᠦᠢ
ᠡᠭᠡᠨᠡᠭᠲᠡ ᠡᠭᠦᠷᠢᠳᠡ ᠵᠢᠷᠭᠠᠬᠤ ᠤᠤ ᠳᠠ ᠶᠠᠭᠠᠬᠢᠮᠠᠢ ᠳᠠ
ᠭᠡᠵᠦ ᠳᠠᠭᠤᠯᠠᠨ ᠳᠠᠭᠤᠯᠠᠭᠰᠠᠭᠠᠷ ᠶᠠᠪᠤᠵᠠᠢ᠃
ᠲᠡᠳᠡ ᠰᠠᠢᠨ ᠨᠤᠶᠠᠨ ᠬᠠᠨ᠂ ᠵᠠᠰᠠᠭᠲᠤ ᠬᠠᠨ ᠠᠢᠮᠠᠭ ᠤᠨ ᠬᠤᠰᠢᠭᠤ ᠨᠤᠲᠤᠭ ᠤᠳ ᠢ ( ᠤᠳᠤ ᠶᠢᠨ ᠥᠪᠥᠷᠬᠠᠩᠭᠠᠢ᠂ ᠠᠷᠤᠬᠠᠩᠭᠠᠢ ᠠᠢᠮᠠᠭ ᠤᠨ ᠨᠤᠲᠤᠭ) ᠳᠠᠮᠵᠢᠨ ᠦᠷᠲᠡᠭᠡᠯᠡᠵᠦ ᠳᠠᠭᠠᠷᠢᠨ ᠭᠠᠷᠴᠤ᠂ ᠵᠠᠪᠬᠠᠨ ᠠᠢᠮᠠᠭ ᠤᠨ ᠨᠤᠲᠤᠭ ᠲᠤ ᠤᠴᠢᠨ ᠠᠮᠢᠳᠤᠷᠠᠵᠤ ᠪᠠᠢᠭᠰᠠᠨ ᠪᠠ ᠰᠡᠭᠦᠯᠡᠷ ᠨᠢ ᠦᠪᠦᠷ ᠮᠤᠩᠭᠤᠯ ᠤᠨ ᠪᠠᠷᠠᠭᠤᠨ ᠰᠦᠨᠢᠳ ᠬᠤᠰᠢᠭᠤᠨ ᠳᠤ ᠲᠠᠭᠠᠯᠠᠯ ᠪᠤᠯᠤᠭᠰᠠᠨ ᠭᠡᠨ᠎ᠡ᠃
ᠵᠡᠭᠦᠯᠲᠡ ᠲᠠᠢᠯᠪᠤᠷᠢ᠄
ᠳᠤᠷᠯᠢᠭ ᠊᠊᠊᠊᠊᠊᠊᠊᠊᠊᠊᠊᠊᠊᠊ дорлиг︔
ᠪᠡᠳᠡᠷᠴᠦ бэдэрч᠊᠊᠊᠊᠊᠊᠊᠊᠊᠊᠊᠊᠊᠊᠊᠊᠊᠊᠊᠊᠊᠊ ᠵᠤᠪᠠᠨ ᠵᠦᠳᠡᠵᠦ︔
ᠤᠷᠲᠤ ᠬᠤᠰᠢᠭᠤᠳᠠᠨ ᠤᠳ урт хушуутнууд ᠊᠊᠊᠊᠊᠊᠊᠊᠊᠊᠊᠊᠊᠊᠊᠊᠊᠊ ᠬᠤᠪ ᠵᠦᠭᠡᠭᠡᠭᠴᠢᠳ︔
ᠵᠠᠢᠳᠠᠩ зайдан ᠊᠊᠊᠊᠊᠊᠊᠊᠊᠊᠊᠊᠊᠊᠊᠊᠊᠊᠊᠊᠊᠊ ᠡᠮᠡᠭᠡᠯ ᠦᠭᠡᠢ ᠤᠨᠤᠭ᠎ᠠ᠂ ᠡ᠊ᠨᠳᠡ ᠵᠠᠭᠪᠤᠷ ᠵᠠᠰᠠᠯ ᠵᠡᠭᠦᠮᠡᠭ ᠦᠨ ᠤᠳᠬ᠎ᠠ ᠪᠡᠷ ᠬᠡᠷᠡᠭᠯᠡᠭᠳᠡᠵᠡᠢ︔
ᠬᠤᠢᠰᠠᠭᠠᠨᠠᠵᠤ хуйсагнаж ᠊᠊᠊᠊᠊᠊᠊᠊᠊᠊᠊᠊᠊᠊᠊᠊᠊᠊᠊᠊᠊᠊ ᠴᠠᠭ ᠠᠭᠠᠷ ᠭᠡᠨᠡᠳᠲᠡ ᠬᠤᠪᠢᠷᠠᠵᠤ ᠲᠩᠷᠢ ᠮᠠᠭᠤᠬᠠᠢᠷᠠᠬᠤ︔
ᠪᠤᠯᠳᠠᠭᠤᠯᠵᠤ бултуулж ᠊᠊᠊᠊᠊᠊᠊᠊᠊᠊᠊᠊᠊᠊᠊᠊᠊᠊᠊ ᠪᠤᠷᠤᠭᠤᠯᠠᠭᠤᠯᠵᠤ᠂ ᠵᠢᠭᠤᠳᠠᠭᠤᠯᠵᠤ᠂ ᠳᠤᠲᠠᠭᠠᠯᠭᠠᠵᠤ︔
ᠭᠦᠩᠴᠡᠦ Гүнчүү ᠊᠊᠊᠊᠊᠊᠊᠊᠊᠊᠊᠊᠊᠊᠊᠊᠊᠊ ᠬᠢᠮᠡᠯ ᠰᠡᠢᠮᠡᠬᠡᠢ ᠲᠤᠷᠭᠤᠮᠰᠤᠭ ᠪᠠᠷᠠᠭ᠎ᠠ︔
ᠭᠦᠨᠳᠦᠦ ᠦᠭᠡᠢ Гүндүүгүй ᠊᠊᠊᠊᠊᠊᠊᠊᠊᠊᠊᠊᠊᠊᠊᠊᠊᠊᠊᠊ ᠦᠨᠡᠨᠴᠢ ᠰᠢᠳᠤᠷᠭᠤ᠂ ᠲᠦᠯᠦᠪ ᠳᠤᠮᠤᠭᠠᠲᠠᠢ︔
ᠬᠠᠷᠢᠶ᠎ᠠ᠄
ᠰᠤᠶᠤᠯ ᠣᠷᠠᠯᠢᠭᠳᠠᠷᠤᠮ᠄ 70677
ᠴᠠᠭ᠄ 2018 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ