ᠨᠡᠪᠲᠡᠷᠡᠨ ᠤᠷᠤᠬᠤ
ᠪᠠᠭ᠎ᠠ ᠰᠤᠷᠭᠠᠭᠤᠯᠢ ᠶᠢᠨ ᠵᠠᠩᠭᠢ ᠶᠢᠨ ᠮᠡᠷᠭᠡᠵᠢᠯ ᠤᠨ ᠭᠢᠴᠢᠶᠡᠯᠯᠡᠭᠡ ᠳ᠋ᠠᠭᠢ ᠰᠥᠪᠠᠭ᠍ᠴᠢᠯᠡᠯᠳᠡ

ᠰᠤᠷᠠᠭ ᠵᠠᠩᠭᠢᠴᠢᠯᠠᠯᠳᠠ ᠶᠢᠨ ᠨᠡᠢ᠌ᠭᠡᠮ ᠤᠨ ᠭᠦᠭ᠍ᠵᠢᠯᠳᠡ ᠶᠢ ᠳᠠᠭᠠᠯᠳᠤᠨ ᠮᠡᠳᠡᠭᠡ ᠵᠠᠩᠭᠢ ᠶᠢᠨ ᠳᠧᠭ᠍ᠨᠢᠭ᠌ ᠮᠡᠷᠭᠡᠵᠢᠯ ᠨᠢ ᠮᠠᠨ ᠤ ᠠᠵᠢᠯ ᠠᠮᠢᠳᠤᠷᠠᠯ ᠰᠤᠷᠤᠯᠴᠯᠭ᠎ᠠ ᠳᠤ ᠨᠠᠪᠴᠢᠨ ᠠᠭᠤᠰᠴᠤ᠂ ᠵᠠᠩᠭᠢ ᠶᠢᠨ ᠮᠡᠷᠭᠡᠵᠢᠯ ᠨᠢ ᠭᠦᠮᠦᠰ ᠤᠨ ᠶᠡᠷᠦᠩᠭᠡᠢ ᠴᠢᠳᠠᠪᠣᠷᠢ ᠶᠢᠨ ᠴᠢᠬᠤᠯᠠ ᠪᠦᠷᠢᠯᠳᠦᠭᠦᠨ ᠭᠡᠰᠡᠭ᠌ ᠪᠣᠯᠵᠤ᠂ ᠭᠦᠮᠦᠰ ᠡᠯ᠎ᠡ ᠳᠠᠯ᠎ᠠ ᠶᠢᠨ ᠮᠡᠳᠡᠯᠭᠡ ᠶᠢᠨ ᠮᠠᠳᠠᠴᠠ ᠲᠡᠶ ᠪᠠᠢ᠌ᠬᠤ ᠶᠢ ᠴᠢᠬᠤᠯᠠᠴᠢᠯᠠᠬᠤ ᠪᠠᠷ ᠦᠯᠦ ᠪᠠᠷᠡᠨ ᠡᠷᠳᠡᠮ ᠮᠡᠳᠡᠯᠭᠡ ᠶᠢ ᠰᠥᠪᠠᠭ᠍ᠴᠢᠯᠡᠨ ᠰᠤᠳᠤᠯᠬᠤ ᠮᠡᠷᠭᠡᠰᠢᠯ ᠪᠠᠢ᠌ᠬᠤ ᠶᠢ ᠨᠠᠩ ᠴᠢᠬᠤᠯᠠᠴᠢᠯᠠᠵᠤ᠂ ᠵᠠᠩᠭᠢ ᠶᠢᠨ ᠮᠡᠷᠭᠡᠵᠢᠯ ᠤᠨ ᠵᠢᠭᠠᠨ ᠰᠤᠷᠭᠠᠯᠳᠠ ᠨᠢ ᠴᠤ ᠰᠤᠷᠤᠭᠴᠢᠳ ᠤᠨ ᠪᠦᠭᠦ ᠳᠠᠯ᠎ᠠ ᠶᠢᠨ ᠭᠦᠭ᠍ᠵᠢᠯᠳᠡ ᠪᠣᠯᠤᠨ ᠬᠣᠢ᠌ᠰᠢᠳᠠ ᠶᠢᠨ ᠭᠢᠨᠢ ᠭᠦᠭ᠍ᠵᠢᠯᠳᠡ ᠶᠢ ᠴᠢᠬᠤᠯᠠᠴᠢᠯᠠᠭᠰᠠᠨ ᠭᠡᠪ ᠴᠢᠨᠠᠷ ᠦᠨ ᠰᠤᠷᠭᠠᠨ ᠭᠦᠮᠦᠵᠢᠯ ᠳᠤᠮᠳᠠ ᠭᠦᠡᠵᠡᠭᠡᠢ ᠨᠥᠯᠦᠭᠡ ᠶᠢ ᠠᠪᠴᠢᠷᠠᠵᠤ ᠴᠢᠬᠤᠯᠠ ᠪᠠᠢ᠌ᠷᠢᠨ ᠳᠤ ᠳᠠᠯᠪᠢᠭᠳᠠᠭᠰᠠᠨ ᠶᠤᠮ᠃

ᠪᠠᠭ᠎ᠠ ᠰᠤᠷᠭᠠᠭᠤᠯᠢ ᠶᠢᠨ ᠵᠠᠩᠭᠢ ᠶᠢᠨ ᠮᠡᠷᠭᠡᠵᠢᠯ ᠤᠨ ᠭᠢᠴᠢᠶᠡᠯᠯᠡᠭᠡ ᠶᠢᠨ ᠵᠢᠭᠠᠨ ᠰᠤᠷᠭᠠᠯᠳᠠ ᠶᠢᠨ ᠡᠭᠦᠷᠭᠡ ᠪᠣᠯᠤᠨ ᠬᠠᠷᠠᠯᠳᠠ ᠪᠣᠯ ᠰᠤᠷᠤᠭᠴᠢᠳ ᠤᠨ ᠮᠡᠳᠡᠭᠡ ᠵᠠᠩᠭᠢ ᠶᠢᠨ ᠳᠧᠭ᠍ᠨᠢᠭ᠌ ᠤᠨ ᠣᠷᠮ᠎ᠠ ᠪᠠᠬ᠎ᠠ ᠪᠣᠯᠤᠨ ᠭᠡᠪ ᠪᠣᠯᠪᠠᠰᠤᠷᠠᠯ ᠢ ᠭᠦᠮᠦᠵᠢᠭᠦᠯᠵᠤ᠂ ᠮᠡᠳᠡᠭᠡ ᠵᠠᠩᠭᠢ ᠶᠢᠨ ᠮᠡᠷᠭᠡᠵᠢᠯ ᠤᠨ ᠵᠢᠭᠠᠨ ᠰᠤᠷᠭᠠᠯᠳᠠ ᠪᠠᠷ ᠨᠠᠰᠤᠨ ᠳᠤᠷᠰᠢᠳᠠ ᠶᠢᠨ ᠰᠤᠷᠤᠯᠴᠠᠯᠭ᠎ᠠ ᠪᠣᠯᠤᠨ ᠬᠠᠮᠳᠤᠷᠠᠨ ᠰᠤᠷᠤᠯᠴᠠᠬᠤ ᠶᠢ ᠳᠡᠮᠵᠢᠭᠦ ᠠᠷᠭ᠎ᠠ ᠪᠠᠷᠢᠯ ᠪᠣᠯᠭᠠᠵᠤ᠂ ᠰᠤᠷᠤᠭᠴᠢᠳ ᠲᠤ ᠮᠡᠳᠡᠭᠡ ᠵᠠᠩᠭᠢ ᠶᠢᠨ ᠮᠡᠷᠭᠡᠵᠢᠯ ᠤᠨ ᠭᠦᠭ᠍ᠵᠢᠯᠳᠡ ᠪᠣᠯᠤᠨ ᠭᠡᠷᠡᠭᠯᠡᠯᠳᠡ ᠶᠢᠨ ᠡᠳᠦᠷ ᠳᠤᠳᠤᠮ ᠤᠨ ᠠᠮᠢᠳᠤᠷᠠᠯ ᠳ᠋ᠠᠭᠢ ᠭᠦᠨ ᠭᠦᠡᠵᠡᠭᠡᠢ ᠨᠥᠯᠦᠭᠡ ᠶᠢ ᠣᠢ᠌ᠯᠠᠭᠤᠯᠤᠨ᠎ᠠ᠃ ᠮᠡᠳᠡᠭᠡ ᠵᠠᠩᠭᠢ ᠵᠢᠨ ᠮᠡᠷᠭᠡᠵᠢᠯ ᠤᠨ ᠰᠤᠷᠤᠯᠴᠠᠯᠭ᠎ᠠ ᠪᠠᠷ ᠳᠠᠮᠵᠢᠨ ᠰᠤᠷᠤᠭᠴᠢᠳ ᠤᠨ ᠮᠡᠳᠡᠭᠡ ᠵᠠᠩᠭᠢ ᠰᠤᠷᠠᠬᠤ᠂ ᠳᠠᠮᠵᠢᠭᠤᠯᠬᠤ᠂ ᠭᠡᠷᠡᠭᠯᠡᠭᠦ ᠦᠨᠳᠦᠰᠦᠨ ᠴᠢᠳᠠᠪᠭᠢ ᠶᠢ ᠭᠦᠮᠦᠵᠢᠭᠦᠯᠵᠤ᠂ ᠰᠤᠷᠠᠭ ᠵᠠᠩᠭᠢᠴᠢᠯᠠᠯᠳᠠ ᠶᠢᠨ ᠨᠡᠢ᠌ᠭᠡᠮ ᠳᠤ ᠠᠮᠢᠳᠤᠷᠠᠵᠤ ᠰᠤᠷᠤᠯᠴᠠᠬᠤ ᠠᠵᠢᠯᠯᠠᠬᠤ ᠳ᠋ᠤᠨᠢ ᠰᠠᠭᠤᠷᠢᠯᠠᠨ᠎ᠠ᠃ ᠮᠡᠳᠡᠭᠡ ᠵᠠᠩᠭᠢ ᠶᠢᠨ ᠳᠧᠭ᠍ᠨᠢᠭ᠌ ᠢ ᠭᠡᠷᠡᠭᠯᠡᠭᠦ ᠳᠤ ᠪᠠᠨ ᠪᠣᠰᠤᠳ ᠲᠡᠶ ᠬᠠᠮᠳᠤᠷᠠᠨ ᠰᠤᠷᠤᠯᠴᠠᠬᠤ᠂ ᠨᠠᠰᠤᠨ ᠳᠤ ᠪᠠᠨ ᠳᠤᠭᠢᠷᠠᠭᠰᠠᠨ ᠣᠯᠠᠨ ᠮᠸᠳᠢᠶ᠎ᠠ ᠶᠢᠨ ᠰᠤᠷᠪᠣᠯᠵᠢ ᠶᠢ ᠭᠡᠷᠡᠭᠯᠡᠨ ᠰᠤᠷᠤᠯᠴᠠᠬᠤ ᠶᠢ ᠳᠠᠳᠬᠠᠯᠵᠢᠬᠤ᠂ ᠪᠣᠰᠤᠳ ᠲᠡᠶ ᠬᠠᠷᠢᠯᠴᠠᠬᠤ᠂ ᠪᠠᠶ᠎ᠠ ᠪᠠᠨ ᠳᠠᠭᠠᠭᠠᠵᠤ ᠰᠤᠷᠤᠯᠴᠠᠬᠤ ᠪᠣᠯᠤᠨ ᠣᠷᠮ᠎ᠠ ᠪᠠᠬ᠎ᠠ ᠳᠤᠷ᠎ᠠ ᠰᠤᠨᠢᠷᠬᠠᠯ ᠶᠢᠡᠨ ᠭᠦᠭ᠍ᠵᠢᠭᠡᠭᠦ ᠶᠢ ᠠᠭᠢᠭᠤᠯᠤᠨ᠎ᠠ᠃ ᠮᠡᠳᠡᠭᠡ ᠵᠠᠩᠭᠢ ᠶᠢᠨ ᠵᠢᠭᠠᠨ ᠰᠤᠷᠭᠠᠯᠳᠠ ᠪᠠᠷ ᠰᠤᠷᠤᠭᠴᠢᠳ ᠤᠨ ᠰᠥᠪᠠᠭ᠍ᠴᠢᠯᠡᠨ ᠰᠤᠷᠤᠯᠴᠠᠬᠤ ᠶᠢ ᠭᠦᠮᠦᠵᠢᠭᠦᠯᠵᠤ ᠳᠠᠳᠬᠠᠯᠵᠢᠭᠤᠯᠤᠨ᠎ᠠ᠃

ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠮᠡᠳᠡᠭᠡ ᠵᠠᠩᠭᠢ ᠶᠢᠨ ᠮᠡᠷᠭᠡᠵᠢᠯ ᠤᠨ ᠭᠢᠴᠢᠶᠡᠯᠯᠡᠭᠡ ᠶᠢᠨ ᠦᠨᠳᠦᠰᠦᠨ ᠮᠡᠳᠡᠯᠭᠡ ᠴᠢᠳᠠᠪᠭᠢ ᠶᠢᠨ ᠪᠣᠯᠪᠠᠰᠤᠷᠠᠯ ᠤᠨ ᠭᠡᠰᠡᠭ᠌ ᠲᠤ᠂ ᠦᠨᠳᠦᠰᠦᠨ ᠠᠵᠢᠯᠯᠠᠭᠠᠨ ᠳᠤ ᠰᠠᠭᠤᠷᠢᠯᠠᠬᠤ᠂ ᠰᠠᠭᠤᠷᠢ ᠮᠡᠳᠡᠯᠭᠡ ᠶᠢ ᠨᠡᠪᠴᠢᠭᠦᠯᠭᠦ᠂ ᠡᠭᠦᠷᠭᠡ ᠪᠠᠷ ᠭᠦᠳᠡᠯᠭᠡᠭᠦ ᠶᠢ ᠭᠦᠡᠳᠦᠳᠭᠡᠨ ᠥᠵᠡᠭᠦ᠂ ᠰᠤᠷᠤᠭᠴᠢᠳ ᠶᠢᠡᠷ ᠭᠤᠤᠯ ᠪᠣᠯᠭᠠᠬᠤ ᠵᠢᠭᠠᠨ ᠰᠤᠷᠭᠠᠯᠳᠠ ᠶᠢᠨ ᠠᠷᠭ᠎ᠠ ᠪᠣᠳᠤᠯᠭ᠎ᠠ ᠶᠢ ᠭᠡᠷᠡᠭᠯᠡᠨ᠂ ᠰᠤᠷᠤᠭᠴᠢᠳ ᠤᠨ ᠺᠤᠮᠫᠢᠦ᠋ᠲ᠋ᠸᠷ ᠢ ᠭᠡᠷᠡᠭᠯᠡᠭᠦ ᠦᠨᠳᠦᠰᠦᠨ ᠣᠷ᠎ᠠ ᠮᠡᠷᠭᠡᠵᠢᠯ ᠪᠤᠯᠤᠨ ᠮᠡᠳᠡᠯᠭᠡ ᠮᠠᠳᠠᠴᠠ ᠶᠢ ᠡᠵᠡᠮᠰᠢᠨ ᠪᠣᠯᠪᠠᠰᠤᠷᠠᠭᠤᠯᠬᠤ ᠶᠢ ᠭᠤᠤᠯᠯᠠᠳᠠᠭ᠃ ᠡᠭᠦᠨ ᠳᠤ ᠵᠢᠷᠤᠭ ᠤᠨ ᠰᠤᠹᠲ᠋ᠸᠢ᠌ᠷ ᠢ ᠠᠰᠢᠭᠯᠠᠨ ᠵᠢᠷᠤᠭ ᠵᠢᠷᠤᠬᠤ ᠪᠠᠷ ᠳᠠᠮᠵᠢᠨ ᠮᠠᠤᠰ ᠢ ᠵᠦᠪ ᠭᠡᠷᠡᠭᠯᠡᠭᠦ ᠠᠷᠭ᠎ᠠ ᠶᠢ ᠪᠣᠯᠪᠠᠰᠤᠷᠠᠬᠤ ᠪᠦᠭᠡᠳ ᠳᠠᠳᠠᠨ ᠤ ᠰᠠᠳᠭᠢᠨ ᠪᠣᠳᠤᠯᠭᠢᠯᠠᠵᠤ ᠵᠢᠷᠤᠵᠤ ᠲᠦᠯᠤᠪᠯᠠᠨ ᠳᠤᠭᠢᠷᠠᠭᠤᠯᠬᠤ ᠪᠠ ᠭᠤᠸ᠎ᠠ ᠰᠠᠢ᠌ᠬᠠᠨ ᠤ ᠰᠡᠳᠭᠢᠭᠦᠢ ᠶᠢ ᠪᠣᠯᠪᠠᠰᠤᠷᠠᠭᠤᠯᠤᠨ᠎ᠠ᠃ WPS ᠪᠣᠶᠤ WORD ᠵᠡᠷᠭᠡ ᠪᠢᠴᠢᠵᠤ ᠨᠠᠢ᠌ᠷᠠᠭᠤᠯᠬᠤ ᠰᠤᠹᠲ᠋ ᠢ ᠭᠡᠷᠡᠭᠯᠡᠨ ᠵᠤᠬᠢᠶᠠᠯ ᠪᠢᠴᠢᠭᠦ᠂ ᠭᠢᠴᠢᠶᠠᠯ ᠤᠨ ᠭᠦᠰᠦᠨᠦᠭ᠌ ᠵᠤᠬᠢᠶᠠᠬᠤ᠂ ᠭᠢᠷᠢ ᠪᠦᠳᠦᠮᠵᠢ ᠶᠢᠨ ᠭᠦᠰᠦᠨᠦᠭ᠌ ᠵᠤᠬᠢᠶᠠᠬᠤ ᠪᠠᠷ ᠳᠠᠮᠵᠢᠭᠤᠯᠤᠨ ᠳᠠᠷᠤᠭᠤᠯ ᠢ ᠵᠦᠪ ᠭᠡᠷᠡᠭᠯᠡᠭᠦ ᠪᠠ ᠭᠠᠷ ᠳᠠᠳᠬᠤ ᠶᠢ ᠪᠣᠯᠪᠠᠰᠤᠷᠠᠬᠤ ᠮᠥᠷᠳᠡᠭᠡᠨ ᠺᠤᠮᠫᠢᠦ᠋ᠲ᠋ᠸᠷ ᠲᠤ ᠥᠰᠦᠭ᠌ ᠪᠢᠴᠢᠭ᠌ ᠪᠢᠴᠢᠭᠦ ᠳᠤᠷ᠎ᠠ ᠰᠤᠨᠢᠷᠬᠠᠯ ᠪᠠ ᠦᠨᠳᠦᠰᠦᠨ ᠴᠢᠳᠠᠪᠭᠢ ᠶᠢ ᠭᠦᠮᠦᠵᠢᠭᠦᠯᠤᠨ ᠪᠣᠯᠪᠠᠰᠤᠷᠠᠭᠤᠯᠤᠨ᠎ᠠ᠃ ᠵᠢᠱᠢᠶᠠᠯᠠᠪᠠᠯ᠂ ᠳᠠᠳᠠᠨ ᠤ ᠦᠪᠡᠷ ᠤᠨ ᠮᠡᠳᠡᠳᠡᠭ᠌ ᠣᠬᠤᠷ ᠰᠢᠯᠦᠭ᠌ ᠶᠢᠡᠨ ᠺᠤᠮᠫᠢᠦ᠋ᠲ᠋ᠸᠷ ᠲᠤ ᠪᠢᠴᠢᠭᠦ᠂ ᠰᠢᠯᠭᠠᠯᠳᠠ ᠶᠢᠨ ᠭᠢᠷᠢ ᠪᠦᠳᠦᠮᠵᠢ ᠪᠠᠨ ᠳᠦᠭᠦᠮ ᠭᠦᠰᠦᠨᠦᠭ᠌ ᠶᠢᠡᠷ ᠢᠯᠡᠳᠭᠡᠭᠦ᠂ ᠪᠠᠶᠠᠷ ᠳᠤᠷᠠᠰᠬᠠᠯ ᠤᠨ ᠡᠳᠦᠷ ᠲᠤ ᠬᠠᠮᠳᠤ ᠨᠥᠭᠦᠤᠨ ᠪᠣᠶᠤ ᠪᠠᠭᠰᠢ᠂ ᠲᠦᠷᠦᠯ ᠰᠠᠳᠤᠨ ᠳᠠᠭᠠᠨ ᠵᠢᠵᠢᠭ᠌ ᠪᠠᠶᠠᠷ ᠤᠨ ᠺᠠᠷᠲ᠋ ᠵᠤᠬᠢᠶᠠᠨ ᠪᠠᠯᠡᠭᠯᠡᠭᠦ ᠮᠠᠳᠤ ᠶᠢᠨ ᠠᠭᠤᠯᠭ᠎ᠠ ᠪᠠᠷ ᠳᠠᠳᠠᠨ ᠤ ᠺᠤᠮᠫᠢᠦ᠋ᠲ᠋ᠸᠷ ᠲᠤ ᠠᠵᠢᠯᠯᠠᠬᠤ ᠳᠤᠷ᠎ᠠ ᠰᠤᠨᠢᠷᠬᠠᠯ ᠢ ᠭᠦᠭ᠍ᠵᠢᠭᠡᠨ᠎ᠡ᠃ powerpoint ᠊ᠢ ᠭᠡᠷᠡᠭᠯᠡᠨ ᠠᠩᠭᠢ ᠶᠢᠨ ᠰᠤᠨᠢᠨ ᠵᠤᠬᠢᠶᠠᠬᠤ᠂ ᠥᠵᠡᠭᠦᠯᠦᠯᠭᠡ ᠶᠢᠨ ᠹᠢᠯᠢᠮ ᠦᠢᠯᠡᠳᠬᠦ ᠪᠠᠷ ᠳᠠᠮᠵᠢᠨ ᠰᠤᠷᠤᠭᠴᠢᠳ ᠤᠨ ᠣᠯᠠᠨ ᠮᠸᠳᠢᠶ᠎ᠠ ᠶᠢᠨ ᠡᠯᠪᠠᠭ᠌ ᠪᠠᠶᠠᠯᠢᠭ ᠰᠤᠷᠪᠣᠯᠵᠢ ᠶᠢ ᠰᠤᠷᠤᠯᠴᠠᠯᠭ᠎ᠠ ᠳᠤ ᠪᠠᠨ ᠭᠡᠷᠡᠭᠯᠡᠭᠦ ᠶᠢ ᠳᠠᠳᠬᠠᠯᠵᠢᠭᠤᠯᠤᠨ ᠪᠣᠯᠪᠠᠰᠤᠷᠠᠭᠤᠯᠬᠤ ᠶᠢᠨ ᠵᠡᠷᠭᠡ ᠪᠠᠷ ᠳᠠᠳᠠᠨ ᠤ ᠰᠠᠳᠭᠢᠨ ᠪᠣᠳᠤᠯᠭᠢᠯᠠᠵᠤ ᠰᠥᠪᠠᠭ᠍ᠴᠢᠯᠡᠨ ᠪᠦᠳᠦᠭᠡᠭᠦ ᠣᠷ᠎ᠠ ᠠᠪᠢᠶᠠᠰ ᠢ ᠭᠦᠭ᠍ᠵᠢᠭᠡᠨ ᠵᠤᠷᠢᠭᠵᠢᠭᠤᠯᠤᠨ᠎ᠠ᠃ ᠳᠠᠳᠠᠨ ᠤ ᠰᠢᠯᠢᠳᠡᠭ᠌ ᠰᠠᠢ᠌ᠨ ᠪᠦᠳᠦᠭᠡᠯ ᠢ ᠳᠡᠯᠭᠡᠨ ᠥᠵᠡᠭᠦᠯᠵᠤ ᠣᠯᠠᠨ ᠶᠢᠡᠷ ᠶᠢᠡᠨ ᠰᠤᠨᠢᠷᠬᠠᠨ ᠬᠠᠷᠢᠯᠴᠠᠨ ᠰᠤᠷᠤᠯᠴᠠᠵᠤ ᠬᠠᠮᠳᠤᠪᠠᠷ ᠳᠠᠪᠰᠢᠬᠤ ᠶᠢ ᠠᠭᠢᠭᠤᠯᠤᠨ᠎ᠠ᠃ ᠢᠠᠲ᠋ᠸᠷ ᠳᠤᠤᠷ ᠰᠦᠯᠵᠢᠶ᠎ᠠ ᠶᠢ ᠰᠤᠷᠪᠣᠯᠵᠢᠯᠠᠬᠤ ᠠᠷᠭ᠎ᠠ ᠮᠡᠷᠭᠡᠰᠢᠯ ᠢ ᠳᠠᠨᠢᠭᠤᠯᠤᠨ ᠰᠤᠷᠭᠠᠵᠤ᠂ ᠰᠤᠷᠤᠭᠴᠢᠳ ᠤᠨ ᠰᠡᠯᠡᠭᠦᠤ ᠴᠠᠭ ᠶᠢᠡᠨ ᠠᠰᠢᠭᠯᠠᠨ ᠰᠢᠯᠢᠳᠡᠭ᠌ ᠰᠠᠢ᠌ᠨ ᠨᠸᠲ᠋ ᠦᠷᠳᠡᠭᠡ ᠪᠠᠷ ᠰᠤᠷᠪᠣᠯᠵᠢᠯᠠᠨ ᠵᠤᠭᠠᠴᠠᠵᠤ ᠦᠪᠡᠷ ᠤᠨ ᠳᠤᠷ᠎ᠠ ᠰᠤᠨᠢᠷᠬᠠᠯ ᠲᠡᠶ ᠵᠣᠢ᠌ᠯᠠᠰ ᠶᠢᠡᠨ ᠰᠤᠨᠢᠷᠬᠠᠨ ᠰᠤᠳᠤᠯᠵᠤ᠂ ᠣᠷᠮ᠎ᠠ ᠪᠠᠬ᠎ᠠ ᠪᠠᠨ ᠭᠦᠭ᠍ᠵᠢᠭᠡᠨ ᠮᠡᠳᠡᠯᠭᠡ ᠮᠠᠳᠠᠴᠠ ᠪᠠᠨ ᠦᠷᠭᠡᠳᠭᠡᠭᠦ ᠪᠠ ᠠᠮᠢᠳᠤᠷᠠᠯ ᠰᠤᠷᠤᠯᠴᠠᠯᠭ᠎ᠠ ᠶᠢᠨ ᠳᠤᠮᠳᠠ ᠪᠠᠨ ᠲᠤᠬᠢᠶᠠᠯᠳᠤᠭᠰᠠᠨ ᠮᠠᠳᠠᠭ ᠲᠡᠶ ᠠᠰᠠᠭᠤᠳᠠᠯ ᠶᠢᠡᠨ ᠡᠷᠢᠵᠤ ᠰᠥᠪᠠᠭ᠍ᠴᠢᠯᠡᠨ ᠰᠢ᠌ᠳᠪᠦᠷᠢᠯᠡᠭᠦ ᠶᠢ ᠵᠤᠷᠢᠭᠵᠢᠭᠤᠯᠤᠨ᠎ᠠ᠃ E-mail ᠰᠤᠹᠲ᠋ᠸᠢ᠌ᠷ ᠢ ᠭᠡᠷᠡᠭᠯᠡᠭᠦ ᠶᠢ ᠵᠤᠷᠢᠭᠵᠢᠭᠤᠯᠵᠤ᠂ ᠮᠡᠳᠡᠭᠡ ᠵᠠᠩᠭᠢᠴᠢᠯᠠᠯᠳᠠ ᠶᠢᠨ ᠴᠠᠭ ᠦᠶ᠎ᠡ ᠶᠢᠨ ᠳᠦᠭᠦᠮ ᠳᠦᠳᠠ ᠬᠠᠷᠢᠯᠴᠠᠭᠠᠨ ᠤ ᠦᠷ᠎ᠡ ᠠᠰᠢᠭ ᠢ ᠭᠡᠷᠡᠭᠯᠡᠵᠤ᠂ ᠬᠠᠮᠳᠤ ᠨᠥᠭᠦᠤᠨ ᠤᠨ ᠬᠤᠭᠤᠷᠤᠠᠳᠤᠭᠢ ᠬᠠᠷᠢᠯᠴᠠᠭ᠎ᠠ᠂ ᠣᠢ᠌ᠯᠠᠭᠠᠯᠴᠠᠭ᠎ᠠ᠂ ᠬᠠᠮᠵᠢᠯᠴᠠᠭ᠎ᠠ ᠪᠠᠷ ᠦᠪᠡᠷ ᠢ ᠪᠠᠨ ᠳᠡᠭᠡᠭ᠍ᠰᠢᠯᠡᠭᠦᠯᠭᠦ ᠳ᠋ᠤᠨᠢ ᠳᠤᠰᠠᠯᠠᠨ᠎ᠠ᠃

ᠶᠡᠷᠦᠩᠭᠡᠢ᠌ᠯᠡᠭ᠍ᠰᠡᠨ ᠮᠡᠳᠡᠯᠭᠡ ᠴᠢᠳᠠᠪᠭᠢ ᠶᠢᠨ ᠪᠣᠯᠪᠠᠰᠤᠷᠠᠯ ᠳᠤ ᠵᠠᠪᠠᠯ ᠮᠡᠳᠡᠭᠡ ᠵᠠᠩᠭᠢ ᠶᠢᠨ ᠮᠡᠷᠭᠡᠵᠢᠯ ᠤᠨ ᠭᠢᠴᠢᠶᠡᠯᠯᠡᠭᠡ ᠶᠢᠨ ᠵᠢᠭᠠᠨ ᠰᠤᠷᠭᠠᠯᠳᠠ ᠶᠢ ᠪᠣᠰᠤᠳ ᠭᠢᠴᠢᠶᠠᠯ ᠲᠦᠷᠦᠯ ᠤᠨ ᠮᠡᠳᠡᠯᠭᠡ ᠮᠠᠳᠠᠴᠠ ᠶᠢᠨ ᠰᠤᠷᠤᠯᠴᠠᠯᠭ᠎ᠠ ᠲᠡᠶ ᠠᠭᠤᠰᠬᠠᠵᠤ᠂ ᠶᠡᠷᠦᠩᠭᠡᠢ᠌ᠯᠡᠭ᠍ᠰᠡᠨ ᠠᠰᠠᠭᠤᠳᠠᠯ ᠢ ᠰᠢ᠌ᠳᠪᠦᠷᠢᠯᠡᠭᠦ ᠦᠶᠡᠰ ᠲᠤ ᠰᠤᠷᠤᠭᠴᠢᠳ ᠤᠨ ᠮᠡᠳᠡᠭᠡ ᠵᠠᠩᠭᠢ ᠶᠢᠨ ᠳᠧᠭ᠍ᠨᠢᠭ᠌ ᠢ ᠦᠪᠡᠷ ᠤᠨ ᠰᠤᠷᠤᠯᠴᠠᠯᠭ᠎ᠠ ᠠᠮᠢᠳᠤᠷᠠᠯ ᠳᠤᠮᠳᠠ ᠪᠠᠨ ᠭᠡᠷᠡᠭᠯᠡᠭᠦ ᠴᠢᠳᠠᠪᠭᠢ ᠶᠢ ᠭᠦᠮᠦᠵᠢᠭᠦᠯᠦᠨ᠎ᠡ᠃ ᠵᠢᠱᠢᠶᠠᠯᠠᠪᠠᠯ᠂ ᠭᠡᠯᠡ ᠪᠢᠴᠢᠭ᠌ ᠤᠨ ᠭᠢᠴᠢᠶᠠᠯ ᠤᠨ 《ᠮᠢᠨᠤ ᠨᠤᠳᠤᠭ》 ᠭᠡᠭᠦ ᠭᠢᠴᠢᠶᠠᠯ ᠢ ᠰᠤᠷᠤᠯᠴᠠᠬᠤ ᠳᠤ ᠪᠠᠨ ᠳᠠᠯ᠎ᠠ ᠨᠤᠳᠤᠭ ᠤᠨ ᠶᠢᠡᠨ ᠠᠭᠤᠯᠠ ᠣᠰᠤ ᠶᠢᠨ ᠥᠵᠡᠰᠭᠦᠯᠡᠩᠳᠤ ᠦᠵᠡᠮᠵᠢ᠂ ᠭᠦᠮᠤᠨ ᠠᠷᠠᠳ ᠤᠨ ᠶᠢᠡᠨ ᠠᠮᠢᠳᠤᠷᠠᠯ ᠠᠬᠤᠢ᠂ ᠮᠠᠯ ᠰᠥᠷᠦᠭ᠌᠂ ᠠᠷᠢᠶᠠᠳᠠᠨ ᠭᠤᠤᠯᠳᠠᠨ ᠤ ᠵᠢᠷᠤᠭ ᠰᠡᠭᠦᠳᠡᠷ ᠵᠡᠷᠭᠡ ᠶᠢ ᠴᠤᠭᠯᠠᠭᠤᠯᠤᠨ ᠡᠮᠭᠢᠦᠡᠭᠡᠵᠤ ᠣᠯᠠᠨ ᠮᠸᠳᠢᠳᠤ ᠹᠢᠯᠢᠮ ᠣᠢ᠌ᠯᠠᠳᠤᠨ ᠬᠠᠮᠳᠤ ᠨᠥᠭᠦᠤᠨ ᠳᠡᠭᠡᠨ ᠰᠤᠨᠢᠷᠬᠠᠭᠤᠯᠪᠠᠯ ᠳᠠᠳᠠᠨ ᠤ ᠣᠷᠮᠠᠰᠢᠯ ᠢ ᠭᠦᠭ᠍ᠵᠢᠭᠡᠨ ᠣᠢ᠌ᠯᠠᠭᠠᠯᠳᠠ ᠮᠠᠳᠠᠴᠠ ᠪᠠᠨ ᠭᠦᠡᠵᠡᠭᠡᠢ᠌ᠷᠡᠭᠦᠯᠵᠤ ᠳᠠᠢ᠌ᠯᠤᠨ᠎ᠠ᠃ ᠰᠢᠡᠵᠢᠯᠡᠭᠦ ᠣᠬᠠᠭᠠᠨ ᠤ ᠭᠢᠴᠢᠶᠡᠯᠯᠡᠭᠡ ᠳᠤ ᠣᠯᠠᠨ ᠮᠸᠳᠢᠶ᠎ᠠ ᠮᠡᠷᠭᠡᠵᠢᠯ ᠢ ᠠᠰᠢᠭᠯᠠᠨ ᠠᠮᠢᠳᠠᠨ ᠠᠷᠢᠶᠠᠳᠠᠨ ᠤ ᠲᠦᠷᠦᠯ ᠵᠣᠢ᠌ᠯ᠂ ᠠᠮᠢᠳᠤᠷᠠᠯ ᠤᠨ ᠪᠠᠢ᠌ᠳᠠᠯ᠂ ᠠᠮᠢᠳᠤᠷᠠᠯ ᠤᠨ ᠵᠠᠩᠰᠢᠯ ᠪᠣᠯᠤᠨ ᠣᠷᠴᠢᠨ ᠳᠤᠭᠤᠷᠢᠨ ᠤ ᠬᠤᠭᠤᠷᠤᠠᠳᠤᠭᠢ ᠬᠤᠯᠪᠣᠭᠳᠠᠯ ᠢ ᠰᠤᠳᠤᠯᠤᠨ ᠰᠤᠷᠤᠯᠴᠠᠵᠤ ᠪᠣᠯᠤᠨ᠎ᠠ᠃ ᠳᠠᠭᠤᠤ᠂ ᠵᠢᠷᠤᠭ ᠤᠨ ᠭᠢᠴᠢᠶᠡᠯᠯᠡᠭᠡ ᠳᠤ ᠴᠤ ᠣᠯᠠᠨ ᠮᠸᠳᠢᠶ᠎ᠠ ᠶᠢᠨ ᠰᠤᠷᠪᠣᠯᠵᠢ ᠶᠢ ᠠᠰᠢᠭᠯᠠᠨ ᠳᠠᠭᠤᠤ ᠭᠦᠭ᠍ᠵᠢᠮ ᠰᠤᠨᠤᠰᠬᠤ᠂ ᠪᠠᠢ᠌ᠭᠠᠯᠢ ᠳᠡᠯᠡᠭᠡᠢ ᠶᠢᠨ ᠡᠯᠪᠠᠭ᠌ ᠪᠠᠶᠠᠯᠢᠭ ᠥᠩᠭᠡ ᠳᠦᠷᠭᠦ ᠶᠢ ᠰᠤᠨᠢᠷᠬᠠᠬᠤ ᠵᠢᠨ ᠲ᠋ᠠᠭᠠᠤ ᠳᠤ ᠰᠤᠷᠤᠭᠴᠢᠳ ᠤᠨ ᠣᠷᠮ᠎ᠠ ᠰᠡᠳᠭᠢᠭᠦᠢ ᠶᠢ ᠭᠦᠭ᠍ᠵᠢᠭᠡᠵᠤ ᠳᠠᠢ᠌ᠯᠤᠨ᠎ᠠ᠃ ᠡᠭᠦᠨ ᠶᠢᠡᠷ ᠳᠠᠮᠵᠢᠭᠤᠯᠵᠤ ᠰᠤᠷᠤᠭᠴᠢᠳ ᠤᠨ ᠣᠯᠠᠨ ᠮᠸᠳᠢᠶ᠎ᠠ ᠶᠢ ᠭᠡᠷᠡᠭᠯᠡᠨ ᠡᠯ᠎ᠡ ᠭᠢᠴᠢᠶᠠᠯ ᠲᠦᠷᠦᠯ ᠤᠨ ᠶᠢᠡᠨ ᠮᠡᠳᠡᠯᠭᠡ ᠮᠠᠳᠠᠴᠠ ᠶᠢᠨ ᠳᠤᠬᠠᠢ ᠰᠤᠳᠤᠯᠵᠤ᠂ ᠮᠡᠳᠡᠯᠭᠡ ᠶᠢᠨ ᠬᠠᠷᠠᠭ᠎ᠠ ᠪᠠᠨ ᠦᠷᠭᠡᠳᠭᠡᠭᠦ ᠪᠣᠯᠤᠨ ᠶᠡᠷᠦᠩᠭᠡᠢ ᠠᠰᠠᠭᠤᠳᠠᠯ ᠢ ᠰᠢ᠌ᠳᠪᠦᠷᠢᠯᠡᠭᠦ ᠴᠢᠳᠠᠪᠭᠢ ᠶᠢᠨ ᠳᠡᠭᠡᠭ᠍ᠰᠢᠯᠡᠯᠳᠡ ᠶᠢ ᠠᠭᠢᠭᠤᠯᠤᠨ᠎ᠠ᠃

ᠵᠠᠩᠭᠢ ᠶᠢᠨ ᠮᠡᠷᠭᠡᠵᠢᠯ ᠤᠨ ᠭᠢᠴᠢᠶᠡᠯᠯᠡᠭᠡ ᠶᠢᠨ ᠵᠢᠭᠠᠨ ᠰᠤᠷᠭᠠᠯᠳᠠ ᠳᠤ ᠬᠠᠮᠳᠤᠷᠠᠨ ᠰᠤᠷᠤᠯᠴᠠᠬᠤ ᠶᠢ ᠴᠢᠬᠤᠯᠠ ᠪᠠᠢ᠌ᠷᠢᠨ ᠳᠤ ᠳᠠᠯᠪᠢᠨ᠎ᠠ᠃ ᠬᠠᠮᠳᠤᠷᠠᠨ ᠰᠤᠷᠤᠯᠴᠠᠬᠤ ᠳᠤᠮᠳᠠ ᠡᠭᠦᠷᠭᠡ ᠪᠠᠨ ᠬᠤᠪᠢᠶᠠᠷᠢᠯᠠᠬᠤ᠂ ᠮᠠᠳᠠᠭ ᠲᠡᠶ ᠠᠰᠠᠭᠤᠳᠠᠯ ᠶᠢᠡᠨ ᠬᠠᠮᠳᠤᠪᠠᠷ ᠰᠥᠪᠠᠭ᠍ᠴᠢᠯᠡᠨ ᠰᠢ᠌ᠳᠪᠦᠷᠢᠯᠡᠭᠦ᠂ ᠰᠢᠯᠢᠳᠡᠭ᠌ ᠳᠠᠯ᠎ᠠ ᠪᠠᠨ ᠪᠠᠳᠠᠷᠠᠭᠤᠯᠤᠨ ᠳᠤᠳᠠᠭᠳᠠᠯ ᠶᠢᠡᠨ ᠬᠠᠷᠢᠯᠴᠠᠨ ᠨᠥᠭᠦᠪᠦᠷᠢᠯᠡᠭᠦ᠂ ᠬᠠᠷᠢᠯᠴᠠᠨ ᠣᠢ᠌ᠯᠠᠭᠠᠵᠤ ᠭᠦᠡᠳᠦᠳᠭᠡᠭᠦ᠂ ᠦᠵᠡᠯᠳᠠ ᠪᠠᠨ ᠢᠯᠡᠳᠭᠡᠭᠦ ᠵᠡᠷᠭᠡ ᠪᠠᠷ ᠰᠤᠷᠤᠯᠴᠠᠯᠭ᠎ᠠ ᠶᠢᠨ ᠦᠷ᠎ᠡ ᠠᠰᠢᠭ ᠢ ᠳᠡᠭᠡᠭ᠍ᠰᠢᠯᠡᠭᠦᠯᠵᠤ᠂ ᠬᠠᠮᠵᠢᠯᠴᠠᠭ᠎ᠠ ᠶᠢᠨ ᠳᠠᠨᠢᠯᠳᠠ ᠣᠪᠣᠷ ᠳᠠᠳᠬᠠᠯ ᠢ ᠭᠦᠮᠦᠵᠢᠭᠦᠯᠦᠨ᠎ᠡ᠃ ᠵᠢᠱᠢᠶᠠᠯᠠᠪᠠᠯ᠂ ᠠᠩᠭᠢ ᠶᠢᠨ ᠰᠤᠨᠢᠨ ᠢ ᠲᠦᠰᠤᠪᠯᠠᠨ ᠦᠢᠯᠡᠳᠬᠦ ᠡᠭᠦᠷᠭᠡ ᠶᠢ ᠪᠠᠶᠡᠯᠡᠭᠦᠯᠭᠦ ᠳᠤ᠂ ᠪᠢᠴᠢᠵᠤ ᠨᠠᠢ᠌ᠷᠠᠭᠤᠯᠬᠤ ᠣᠷ᠎ᠠ ᠠᠪᠢᠶᠠᠰ ᠲᠡᠶ ᠰᠤᠷᠤᠭᠴᠢ ᠨᠢ ᠰᠢᠯᠦᠭ᠌ ᠵᠤᠬᠢᠶᠠᠯ ᠨᠠᠢ᠌ᠷᠠᠭᠤᠯᠬᠤ ᠡᠭᠦᠷᠭᠡ ᠶᠢ ᠬᠤᠪᠢᠶᠠᠷᠢᠯᠠᠨ᠂ ᠣᠷᠠᠨ ᠵᠢᠷᠤᠭ ᠤᠨ ᠳᠤᠷ᠎ᠠ ᠰᠤᠨᠢᠷᠬᠠᠯ ᠲᠡᠶ ᠰᠤᠷᠤᠭᠴᠢ ᠨᠢ ᠰᠤᠨᠢᠨ ᠤ ᠨᠢᠭᠤᠷ ᠤᠨ ᠲᠦᠰᠤᠪᠯᠠᠨ ᠣᠷᠠᠯᠠᠬᠤ ᠡᠭᠦᠷᠭᠡ ᠶᠢ ᠭᠤᠤᠯᠯᠠᠨ ᠬᠠᠷᠢᠭᠤᠴᠠᠵᠤ ᠪᠣᠯᠤᠨ᠎ᠠ᠃ ᠳᠤᠭᠠᠨ ᠤ ᠣᠬᠠᠭᠠᠨ ᠳᠤ ᠳᠤᠷ᠎ᠠ ᠰᠤᠨᠢᠷᠬᠠᠯ ᠲᠡᠶ ᠨᠢ ᠴᠤ ᠦᠪᠡᠷ ᠤᠨ ᠳᠠᠪᠠᠭᠤᠯᠢᠭ ᠶᠢᠡᠨ ᠪᠠᠳᠠᠷᠠᠭᠤᠯᠤᠨ 《ᠰᠤᠨᠢᠷᠬᠠᠯᠳᠠᠢ ᠪᠣᠳᠤᠯᠭ᠎ᠠ》 ᠭᠡᠭᠦ ᠮᠠᠳᠤ ᠶᠢᠨ ᠳᠤᠰᠬᠠᠢ ᠪᠣᠯᠤᠩ ᠢ ᠳᠠᠭᠠᠭᠠᠨ ᠡᠷᠭᠢᠯᠡᠵᠤ ᠪᠣᠯᠬᠤ ᠶᠤᠮ᠃ ᠰᠤᠷᠤᠭᠴᠢᠳ ᠤᠨ ᠬᠠᠮᠵᠢᠯᠴᠠᠭᠠᠨ ᠤ ᠳᠠᠨᠢᠯᠳᠠ ᠪᠣᠯᠤᠨ ᠴᠢᠳᠠᠪᠭᠢ ᠶᠢᠨ ᠭᠦᠮᠦᠵᠢᠯ ᠨᠢ ᠴᠠᠭ ᠦᠶ᠎ᠡ ᠪᠣᠯᠤᠨ ᠨᠡᠢ᠌ᠭᠡᠮ ᠤᠨ ᠱᠠᠭᠠᠷᠳᠠᠯᠭ᠎ᠠ ᠪᠣᠯᠬᠤ ᠶᠤᠮ᠃ ᠡᠢ᠌ᠮᠤ ᠡᠴᠡ ᠮᠡᠳᠡᠭᠡ ᠵᠠᠩᠭᠢ ᠶᠢᠨ ᠮᠡᠷᠭᠡᠵᠢᠯ ᠤᠨ ᠭᠢᠴᠢᠶᠡᠯᠯᠡᠭᠡ ᠳᠤ ᠳᠤᠭᠣᠢ᠌ᠯᠠᠩ ᠶᠢᠡᠷ ᠬᠠᠮᠳᠤᠷᠠᠨ ᠰᠤᠷᠤᠯᠴᠠᠬᠤ ᠭᠡᠯᠪᠠᠷᠢ ᠶᠢ ᠢᠯᠡᠭᠦᠭᠡᠨ ᠵᠤᠬᠢᠶᠠᠨ ᠪᠠᠢ᠌ᠭᠤᠯᠵᠤ᠂ ᠬᠠᠮᠳᠤᠪᠠᠷ ᠰᠠᠳᠤᠪ ᠰᠤᠩᠭ᠋ᠤᠨ ᠬᠠᠮᠳᠤᠪᠠᠷ ᠰᠤᠷᠤᠯᠴᠠᠨ ᠰᠥᠪᠠᠭ᠍ᠴᠢᠯᠡᠵᠤ᠂ ᠬᠠᠮᠳᠤᠪᠠᠷ ᠭᠢᠵᠤ ᠪᠠᠶᠡᠯᠡᠭᠦᠯᠭᠦ ᠶᠢ ᠵᠤᠷᠢᠭᠵᠢᠭᠤᠯᠤᠨ᠎ᠠ᠃ ᠡᠨᠡ ᠶᠠᠪᠣᠴᠠ ᠳᠤ ᠪᠠᠭᠰᠢ ᠭᠦᠮᠤᠨ ᠪᠣᠯ ᠨᠢᠭᠡᠨ ᠰᠠᠨᠠᠭᠤᠯᠤᠭᠴᠢ᠂ ᠰᠤᠨᠤᠰᠤᠭᠴᠢ ᠪᠣᠯᠤᠨ ᠳᠤᠭᠢᠷᠠᠭᠤᠯᠤᠭᠴᠢ ᠪᠣᠯᠬᠤ ᠭᠡᠷᠡᠭ᠍ᠳᠡᠢ᠃ ᠰᠤᠷᠤᠯᠴᠠᠯᠭ᠎ᠠ ᠶᠢᠨ ᠳᠠᠷᠠᠭ᠎ᠠ ᠰᠢᠯᠢᠳᠡᠭ᠌ ᠰᠠᠢ᠌ᠨ ᠪᠦᠳᠦᠭᠡᠯ ᠢ ᠣᠯᠠᠨ ᠳᠤ ᠳᠡᠯᠭᠡᠨ ᠥᠵᠡᠭᠦᠯᠵᠤ ᠰᠠᠢ᠌ᠰᠢᠶᠠᠨ ᠵᠤᠷᠢᠭᠵᠢᠭᠤᠯᠪᠠᠯ ᠰᠠᠢ᠌ᠨ ᠪᠠᠢ᠌ᠳᠠᠭ᠃

ᠪᠠᠭ᠎ᠠ ᠰᠤᠷᠭᠠᠭᠤᠯᠢ ᠶᠢᠨ ᠮᠡᠳᠡᠭᠡ ᠵᠠᠩᠭᠢ ᠶᠢᠨ ᠮᠡᠷᠭᠡᠵᠢᠯ ᠤᠨ ᠭᠢᠴᠢᠶᠡᠯᠯᠡᠭᠡ ᠶᠢᠨ ᠪᠣᠰᠤᠳ ᠭᠢᠴᠢᠶᠠᠯ ᠲᠦᠷᠦᠯ ᠤᠨ ᠵᠢᠭᠠᠨ ᠰᠤᠷᠭᠠᠯᠳᠠ ᠡᠴᠡ ᠢᠯᠭᠠᠭᠳᠠᠬᠤ ᠭᠡᠯᠪᠠᠷᠢ ᠪᠣᠯ ᠺᠤᠮᠫᠢᠦ᠋ᠲ᠋ᠸᠷ ᠪᠣᠯᠤᠨ ᠳᠤᠤᠷ ᠰᠦᠯᠵᠢᠶ᠎ᠠ ᠶᠢᠨ ᠮᠡᠷᠭᠡᠵᠢᠯ ᠤᠨ ᠰᠢᠯᠢᠳᠡᠭ᠌ ᠳᠠᠯ᠎ᠠ ᠶᠢ ᠭᠦᠢᠴᠡᠳ ᠪᠠᠳᠠᠷᠠᠭᠤᠯᠤᠨ ᠰᠤᠷᠤᠭᠴᠢᠳ ᠤᠨ ᠳᠦᠷᠰᠦᠯᠢᠭ᠌ ᠴᠤᠪᠣᠭᠤ ᠰᠤᠷᠤᠯᠴᠠᠬᠤ᠂ ᠭᠦᠳᠡᠯᠦᠩᠭᠦᠢ ᠪᠠᠷ ᠰᠤᠷᠤᠯᠴᠠᠬᠤ᠂ ᠬᠠᠮᠵᠢᠯᠴᠠᠨ ᠰᠤᠷᠤᠯᠴᠠᠬᠤ᠂ ᠰᠥᠪᠠᠭ᠍ᠴᠢᠯᠡᠨ ᠰᠤᠷᠤᠯᠴᠠᠬᠤ ᠶᠢ ᠠᠭᠢᠭᠤᠯᠵᠤ᠂ ᠵᠠᠩᠭᠢ ᠶᠢᠨ ᠮᠡᠷᠭᠡᠵᠢᠯ ᠨᠢ ᠨᠠᠰᠤᠨ ᠳᠤᠷᠰᠢᠳᠠ ᠶᠢᠨ ᠰᠤᠷᠤᠯᠴᠠᠯᠭ᠎ᠠ ᠪᠣᠯᠤᠨ ᠬᠠᠮᠳᠤᠷᠠᠨ ᠰᠤᠷᠤᠯᠴᠠᠬᠤ ᠶᠢᠨ ᠳᠡᠮᠵᠢᠭ᠍ᠴᠢ ᠭᠡᠳᠡᠭ᠌ ᠵᠢᠭᠠᠨ ᠰᠤᠷᠭᠠᠯᠳᠠ ᠶᠢᠨ ᠦᠵᠡᠯᠳᠠ ᠳᠠᠨᠢᠯᠳᠠ ᠶᠢ ᠪᠣᠢ ᠪᠣᠯᠭᠠᠨ ᠰᠤᠷᠤᠭᠴᠢᠳ ᠲᠤ ᠰᠢᠯᠢᠳᠡᠭ᠌ ᠰᠠᠢ᠌ᠨ ᠵᠠᠩᠭᠢ ᠶᠢᠨ ᠮᠡᠷᠭᠡᠵᠢᠯ ᠤᠨ ᠭᠡᠪ ᠪᠣᠯᠪᠠᠰᠤᠷᠠᠯ ᠢ ᠭᠦᠮᠦᠵᠢᠭᠦᠯᠤᠨ ᠳᠠᠳᠬᠠᠯᠵᠢᠭᠤᠯᠵᠤ᠂ ᠰᠤᠷᠤᠭᠴᠢᠳ ᠤᠨ ᠶᠢᠡᠨ ᠨᠠᠰᠤᠨ ᠳᠤᠷᠰᠢᠳᠠ ᠶᠢᠨ ᠥᠭᠡᠳᠡᠯᠡᠯᠳᠡ ᠳᠠᠪᠰᠢᠯᠳᠠ ᠳ᠋ᠤᠨᠢ ᠰᠠᠭᠤᠷᠢᠯᠠᠬᠤ ᠶᠠᠪᠣᠳᠠᠯ ᠪᠣᠯᠤᠨ᠎ᠠ᠃


ᠵᠤᠬᠢᠶᠠᠭᠴᠢ ᠶᠢᠨ ᠬᠠᠶ‍ᠢᠭ ᠄ ᠵᠠᠷᠤᠳ

ᠵᠤᠬᠢᠶᠠᠭᠴᠢ᠄ ᠤᠶᠤᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2876
ᠴᠠᠭ᠄ 2010 ᠤᠨ ᠤ 04 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ