☆ ᠭᠡᠷᠡᠯᠳᠦᠶᠠᠭ᠎ᠠ
ᠢᠷᠡᠳᠡᠭ᠌ ᠪᠣᠯ ᠤᠤ
ᠬᠤᠩᠭ᠋ᠤᠷᠬᠠᠨ ᠳᠠᠭᠤᠤ ᠪᠠᠨ ᠨᠤᠳᠤᠭ ᠲᠤ ᠮᠢᠨᠢ ᠡᠷᠭᠦᠭ᠍ᠰᠡᠭᠡᠷ
ᠬᠤᠯᠠ ᠶᠢᠨ ᠬᠤᠯᠠ ᠳᠤ ᠰᠢᠪᠠᠭᠤᠳ ᠪᠣᠴᠠᠯ᠎ᠠ
ᠬᠤᠰᠢᠭᠤᠷᠠᠨ ᠵᠡᠯᠡᠯᠡᠭ᠍ᠰᠡᠨ ᠰᠢᠪᠠᠭᠤᠳ ᠤᠨ ᠬᠠᠮᠳᠤ
ᠬᠤᠷᠸ᠎ᠠ ᠳᠡᠯᠡᠭᠡᠢ ᠶᠢᠨ ᠨᠠᠮᠤᠷ ᠴᠤ ᠡᠭᠡᠯ᠎ᠡ
ᠰᠠᠷᠠᠯ ᠪᠣᠳᠠᠩ ᠣᠨᠢᠶᠠᠷᠳᠤᠨ ᠪᠠᠢ᠌ᠭᠰᠠᠨ
ᠰᠠᠨᠠᠭ᠎ᠠ ᠠᠯᠳᠠᠶ᠎ᠠ ᠨᠢᠭᠡ ᠨᠠᠮᠤᠷ
ᠰᠠᠠᠰᠠᠷ ᠲᠤ ᠬᠤᠭᠤᠰᠤᠷᠠᠭᠰᠠᠨ ᠰᠢᠪᠠᠭᠤᠳ ᠤᠨ ᠬᠠᠮᠳᠤ
ᠰᠠᠢ᠌ᠬᠠᠨ ᠴᠢ ᠮᠢᠨᠢ ᠰᠠᠯᠵᠤ ᠣᠳᠤᠭᠰᠠᠨ
ᠵᠢᠯ ᠵᠢᠯ ᠤᠨ ᠬᠠᠪᠣᠷ ᠤᠨ ᠠᠭᠤᠷ ᠪᠠᠷ
ᠵᠡᠯᠡᠯᠡᠭ᠍ᠰᠡᠨ ᠰᠢᠪᠠᠭᠤᠳ ᠪᠣᠴᠠᠭᠠᠤᠨ ᠯᠠ ᠢᠷᠡᠳᠡᠭ᠌
ᠵᠢᠷᠦᠭᠡᠨ ᠬᠠᠢ᠌ᠷ᠎ᠠ ᠶᠢ ᠮᠢᠨᠢ ᠠᠪᠣᠭᠠᠤᠨ ᠣᠳᠤᠭᠰᠠᠨ ᠴᠢ ᠯᠠ
ᠵᠢᠯᠡᠭ᠍ᠰᠡᠨ ᠶᠤᠮᠰᠢᠭ ᠰᠤᠷᠠᠭ ᠦᠭᠡᠶ ᠪᠠᠢ᠌ᠳᠠᠭ
ᠢᠨᠠᠭ ᠬᠠᠢ᠌ᠷ᠎ᠠ ᠶᠢ ᠮᠢᠨᠢ ᠠᠪᠣᠭᠠᠤᠨ ᠶᠠᠪᠣᠭᠰᠠᠨ
ᠢᠯᠳᠠᠮᠠᠯ ᠴᠢ ᠮᠢᠨᠢ ᠢᠷᠡᠳᠡᠭ᠌ ᠪᠣᠯ ᠦᠦ ︖
ᠵᠤᠬᠢᠶᠠᠭᠴᠢ ᠶᠢᠨ ᠬᠠᠶᠢᠭ᠄ ᠰᠢᠠᠵᠢᠶᠠᠩ ᠪᠠᠶᠠᠠᠭᠤᠤᠯ
ᠵᠤᠬᠢᠶᠠᠭᠴᠢ᠄ ᠭᠡᠷᠡᠯᠳᠦᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12541
ᠴᠠᠭ᠄ 2010 ᠤᠨ ᠤ 08 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ