ᠨᠡᠪᠲᠡᠷᠡᠨ ᠤᠷᠤᠬᠤ
ᠠᠷᠠᠤᠨ ᠤᠨ ᠪᠠᠭᠠᠳᠤᠷᠴᠤᠳ ᠤᠨ ᠮᠠᠭᠳᠠᠭᠠᠯ (ᠬᠤᠯᠪᠣᠭ᠎ᠠ)

ᠦᠮᠤ ᠽᠠᠠᠳᠠᠨ ᠬᠤᠭᠤᠷ ᠮᠢᠨᠢ

ᠥᠨᠡᠭᠡᠷ ᠠᠢ᠌ᠵᠠᠮ ᠨᠢ ᠳᠠᠭᠠᠷᠠᠵᠤ ᠪᠠᠢ᠌ᠨ᠎ᠠ

ᠦᠷᠤᠴᠠ ᠴᠡᠭᠡᠵᠢᠨ ᠤ ᠳᠤᠭᠳᠤᠯᠤᠯ ᠮᠢᠨᠢ

ᠦᠶᠡᠷ ᠤᠨ ᠴᠢᠳᠬᠤᠯᠭᠠᠨ ᠪᠣᠯᠵᠤ ᠪᠠᠢ᠌ᠨ᠎ᠠ


ᠦᠨᠢᠷ ᠵᠢᠷᠭᠠᠯ ᠲᠡᠶ ᠠᠮᠢᠳᠤᠷᠠᠯ

ᠦᠣᠠᠳᠠᠷ ᠭᠦᠭ᠍ᠵᠢᠯ ᠶᠢᠡᠨ ᠪᠠᠳᠠᠷᠠᠭᠤᠯᠵᠤ ᠪᠠᠢ᠌ᠨ᠎ᠠ

ᠣᠢ᠌ᠯᠠᠰ ᠳᠠᠮᠠᠴᠠᠯ ᠲᠡᠶ ᠦᠷᠨᠢᠯ

ᠦᠨᠦᠳᠤᠷ ᠦᠴᠦᠭᠡᠳᠦᠷ ᠶᠢᠡᠨ ᠳᠤᠷᠠᠰᠴᠤ ᠪᠠᠢ᠌ᠨ᠎ᠠ


ᠠᠭᠠᠷᠤ ᠽᠠᠠᠳᠠᠨ ᠬᠤᠭᠤᠷ ᠯᠠ ᠮᠢᠨᠢ

ᠠᠶᠠᠯᠭᠤ ᠨᠢ ᠭᠦᠩᠭᠢᠨᠡᠵᠤ ᠴᠤᠤᠷᠢᠶᠠᠳᠤᠵᠤ ᠪᠠᠢ᠌ᠨ᠎ᠠ

ᠠᠷᠠᠤᠨ ᠤᠨ ᠪᠠᠭᠠᠳᠤᠷᠴᠤᠳ ᠤᠨ ᠠᠴᠢ ᠭᠠᠪᠢᠶ᠎ᠠ

ᠠᠯᠳᠠᠨ ᠱᠠᠰᠳᠢᠷ ᠳᠤ ᠰᠡᠢ᠌ᠯᠦᠭ᠍ᠳᠡᠵᠤ ᠪᠠᠢ᠌ᠨ᠎ᠠ


ᠭᠦᠪᠴᠢᠳᠤ ᠬᠤᠭᠤᠷ ᠤᠨ ᠡᠭᠡᠰᠢᠭ᠌ ᠮᠢᠨᠢ

ᠭᠦᠮᠤᠨ ᠤ ᠰᠡᠳᠭᠢᠯ ᠳᠤ ᠣᠶ‍ᠩᠭ᠋ᠠᠷᠠᠵᠤ ᠪᠠᠢ᠌ᠨ᠎ᠠ

ᠭᠦᠡᠳᠦᠳᠤ ᠪᠠᠭᠠᠳᠤᠷᠴᠤᠳ ᠤᠨ ᠠᠴᠢ ᠭᠠᠪᠢᠶ᠎ᠠ

ᠭᠦᠭᠡ ᠳᠡᠭ᠍ᠷᠢ ᠳᠤ ᠮᠥᠩᠭᠡᠷᠡᠵᠤ ᠪᠠᠢ᠌ᠨ᠎ᠠ


ᠳᠡᠷᠭᠡᠯ ᠣᠯᠠᠭᠠᠨ ᠨᠠᠷᠠᠨ ᠤ ᠮᠢᠨᠢ

ᠮᠦᠰᠢᠶᠠᠯ ᠨᠢ ᠪᠣᠯᠤᠭᠰᠠᠨ ᠪᠠᠭᠠᠳᠤᠷᠴᠤᠳ

ᠳᠦᠭᠦᠭᠡ ᠣᠭᠭᠠᠨ ᠤ ᠮᠢᠨᠢ

ᠮᠦᠷᠦᠭᠡᠳᠦᠯ ᠨᠢ ᠪᠣᠯᠤᠭᠰᠠᠨ ᠪᠠᠭᠠᠳᠤᠷᠴᠤᠳ


ᠣᠶᠤᠨ ᠰᠦᠨᠠᠰᠤ ᠶᠢᠨ ᠮᠢᠨᠢ

ᠲᠦᠯᠭᠢᠭᠦᠷ ᠨᠢ ᠪᠣᠯᠤᠭᠰᠠᠨ ᠪᠠᠭᠠᠳᠤᠷᠴᠤᠳ

ᠣᠠᠳᠤᠷᠬᠤ ᠣᠢ᠌ᠯᠠᠰ ᠤᠨ ᠮᠢᠨᠢ

ᠳᠦᠰᠢᠭ᠌ ᠨᠢ ᠪᠣᠯᠤᠭᠰᠠᠨ ᠪᠠᠭᠠᠳᠤᠷᠴᠤᠳ


ᠬᠠᠪᠣᠷ ᠤᠨ ᠰᠠᠯᠭᠢᠨ ᠤ ᠮᠢᠨᠢ

ᠰᠡᠪᠠᠯᠵᠡᠭᠡᠨ ᠨᠢ ᠪᠣᠯᠤᠭᠰᠠᠨ ᠪᠠᠭᠠᠳᠤᠷᠴᠤᠳ

ᠵᠤᠨ ᠤ ᠨᠤᠭᠤᠭᠠᠨ ᠲ᠋ᠠᠯ᠎ᠠ ᠶᠢᠨ

ᠳᠠᠪᠠᠯᠭᠠᠨ ᠨᠢ ᠪᠣᠯᠤᠭᠰᠠᠨ ᠪᠠᠭᠠᠳᠤᠷᠴᠤᠳ


ᠵᠤᠷᠢᠯ ᠭᠦᠰᠡᠯ ᠤᠨ ᠮᠢᠨᠢ

ᠣᠷᠢᠶ᠎ᠠ ᠨᠢ ᠪᠣᠯᠤᠭᠰᠠᠨ ᠪᠠᠭᠠᠳᠤᠷᠴᠤᠳ

ᠬᠠᠢ᠌ᠷ᠎ᠠ ᠨᠠᠢ᠌ᠷ ᠤᠨ ᠮᠢᠨᠢ

ᠵᠦᠩᠨᠠᠯ ᠨᠢ ᠪᠣᠯᠤᠭᠰᠠᠨ ᠪᠠᠭᠠᠳᠤᠷᠴᠤᠳ


ᠨᠠᠮᠤᠷ ᠤᠨ ᠬᠤᠷᠢᠶᠠᠯᠳᠠ ᠵᠢᠨ

ᠥᠮᠦᠭ᠌ ᠨᠢ ᠪᠣᠯᠤᠭᠰᠠᠨ ᠪᠠᠭᠠᠳᠤᠷᠴᠤᠳ

ᠡᠪᠦᠯ ᠤᠨ ᠠᠭᠤᠯᠠᠨ ᠤ  

ᠰᠦᠷ ᠨᠢ ᠪᠣᠯᠤᠭᠰᠠᠨ ᠪᠠᠭᠠᠳᠤᠷᠴᠤᠳ


ᠨᠠᠴᠢᠨ ᠱᠤᠩᠬᠤᠷ ᠰᠢᠪᠠᠭᠤᠨ ᠤ

ᠵᠢᠭᠦᠷ ᠨᠢ ᠪᠣᠯᠤᠭᠰᠠᠨ ᠪᠠᠭᠠᠳᠤᠷᠴᠤᠳ

ᠨᠠᠭᠠᠨ᠎ᠠ ᠡᠩᠭᠡᠵᠢᠨ ᠳᠦᠷᠤ ᠵᠢᠨ

ᠰᠦᠯᠳᠡ ᠨᠢ ᠪᠣᠯᠤᠭᠰᠠᠨ ᠪᠠᠭᠠᠳᠤᠷᠴᠤᠳ


ᠡᠷᠭᠡ ᠴᠢᠯᠦᠭᠡᠨ ᠤ ᠮᠢᠨᠢ

ᠴᠤᠤᠷᠢᠶ᠎ᠠ ᠨᠢ ᠪᠣᠯᠤᠭᠰᠠᠨ ᠪᠠᠭᠠᠳᠤᠷᠴᠤᠳ

ᠡᠷᠳᠡᠨᠢᠳᠤ ᠭᠡᠯᠡᠨ ᠤ ᠮᠢᠨᠢ

ᠬᠤᠶᠠᠭ ᠨᠢ ᠪᠣᠯᠤᠭᠰᠠᠨ ᠪᠠᠭᠠᠳᠤᠷᠴᠤᠳ


ᠬᠠᠯᠭᠤᠨ ᠡᠯᠢᠭᠡᠨ ᠰᠢᠷᠦᠢ ᠶᠢᠨ ᠮᠢᠨᠢ

ᠣᠢ ᠨᠢ ᠪᠣᠯᠤᠭᠰᠠᠨ ᠪᠠᠭᠠᠳᠤᠷᠴᠤᠳ

ᠬᠠᠳᠠ ᠪᠣᠰᠤᠭ᠎ᠠ ᠴᠢᠯᠠᠭᠤᠨ ᠤ ᠮᠢᠨᠢ

ᠶᠠᠰᠤ ᠨᠢ ᠪᠣᠯᠤᠭᠰᠠᠨ ᠪᠠᠭᠠᠳᠤᠷᠴᠤᠳ


ᠭᠤᠤᠯ ᠮᠦᠷᠠᠨ ᠤ ᠮᠢᠨᠢ

ᠳᠠᠪᠠᠯᠭᠠᠨ ᠨᠢ ᠪᠣᠯᠤᠭᠰᠠᠨ ᠪᠠᠭᠠᠳᠤᠷᠴᠤᠳ

ᠭᠦᠭᠡ ᠳᠡᠭ᠍ᠷᠢ ᠶᠢᠨ ᠮᠢᠨᠢ

ᠮᠦᠴᠢᠳ ᠨᠢ ᠪᠣᠯᠤᠭᠰᠠᠨ ᠪᠠᠭᠠᠳᠤᠷᠴᠤᠳ


ᠭᠠᠩᠭ᠋ᠠᠩ ᠰᠠᠷᠠᠨ ᠤ ᠮᠢᠨᠢ

ᠭᠡᠷᠡᠯ ᠨᠢ ᠪᠣᠯᠤᠭᠰᠠᠨ ᠪᠠᠭᠠᠳᠤᠷᠴᠤᠳ

ᠭᠠᠵᠠᠷ ᠨᠤᠳᠤᠭ ᠤᠨ ᠮᠢᠨᠢ

ᠬᠤᠷ᠎ᠠ ᠨᠢ ᠪᠣᠯᠤᠭᠰᠠᠨ ᠪᠠᠭᠠᠳᠤᠷᠴᠤᠳ


ᠠᠯᠳᠠᠨ ᠳᠡᠯᠡᠭᠡᠢ ᠵᠢᠨ

ᠠᠯᠠᠭ ᠨᠢᠳᠤ ᠨᠢ ᠪᠣᠯᠤᠭᠰᠠᠨ ᠪᠠᠭᠠᠳᠤᠷᠴᠤᠳ

ᠡᠷᠭᠢᠯᠳᠦᠭᠦ ᠪᠦᠮᠪᠦᠷᠴᠡᠭ᠌ ᠤᠨ

ᠵᠢᠷᠦᠭᠡ ᠨᠢ ᠪᠣᠯᠤᠭᠰᠠᠨ ᠪᠠᠭᠠᠳᠤᠷᠴᠤᠳ


ᠠᠶᠤᠤᠯᠢᠬᠠᠢ ᠴᠡᠭᠡᠵᠢᠨ ᠤ ᠮᠢᠨᠢ

ᠭᠡᠷᠡᠯ ᠨᠢ ᠪᠣᠯᠤᠭᠰᠠᠨ ᠪᠠᠭᠠᠳᠤᠷᠴᠤᠳ

ᠡᠷᠢᠯ ᠭᠦᠰᠡᠯ ᠤᠨ ᠮᠢᠨᠢ

ᠳᠤᠭ ᠨᠢ ᠪᠣᠯᠤᠭᠰᠠᠨ ᠪᠠᠭᠠᠳᠤᠷᠴᠤᠳ


ᠴᠠᠳᠢᠭ ᠳᠡᠦᠭᠡ ᠶᠢᠨ

ᠪᠦᠯᠢᠶᠡᠨ ᠬᠠᠭᠤᠳᠠᠰᠤ ᠪᠣᠯᠤᠭᠰᠠᠨ ᠪᠠᠭᠠᠳᠤᠷᠴᠤᠳ

ᠴᠠᠭᠠᠨ ᠰᠡᠳᠭᠢᠯ ᠤᠨ

ᠪᠦᠪᠠᠢ ᠨᠢ ᠪᠣᠯᠤᠭᠰᠠᠨ ᠪᠠᠭᠠᠳᠤᠷᠴᠤᠳ


ᠨᠠᠮᠢᠷᠠᠬᠤ ᠳᠤᠭ ᠤᠨ ᠮᠢᠨᠢ

ᠳᠠᠭᠤᠤ ᠨᠢ ᠪᠣᠯᠤᠭᠰᠠᠨ ᠪᠠᠭᠠᠳᠤᠷᠴᠤᠳ

ᠨᠠᠷᠠᠨ ᠰᠠᠷᠠᠨ ᠤ ᠮᠢᠨᠢ

ᠳᠠᠯᠠᠪᠴᠢ ᠨᠢ ᠪᠣᠯᠤᠭᠰᠠᠨ ᠪᠠᠭᠠᠳᠤᠷᠴᠤᠳ


ᠭᠦᠭᠡ ᠳᠡᠭ᠍ᠷᠢ ᠶᠢᠨ ᠮᠢᠨᠢ

ᠠᠭᠠᠷ ᠨᠢ ᠪᠣᠯᠤᠭᠰᠠᠨ ᠪᠠᠭᠠᠳᠤᠷᠴᠤᠳ

ᠭᠦᠭ᠍ᠵᠢᠭᠦ ᠣᠯᠤᠰ ᠤᠨ ᠮᠢᠨᠢ

ᠠᠮᠢ ᠨᠢ ᠪᠣᠯᠤᠭᠰᠠᠨ ᠪᠠᠭᠠᠳᠤᠷᠴᠤᠳ


ᠥᠩᠭᠡᠷᠡᠭ᠍ᠰᠡᠨ ᠳᠡᠦᠭᠡ ᠶᠢᠨ ᠵᠢᠠᠨ

ᠵᠤᠳᠤᠭ ᠨᠢ ᠪᠣᠯᠤᠭᠰᠠᠨ ᠪᠠᠭᠠᠳᠤᠷᠴᠤᠳ

ᠥᠩᠭᠡ ᠵᠢᠰᠤ ᠶᠢᠨ ᠵᠢᠠᠨ

ᠣᠶᠤᠨ ᠨᠢ ᠪᠣᠯᠤᠭᠰᠠᠨ ᠪᠠᠭᠠᠳᠤᠷᠴᠤᠳ


ᠦᠰᠦᠭ᠌ ᠪᠢᠴᠢᠭ᠌ ᠶᠢᠡᠨ ᠰᠢᠭ᠌

ᠪᠠᠯᠠᠷᠠᠰᠢ ᠦᠭᠡᠶ ᠪᠠᠭᠠᠳᠤᠷᠴᠤᠳ

ᠦᠨᠳᠦᠷ ᠠᠭᠤᠯᠠ ᠪᠠᠨ ᠰᠢᠭ᠌

ᠪᠠᠬᠠᠳᠤᠯ ᠭᠦᠡᠳᠦᠳᠭᠡᠯ ᠲᠡᠶ ᠪᠠᠭᠠᠳᠤᠷᠴᠤᠳ


ᠭᠦᠮᠤᠨ ᠠᠮᠢᠳᠤᠷᠠᠯ ᠳᠤ

ᠬᠠᠢ᠌ᠷ᠎ᠠ ᠪᠠᠬ᠎ᠠ ᠲᠡᠶ ᠪᠠᠭᠠᠳᠤᠷᠴᠤᠳ

ᠭᠦᠭ᠍ᠵᠢᠯ ᠪᠠᠳᠠᠷᠠᠯ ᠳ᠋ᠤ

ᠭᠦᠴᠤᠨ ᠵᠤᠷᠢᠭ ᠲᠡᠶ ᠪᠠᠭᠠᠳᠤᠷᠴᠤᠳ


ᠨᠠᠢ᠌ᠷ ᠡᠪ ᠶᠢᠡᠨ

ᠨᠢᠭᠳᠠᠯᠵᠤ ᠳᠦᠭᠦᠭᠡᠷᠦᠭ᠍ᠰᠡᠨ ᠪᠠᠭᠠᠳᠤᠷᠴᠤᠳ

ᠨᠠᠠᠳᠢᠨ ᠰᠤᠶᠤᠯ ᠵᠢᠠᠨ

ᠨᠢᠮᠪᠠᠢ᠌ᠯᠠᠵᠤ ᠬᠠᠮᠠᠭᠠᠯᠠᠭᠰᠠᠨ ᠪᠠᠭᠠᠳᠤᠷᠴᠤᠳ


ᠠᠷᠠᠤᠨ ᠲᠦᠮᠡᠨ ᠲᠡᠶ ᠪᠠᠨ

ᠰᠡᠳᠭᠢᠯ ᠳᠠᠭᠠᠷᠠᠭᠰᠠᠨ ᠪᠠᠭᠠᠳᠤᠷᠴᠤᠳ

ᠠᠭᠢᠬᠤ ᠳᠦᠷᠤ ᠳᠤ ᠪᠠᠨ

ᠥᠢᠯᠡᠴᠢᠯᠡᠭ᠍ᠴᠢ ᠪᠣᠯᠤᠭᠰᠠᠨ ᠪᠠᠭᠠᠳᠤᠷᠴᠤᠳ


ᠦᠷᠦᠭᠡᠯ ᠲᠦᠮᠡᠨ ᠤ ᠵᠢᠠᠨ

ᠰᠡᠳᠭᠢᠯ ᠢ ᠠᠷᠢᠭᠤᠳᠬᠠᠭᠰᠠᠨ ᠪᠠᠭᠠᠳᠤᠷᠴᠤᠳ

ᠭᠦᠮᠤᠨ ᠰᠤᠶᠤᠯ ᠳᠤ ᠪᠠᠨ

ᠭᠦᠰᠡᠯ ᠢ ᠭᠦᠭ᠍ᠵᠢᠭᠡᠭ᠍ᠰᠡᠨ ᠪᠠᠭᠠᠳᠤᠷᠴᠤᠳ


ᠠᠷᠠᠤᠨ ᠤᠨ ᠪᠠᠭᠠᠳᠤᠷᠴᠤᠳ ᠤᠨ ᠠᠴᠢ ᠵᠢ

ᠠᠶᠠᠯᠠᠭᠤᠯᠤᠨ ᠳᠠᠭᠤᠯᠤᠭᠠᠤᠨ ᠪᠠᠷᠠᠨ᠎ᠠ ᠦᠦ ᠳ᠋ᠠ

ᠠᠭᠤᠤ ᠶᠡᠭᠡ ᠦᠵᠡᠯ ᠰᠠᠨᠠᠭ᠎ᠠ ᠵᠢ

ᠠᠯᠳᠠ ᠪᠠᠷ ᠰᠤᠯᠢᠭᠠᠤᠨ ᠪᠣᠯᠤᠨ᠎ᠠ ᠦᠦ ᠳ᠋ᠠ


ᠲᠦᠮᠡᠨ  ᠪᠠᠭᠠᠳᠤᠷᠴᠤᠳ ᠤᠨ ᠵᠤᠷᠢᠭ ᠢ

ᠳᠤᠭᠠᠴᠢᠵᠤ ᠭᠡᠯᠡᠭᠡᠳ ᠭᠦᠴᠦᠷᠤᠨ᠎ᠡ ᠦᠦ ᠳ᠋ᠠ

ᠲᠦᠪᠰᠢᠨ ᠵᠢᠷᠭᠠᠯᠳᠤ ᠡᠷᠡᠨ ᠳᠤ ᠪᠠᠨ

ᠳᠦᠭᠦᠭᠡᠷᠴᠤ ᠳᠦᠭᠡᠷᠢᠭᠦ ᠦᠭᠡᠶ ᠪᠠᠷ ᠴᠢᠷᠮᠠᠢ᠌ᠶ᠎ᠠ ︕


     ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 52670
ᠴᠠᠭ᠄ 2014 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ