☆ ᠡᠰᠨᠢᠯ
ᠪᠣᠷᠤᠭᠠᠨ ᠲᠡᠶ ᠦᠳᠡᠰᠢ ᠶᠢᠨ ᠪᠣᠯᠵᠤᠭ᠎ᠠ
ᠪᠣᠷᠤᠭᠠᠨ ᠲᠡᠶ ᠭᠡᠵᠤ ᠳᠠ ᠭᠡᠯᠡᠯ᠎ᠡ
ᠪᠣᠳᠠᠩ ᠲᠡᠶ ᠪᠣᠯ ᠷᠤᠮᠠᠠᠲ᠋ᠢᠭ ᠭᠡᠵᠤ ᠪᠢ ᠭᠡᠯᠡᠯ᠎ᠡ
ᠴᠢᠮ᠎ᠠ ᠶᠢ ᠭᠦᠵᠦᠭᠦᠳᠡᠭ᠍ᠰᠡᠨ ᠳᠡᠷᠡᠭᠡᠨ ᠮᠦᠴᠡ ᠳ᠋ᠤ
ᠴᠠᠭᠯᠠᠰᠢ ᠦᠭᠡᠶ ᠵᠢᠷᠭᠠᠯ ᠲᠡᠶ ᠪᠠᠢ᠌ᠯ᠎ᠠ
ᠪᠣᠷᠤᠭᠠᠨ ᠲᠡᠶ ᠦᠳᠡᠰᠢ ᠶᠢᠨ ᠪᠣᠯᠵᠤᠭ᠎ᠠ
ᠪᠦᠳᠡᠭᠢ ᠬᠠᠢ᠌ᠷ᠎ᠠ ᠪᠠᠷ ᠨᠤᠴᠤᠵᠤ ᠪᠠᠢ᠌ᠯ᠎ᠠ
ᠪᠣᠴᠠᠶ᠎ᠠ ᠭᠡᠵᠤ ᠴᠢ ᠨᠢᠳᠤ ᠪᠠᠷ ᠶᠢᠡᠨ ᠢᠨᠢᠶᠠᠵᠤ
ᠪᠣᠷᠪᠢ ᠪᠠᠷ ᠶᠢᠡᠨ ᠨᠠᠳᠠ ᠶᠢ ᠭᠤᠬᠠᠳᠠᠵᠤ ᠪᠠᠢ᠌ᠯ᠎ᠠ
ᠪᠣᠷᠭᠢᠯᠤᠭᠰᠠᠨ ᠬᠠᠢ᠌ᠷ᠎ᠠ ᠶᠢᠨ ᠳᠡᠪᠠᠭᠡᠨ ᠳᠡᠭᠡᠷ᠎ᠡ
ᠪᠣᠴᠠᠰᠢ ᠦᠭᠡᠶ ᠪᠢ ᠬᠤᠷᠭᠤᠳᠠᠵᠤ ᠪᠠᠢ᠌ᠯ᠎ᠠ
ᠪᠣᠷᠤᠭᠠᠨ ᠲᠡᠶ ᠦᠳᠡᠰᠢ ᠶᠢᠨ ᠪᠣᠯᠵᠤᠭ᠎ᠠ
ᠪᠣᠭᠤᠨᠢᠰᠬᠤ ᠶᠢᠨ ᠠᠷᠭ᠎ᠠ ᠦᠭᠡᠶ ᠦᠨᠳᠦᠷᠵᠢᠵᠤ ᠪᠠᠢ᠌ᠯ᠎ᠠ
ᠬᠠᠢ᠌ᠷᠠᠳᠠᠢ ᠭᠡᠰᠡᠨ ᠰᠡᠳᠭᠢᠯ ᠤᠨ ᠥᠭᠡ ᠪᠠᠨ ᠪᠢ ᠭᠡᠯᠡᠭᠡ ᠥᠭᠡᠢ
ᠬᠠᠷᠠᠳᠠᠢ ᠭᠡᠰᠡᠨ ᠠᠮᠢᠳᠤᠷᠠᠯ ᠤᠨ ᠡᠷᠭᠡ ᠶᠢ ᠴᠢ ᠢᠳᠡᠭᠡᠭᠡ ᠥᠭᠡᠢ
ᠡᠨᠡᠭᠡᠨ ᠶᠢᠷᠳᠢᠠᠴᠤ ᠳᠤᠭᠤᠢ ᠭᠡᠪ ᠶᠢᠡᠷ ᠳᠤᠭᠳᠤᠯᠤᠨ᠎ᠠ
ᠡᠷᠭᠢᠭᠦ ᠬᠤᠷᠸ᠎ᠠ ᠳᠤ ᠪᠢᠳᠠ ᠬᠤᠵᠢᠮ ᠢ ᠲᠦᠰᠤᠪᠯᠠᠵᠤ ᠶᠠᠳᠠᠨ᠎ᠠ
ᠪᠣᠷᠤᠭᠠᠨ ᠲᠡᠶ ᠦᠳᠡᠰᠢ ᠶᠢᠨ ᠪᠣᠯᠵᠤᠭ᠎ᠠ
ᠪᠦᠦᠷ ᠳᠦᠦᠷᠭᠡᠨ ᠢᠳᠡᠭᠡᠯ ᠬᠠᠢ᠌ᠷᠠᠯᠠᠵᠤ ᠪᠠᠢ᠌ᠯ᠎ᠠ
ᠴᠠᠭ ᠮᠢᠨᠦ᠋ᠲ᠋ ᠵᠢᠷᠤᠭᠠᠯᠠᠨ ᠵᠢᠷᠤᠭᠠᠯᠠᠨ ᠥᠩᠭᠡᠷᠡᠭ᠍ᠰᠡᠭᠡᠷ ᠪᠠᠢ᠌ᠯ᠎ᠠ
ᠴᠠᠭᠠᠨ᠎ᠠ ᠨᠠᠭᠠᠨ᠎ᠠ ᠬᠤᠶᠠᠷ ᠣᠯᠠᠨ ᠵᠢᠯ ᠪᠣᠯᠴᠢᠬᠠᠭᠰᠠᠨ ᠪᠠᠢ᠌ᠯ᠎ᠠ
ᠴᠢᠮᠡᠭᠡ ᠰᠤᠷᠠᠭ ᠳᠤᠭᠤᠯᠵᠤ ᠳᠤᠷᠠᠰᠤᠨ ᠳᠤᠷᠠᠰᠤᠭᠰᠠᠭᠠᠷ
ᠴᠢᠨᠤᠭᠢ ᠲᠦᠯᠦᠭᠡ ᠵᠢᠷᠦᠭᠡ ᠰᠡᠳᠭᠢᠯ ᠮᠢᠨᠢ ᠡᠮᠵᠡᠭ᠍ᠯᠡᠵᠤ ᠪᠠᠢ᠌ᠯ᠎ᠠ
ᠪᠣᠷᠤᠭᠠᠨ ᠲᠡᠶ ᠦᠳᠡᠰᠢ ᠶᠢᠨ ᠪᠣᠯᠵᠤᠭ᠎ᠠ
ᠪᠣᠳᠤᠯ ᠬᠠᠢ᠌ᠷ᠎ᠠ ᠶᠢᠨ ᠵᠡᠭᠦᠳᠤ ᠪᠠᠢ᠌ᠯ᠎ᠠ
ᠠᠵᠢᠯ ᠣᠢ᠌ᠯᠠᠰ ᠰᠢᠭᠤᠳᠮᠠᠭ ᠴᠠᠭ ᠠᠯᠢ ᠨᠢᠭᠡᠨ ᠶᠢᠡᠨ ᠥᠭᠡᠢ᠌ᠯᠡᠭᠦ ᠪᠠᠢ᠌ᠯᠭᠦᠢ
ᠠᠷᠠᠠᠰᠢᠨ ᠴᠦᠯᠢᠰ ᠠᠷᠢᠯᠤᠭᠰᠠᠨ ᠡᠷᠡᠨ ᠳᠤ ᠪᠦᠳᠤᠨ ᠵᠠᠶᠠᠭ᠎ᠠ ᠰᠤᠨᠤᠷᠳᠤᠭᠤᠯᠬᠤ ᠪᠠᠢ᠌ᠬ᠎ᠠ
ᠪᠦᠮᠪᠦᠷᠴᠡᠭ᠌ ᠤᠨ ᠬᠤᠪᠢ ᠳᠤ ᠪᠦᠭᠦᠳᠡᠭᠡᠷ ᠠᠮᠤᠭᠤᠯᠠᠩ ᠢ ᠪᠢ ᠭᠦᠰᠡᠨ᠎ᠡ
ᠪᠦᠯᠢᠶᠡᠰᠭᠦ ᠶᠢᠨ ᠳᠠᠪᠢᠯᠠᠩ ᠳᠤ ᠴᠢ ᠪᠢᠳᠠᠨ ᠤ ᠵᠢᠷᠭᠠᠯᠠᠩ ᠢ ᠬᠣᠢ᠌ᠴᠢᠰ ᠮᠢᠨᠢ ᠵᠦᠩᠨᠠᠨᠡ
ᠪᠣᠷᠤᠭᠠᠨ ᠲᠡᠶ ᠦᠳᠡᠰᠢ ᠶᠢᠨ ᠪᠣᠯᠵᠤᠭ᠎ᠠ
ᠪᠣᠴᠠᠯᠳᠠ ᠦᠭᠡᠶ ᠥᠩᠭᠡᠷᠡᠵᠤ ᠣᠳᠤᠯ᠎ᠠ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2011 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ