☆ ᠪᠠᠳᠤᠰᠠᠴᠠᠨ
ᠰᠠᠷᠠᠨ ᠳᠡᠭᠡᠷ᠎ᠡ ᠭᠠᠷ ᠭᠦᠷᠭᠦ ᠶᠢ ᠰᠠᠨᠠᠯ᠎ᠠ
ᠰᠠᠷᠠᠨ ᠳᠡᠭᠡᠷ᠎ᠡ ᠪᠢ ᠭᠠᠷ ᠭᠦᠷᠭᠦ ᠶᠢ ᠰᠠᠨᠠᠯ᠎ᠠ
ᠰᠠᠢ᠌ᠬᠠᠨ ᠬᠠᠰ ᠤᠨ ᠬᠠᠴᠠᠷ ᠢ ᠨᠢ ᠦᠨᠦᠰᠴᠤ ᠥᠵᠡᠭᠦ ᠶᠢ ᠳᠤᠷᠠᠯᠠᠯ᠎ᠠ
ᠰᠡᠯᠡᠭᠦᠨ ᠰᠦᠨᠢ ᠶᠢᠨ ᠮᠦᠷᠦᠭᠡᠳᠦᠯ ᠳᠤ ᠰᠤᠷᠮᠤᠰᠤ ᠴᠠᠪᠴᠢᠯᠠᠨ ᠳᠡᠷᠭᠡᠯᠰᠢᠭᠡᠳ
ᠰᠠᠪ ᠦᠭᠡᠶ ᠴᠡᠪᠠᠷᠭᠡᠨ ᠳᠤᠷᠠᠯᠠᠯ ᠢ ᠰᠡᠳᠭᠢᠯ ᠳᠡᠭᠡᠷ᠎ᠡ ᠮᠢᠨᠢ ᠪᠦᠮᠪᠦᠷᠢᠭᠦᠯᠤᠨᠡ
ᠰᠠᠷᠠᠨ ᠳᠡᠭᠡᠷ᠎ᠡ ᠪᠢ ᠭᠠᠷ ᠭᠦᠷᠭᠦ ᠶᠢ ᠰᠠᠨᠠᠯ᠎ᠠ
ᠰᠠᠨᠠᠭᠠᠨ ᠤ ᠶᠡᠭᠡ ᠣᠤᠠᠬ᠎ᠠ ᠶᠢ ᠢᠷᠠᠵᠤ ᠥᠵᠡᠭᠦ ᠶᠢ ᠵᠤᠷᠢᠯ᠎ᠠ
ᠪᠠᠶᠠᠷᠯᠠᠬᠤ ᠳᠠᠭᠠᠨ ᠳᠡᠷᠭᠡᠯᠰᠢᠵᠤ ᠪᠠᠯᠳᠠᠬᠤ ᠳᠠᠭᠠᠨ ᠭᠡᠯᠳᠡᠷᠳᠡᠭ᠌
ᠪᠠᠢ᠌ᠭᠠᠯᠢ ᠶᠢᠨ ᠣᠶᠠᠬᠠᠨ ᠰᠠᠷᠠᠨ ᠤ ᠴᠡᠯᠮᠡᠭᠦᠨ ᠭᠡᠷᠡᠯ ᠢ ᠳᠤᠷᠠᠰᠤᠨ᠎ᠠ
ᠰᠠᠷᠠᠨ ᠳᠡᠭᠡᠷ᠎ᠡ ᠪᠢ ᠭᠠᠷ ᠭᠦᠷᠭᠦ ᠶᠢ ᠰᠠᠨᠠᠯ᠎ᠠ
ᠽᠡᠮᠪᠦᠯᠢᠭ᠌ ᠢ ᠡᠯᠢᠭᠡᠨ ᠳᠡᠭᠡᠨ ᠳᠠᠪᠠᠷᠢᠵᠤ ᠥᠵᠡᠭᠦ ᠶᠢ ᠭᠤᠷᠢᠯᠤᠯᠠ
ᠵᠢᠷᠭᠠᠯ ᠢ ᠭᠡᠷᠪᠡ ᠣᠭᠤᠰᠤᠷᠯᠠᠴᠢᠬᠠᠭᠠᠤᠨ ᠵᠡᠭᠦᠵᠤ ᠪᠣᠯᠳᠠᠭ ᠪᠣᠯ
ᠵᠢᠮᠢᠰᠤᠨ ᠰᠠᠷ᠎ᠠ ᠶᠢᠨ ᠶᠢᠡᠨ ᠭᠦᠵᠦᠭᠦᠨ ᠳᠤ ᠪᠢ ᠰᠤᠠᠳᠤᠷ ᠪᠣᠯᠭᠠᠵᠤ ᠡᠯᠭᠦᠨ᠎ᠡ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠬᠤᠧᠨ ᠰᠢᠶᠠ ᠠᠵᠢᠯ ᠮᠡᠷᠭᠡᠵᠢᠯ ᠤᠨ ᠰᠤᠷᠭᠠᠭᠤᠯᠢ
ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2010 ᠤᠨ ᠤ 10 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ