☆ ᠬᠦ᠊ · ᠠᠯᠲᠠᠨᠬᠤᠶᠠᠭ
ᠭᠡᠭᠡᠭᠳᠡᠵᠦ ᠪᠠᠢ᠌ᠭ᠎ᠠ ᠦᠪ ᠰᠤᠶᠤᠯ
ᠭᠦᠤ ᠶᠢᠨ ᠮᠢᠨᠢ ᠨᠠᠷᠠ ᠶᠢ 《 ᠳᠤᠯᠭ᠎ᠠ 》 ᠭᠡᠳᠡᠭ᠌ ᠃ ᠠᠷᠪᠠᠨ ᠭᠤᠷᠪᠠ ᠶᠢᠨ ᠶᠢᠡᠨ ᠵᠢᠯ ᠢ ᠣᠭᠳᠤᠭᠰᠠᠨ ᠭᠦᠤ ᠮᠢᠨᠢ ᠨᠢᠭᠡ ᠡᠳᠦᠷ ᠭᠡᠨᠡᠳᠳᠡ ᠨᠠᠳᠠ ᠡᠴᠡ ᠳᠤᠯᠭ᠎ᠠ ᠭᠡᠵᠤ ᠴᠤᠬᠤᠮ ᠶᠠᠮᠠᠷ ᠶᠠᠭᠤᠮ᠎ᠠ ᠪᠣᠯᠬᠤ ᠶᠢ ᠭᠡᠳᠦᠡᠳᠡ ᠠᠰᠠᠭᠤᠪᠠ ᠃
ᠪᠢ ᠨᠠᠭᠠᠳᠤᠮ ᠭᠢᠵᠤ ᠄ 《 ᠴᠢᠮ᠎ᠠ ᠰᠢᠭ ᠶᠠᠭᠤᠮ᠎ᠠ ᠪᠠᠢ᠌ᠳᠠᠭ 》 ᠭᠡᠵᠤ ᠭᠡᠯᠡᠴᠢᠭᠡᠭᠡᠤᠨ ᠭᠡᠨᠤᠨᠳᠡ ᠰᠡᠭᠡᠰᠭᠡᠵᠤ ᠂ ᠨᠢᠳᠤᠨ ᠳᠤ ᠥᠵᠡᠭ᠍ᠳᠡᠵᠤ ᠭᠠᠷ ᠲᠤ ᠪᠠᠷᠢᠭᠳᠠᠬᠤ ᠶᠠᠭᠤᠮ᠎ᠠ ᠦᠭᠡᠶ ᠪᠣᠯᠬᠤ ᠪᠠᠷ ᠨᠢ ᠴᠤᠬᠤᠮ ᠶᠠᠭᠠᠭᠢᠵᠤ ᠭᠡᠯᠡᠵᠤ ᠦᠭᠭᠦ ᠪᠠᠨ ᠣᠯᠵᠤ ᠶᠠᠳᠠᠨ ᠭᠡᠰᠡᠭ᠌ ᠪᠣᠳᠤᠭᠠᠤᠨ ᠄ 《ᠡᠵᠢ ᠴᠢᠨᠢ ᠳᠠᠷᠢᠶ᠎ᠠ ᠬᠠᠭᠤᠷᠬᠤ ᠳᠤ ᠭᠤᠷᠪᠠᠨ ᠴᠢᠯᠠᠭᠤ ᠪᠣᠰᠬᠠᠭᠠᠤᠨ ᠳᠤᠭᠤᠭ᠎ᠠ ᠪᠠᠨ ᠨᠡᠷᠡᠳᠡᠭ᠌ ᠰᠢᠤ ᠂ ᠳᠠᠷᠠ ᠴᠢᠨᠢ ᠳᠤᠯᠭ᠎ᠠ ᠮᠦᠨ》 ᠭᠡᠰᠡᠨ ᠳᠤ ᠭᠦᠤ ᠭᠡᠰᠡᠭ᠌ ᠪᠣᠳᠤᠭᠠᠤᠨ 《ᠳᠡᠭᠡᠪᠠᠯ ᠳᠤᠯᠭ᠎ᠠ ᠭᠡᠳᠡᠭ᠌ ᠴᠢᠨᠢ ᠴᠢᠯᠠᠭᠤ ᠶᠤᠮ ᠪᠠᠢ᠌ᠨ᠎ᠠ ᠰᠢᠤ》 ᠭᠡᠪᠡ ᠃ ᠪᠢ ᠴᠤᠬᠤᠮ ᠶᠠᠭᠤ ᠭᠡᠵᠤ ᠭᠡᠯᠡᠭᠦ ᠪᠠᠨ ᠣᠯᠵᠤ ᠶᠠᠳᠠᠨ᠎ᠠ ᠃ ᠳᠡᠭᠡᠭᠡᠤᠨ ᠵᠢᠩᠭᠢᠨᠢ ᠳᠤᠯᠭ᠎ᠠ ᠶᠢᠨ ᠶᠠᠩᠵᠤ ᠶᠢ ᠶᠡᠭᠡ ᠲᠦᠯᠦᠪ ᠵᠢᠷᠤᠵᠤ ᠦᠭᠭᠦᠭᠡᠤᠨ ᠣᠴᠢᠷ ᠶᠤᠰᠤ ᠶᠢ ᠨᠢ ᠴᠢᠳᠠᠯ ᠤᠨ ᠴᠢᠨᠡᠭᠡ ᠪᠠᠷ ᠳᠠᠢ᠌ᠯᠪᠣᠷᠢᠯᠠᠯᠠ ᠃
ᠭᠦᠤ ᠳᠤᠯᠭ᠎ᠠ ᠶᠢᠨ ᠭᠡᠷᠡᠭ᠍ᠴᠡᠭᠡ ᠶᠢ ᠣᠢ᠌ᠯᠭᠠᠭᠰᠠᠨ ᠪᠣᠯᠪᠠᠴᠤ ᠳᠤᠯᠭ᠎ᠠ ᠭᠡᠳᠡᠭ᠌ ᠨᠢ ᠴᠤᠬᠤᠮ ᠶᠠᠮᠠᠷ ᠰᠢᠤ ᠶᠠᠭᠤᠮ᠎ᠠ ᠪᠣᠯᠬᠤ ᠶᠢ ᠮᠠᠳᠠᠵᠤ ᠴᠢᠳᠠᠭᠰᠠᠨ ᠦᠭᠡᠶ᠃ ᠳᠡᠭᠡᠭᠡᠤᠨ ᠪᠢ ᠭᠡᠷᠡᠭ᠌ ᠪᠣᠯᠭᠠᠵᠤ ᠨᠤᠳᠤᠭ ᠤᠨ ᠭᠡᠳᠤᠨ ᠨᠠᠰᠤᠳᠠᠢ᠌ᠴᠤᠳ ᠡᠴᠡ ᠰᠤᠷᠠᠭᠯᠠᠵᠤ ᠪᠠᠢ᠌ᠭᠠᠤᠨ ᠠᠷᠠᠢ ᠨᠢᠭᠡ ᠡᠪᠦᠭᠡᠨ ᠳᠠᠷᠬᠠᠨ ᠤ ᠳᠤ ᠭᠠᠭᠴᠠ ᠳᠤᠯᠭ᠎ᠠ ᠥᠯᠡᠳᠡᠭ᠍ᠰᠡᠨ ᠪᠠᠢ᠌ᠳᠠᠭ ᠭᠡᠵᠤ ᠰᠤᠨᠤᠰᠤᠭᠠᠤᠨ ᠨᠢᠭᠡ ᠡᠳᠦᠷ ᠭᠦᠤ ᠪᠠᠨ ᠳᠠᠭᠠᠭᠤᠯᠵᠤ ᠣᠴᠢᠭᠠᠤᠨ ᠳᠤᠰᠬᠠᠢ᠌ᠯᠠᠨ ᠥᠵᠡᠭᠦᠯᠪᠡ ᠃ ᠭᠦᠤ ᠮᠢᠨᠢ ᠶᠡᠭᠡᠳᠡ ᠰᠤᠨᠢᠷᠬᠠᠨ ᠡᠷᠭᠢᠭᠦᠯᠵᠤ ᠳᠤᠭᠤᠷᠢᠭᠤᠯᠵᠤ ᠦᠵᠡᠵᠤ ᠥᠵᠡᠭᠡᠤᠨ ᠰᠠᠶᠢ ᠨᠠᠷᠠ ᠶᠢᠨ ᠶᠢᠡᠨ ᠴᠤᠬᠤᠮ ᠣᠤᠠᠬ᠎ᠠ ᠶᠢ ᠣᠢ᠌ᠯᠭᠠᠭᠰᠠᠨ ᠰᠢᠭ ᠄ 《ᠳᠤᠯᠭ᠎ᠠ ᠭᠡᠵᠤ ᠣᠤᠯ ᠨᠢ ᠡᠢ᠌ᠮᠤ ᠶᠠᠭᠤᠮ᠎ᠠ ᠪᠠᠢ᠌ᠵᠤ ᠰᠢᠤ ᠂ ᠳᠡᠭᠡᠪᠠᠯ ᠪᠢ ᠡᠭᠦᠨ ᠳᠤᠳᠤᠷ᠎ᠠ ᠭᠠᠯ ᠳᠦᠯᠠᠵᠤ ᠦᠵᠡᠵᠤ ᠪᠣᠯᠬᠤ ᠦᠦ ︖》 ᠭᠡᠨ᠎ᠡ ᠃
ᠪᠢ ᠠᠢ᠌ᠯ ᠤᠨ ᠶᠠᠭᠤᠮ᠎ᠠ ᠶᠢ ᠳᠤᠷ᠎ᠠ ᠪᠠᠷ ᠭᠡᠷᠡᠭᠯᠡᠭᠦ ᠳᠤ ᠡᠪ ᠥᠬᠡᠢ᠌ᠷᠡᠵᠤ᠂ ᠭᠡᠷ ᠤᠨ ᠡᠵᠡᠨ ᠡᠪᠦᠭᠡᠨ ᠳᠠᠷᠬᠠᠨ ᠥᠭᠡᠳᠡ ᠬᠠᠷᠠᠭᠰᠠᠨ ᠳᠤ ᠳᠠᠷᠠ ᠄ 《ᠭᠦᠭᠡᠷᠦᠭᠦᠢ ᠂ ᠬᠤᠳᠠ ᠶᠢᠨ ᠭᠡᠦᠭᠡᠤᠨ ᠥᠵᠡᠭᠡ ᠦᠭᠡᠶ ᠶᠠᠭᠤᠮ᠎ᠠ ᠪᠠᠨ ᠰᠤᠨᠢᠷᠬᠠᠬᠤ ᠨᠢ ᠵᠦᠪ ᠂ ᠣᠳᠤ ᠶᠠᠷᠤ ᠬᠤᠳᠠ ᠶᠢᠨ ᠭᠡᠦᠭᠡᠤᠨ ᠭᠡᠷᠡᠭ᠌ ᠦᠭᠡᠶ ᠭᠦᠳᠡᠭᠡ ᠶᠢᠨ ᠭᠡᠦᠭᠡᠤᠨ ᠴᠤ ᠡᠨᠡ ᠳᠤᠯᠭ᠎ᠠ ᠡᠴᠡ ᠡᠭᠢᠯᠡᠭᠡᠤᠨ ᠥᠩᠭᠡᠷᠡᠭ᠍ᠰᠡᠨ ᠳᠤ ᠪᠢᠳᠠᠨ ᠤ ᠭᠡᠷᠡᠭᠯᠡᠵᠤ ᠪᠠᠢ᠌ᠭᠰᠠᠨ ᠮᠠᠰᠢ ᠠᠷᠪᠢᠨ ᠶᠠᠭᠤᠮᠠᠰ ᠢ ᠮᠡᠳᠡᠭᠦ ᠦᠭᠡᠶ ᠪᠣᠯᠵᠠᠢ ᠃ ᠳᠡᠭᠡ ᠂ ᠳᠡᠭᠡ ᠮᠢᠨᠤ ᠭᠦᠤ ᠳᠡᠭᠦᠨ ᠳᠡᠭᠡᠨ ᠭᠠᠯ ᠳᠦᠯᠠᠵᠤ ᠦᠵᠡ ︕》 ᠭᠡᠪᠡ ᠃ ᠮᠢᠨᠤ ᠪᠠᠶᠠᠷᠯᠠᠭᠰᠠᠨ ᠭᠡᠵᠢ ᠡ ᠂ ᠳᠤᠯᠭ᠎ᠠ ᠶᠢ ᠨᠢ ᠳᠤᠯᠤᠭᠠᠤᠨ ᠳᠤᠳᠤᠷ᠎ᠠ ᠨᠢ ᠠᠷᠭᠠᠯ ᠳᠦᠯᠡᠭᠡ ᠵᠡᠷᠭᠡᠯᠡᠵᠤ ᠭᠠᠯᠯᠠᠬᠤ ᠪᠠᠷ ᠪᠠᠵᠠᠭᠠᠪᠠ ᠃ ᠳᠡᠭᠡᠳᠡᠯ᠎ᠡ ᠭᠦᠤ ᠮᠢᠨᠢ ᠣᠯᠠᠮ ᠰᠤᠨᠢᠷᠬᠠᠵᠤ 《ᠦᠭᠡᠶ ᠶᠠᠷᠤ ᠨᠢ ᠳᠡᠭᠡᠭᠡᠤᠨ ᠥᠩᠭᠡᠷᠡᠭ᠍ᠰᠡᠨ ᠳᠤ ᠶᠠᠭᠤ ᠪᠠᠷ ᠭᠠᠯ ᠠᠰᠠᠭᠠᠳᠠᠭ ᠪᠠᠢ᠌ᠭᠰᠠᠨ ᠪᠣᠢ ︖》 ᠭᠡᠭᠦ ᠶᠤᠮ ᠪᠢᠯᠠ ᠃
ᠪᠢ᠄ 《ᠭᠡᠳᠡ ᠪᠠᠷ ᠠᠰᠠᠭᠠᠳᠠᠭ ᠪᠠᠢ᠌ᠯ᠎ᠠ 》 ᠭᠡᠰᠡᠨ ᠳᠤ ᠭᠦᠤ ᠄ 《ᠳᠠᠷᠠ ᠭᠡᠳᠡ ᠭᠡᠳᠡᠭ᠌ ᠴᠢᠨᠢ ᠶᠠᠮᠠᠷ ᠶᠠᠭᠤᠮ᠎ᠠ ᠪᠠᠢ᠌ᠳᠠᠭ ᠪᠣᠢ ︖》 ᠭᠡᠵᠤ ᠣᠯᠠᠮ ᠴᠠᠭᠠᠰᠢᠯᠠᠭᠤᠯᠪᠠ ᠃ ᠳᠡᠭᠡᠳᠡᠯ᠎ᠡ ᠡᠪᠦᠭᠡᠨ ᠳᠠᠷᠬᠠᠨ ᠦᠮᠤᠯᠵᠠᠨ ᠢᠨᠢᠶᠡᠭᠡᠤᠨ ᠄ 《ᠭᠡᠳᠡ ᠭᠡᠳᠡᠭ᠌ ᠶᠠᠭᠤᠮ᠎ᠠ ᠶᠢ ᠪᠢ ᠴᠢᠮ᠎ᠠ ᠳᠤ ᠥᠵᠡᠭᠦᠯᠦᠶ᠎ᠡ》 ᠭᠡᠤᠨ ᠭᠡᠷ ᠲᠡᠭᠡᠨ ᠣᠷᠤᠵᠤ ᠂ ᠥᠳᠡᠭᠡᠷᠢ ᠲᠡᠶ ᠬᠠᠷ᠎ᠠ ᠥᠭᠦᠭ᠌ ᠶᠢᠡᠨ ᠣᠩᠭᠢᠴᠠᠵᠤ ᠶᠤᠰᠤᠳᠠᠢ ᠮᠢᠨᠤ ᠪᠠᠭ᠎ᠠ ᠳᠤ ᠨᠠᠰᠤᠳᠠᠢ᠌ᠴᠤᠳ ᠤᠨ ᠵᠡᠭᠦᠵᠤ ᠶᠠᠪᠣᠳᠠᠭ ᠬᠠᠭᠤᠴᠢᠨ ᠭᠡᠳᠡ ᠭᠠᠷᠭᠠᠵᠤ ᠢᠷᠠᠪᠠ ᠃ ᠭᠦᠤ ᠶᠢᠨ ᠨᠢᠳᠤ ᠣᠷᠤᠢ ᠳᠡᠭᠡᠷ᠎ᠡ ᠪᠠᠨ ᠭᠠᠷᠴᠢᠬᠠᠭᠰᠠᠨ ᠂ ᠳᠡᠭᠦᠨ ᠢ ᠨᠢ ᠪᠣᠯᠢᠶᠠᠬᠤ ᠰᠢᠬᠠᠮ ᠠᠪᠣᠭᠠᠤᠨ ᠳᠤᠡᠭ ᠰᠤᠨᠢᠭᠤᠴᠢᠯᠠᠨ ᠦᠵᠡᠵᠤ ᠄ 《ᠡᠭᠦᠨ ᠢ ᠶᠠᠭᠠᠭᠢᠵᠤ ᠭᠠᠯᠯᠠᠳᠠᠭ ᠶᠤᠮ ᠪᠣᠢ ︖》 ᠭᠡᠵᠤ ᠠᠰᠠᠭᠤᠨ᠎ᠠ ᠃
ᠡᠪᠦᠭᠡᠨ ᠳᠠᠷᠬᠠᠨ ᠄ 《ᠠᠯᠢ ᠂ ᠡᠪᠦᠭᠡ ᠨᠢ ᠴᠢᠮᠠᠳᠤ ᠭᠡᠯᠡᠵᠤ ᠦᠭᠭᠦᠶ᠎ᠡ ︕》 ᠭᠡᠤᠨ ᠭᠡᠳᠡ ᠪᠠᠨ ᠠᠪᠴᠤ ᠳᠤᠯᠭ᠎ᠠ ᠳᠤᠳᠤᠷ᠎ᠠ ᠬᠤᠮᠢᠯ ᠦᠯᠠᠵᠤ ᠳᠠᠯᠪᠢᠭᠠᠤᠨ ᠭᠡᠳᠡ ᠪᠠᠨ ᠴᠠᠭᠢᠵᠤ ᠣᠯᠠ ᠪᠠᠨ ᠣᠩᠭ᠋ᠤᠤᠠᠬᠠᠨ ᠬᠤᠮᠢᠯ ᠳᠡᠭᠡᠷ᠎ᠡ ᠪᠠᠨ ᠳᠠᠯᠪᠢᠭᠠᠤᠨ ᠦᠯᠢᠶᠠᠵᠤ ᠡᠭᠢᠯᠡᠯ᠎ᠡ ᠃ ᠳᠡᠭᠡᠭᠡᠤᠨ ᠳᠦᠳᠠᠯ ᠦᠭᠡᠶ ᠭᠠᠯ ᠦᠷᠪᠢᠰᠭᠢᠨ ᠠᠰᠠᠵᠤ ᠳᠤᠯᠭᠠᠨ ᠳᠤᠳᠤᠷ᠎ᠠ ᠳᠦᠷᠡᠯᠵᠡᠪᠠ ᠃ ᠭᠦᠤ ᠮᠢᠨᠢ ᠡᠨᠡ ᠪᠦᠭᠦᠨ ᠢ ᠰᠤᠨᠢᠷᠬᠠᠵᠤ ᠦᠪᠡᠷ ᠶᠢᠡᠨ ᠭᠠᠯ ᠢ ᠡᠭᠦᠳᠦᠭ᠍ᠰᠡᠨ ᠡᠴᠡ ᠢᠯᠡᠭᠦᠤ ᠭᠦᠭ᠍ᠰᠡᠨ ᠪᠠᠶᠠᠷᠯᠠᠵᠤ ᠄ 《 ᠮᠤᠩᠭ᠋ᠤᠯ ᠭᠦᠮᠤᠨ ᠥᠨᠡᠭᠡᠷ ᠠᠭᠤᠤ ᠶᠡᠭᠡ ᠪᠠᠢ᠌ᠵᠠᠢ ᠃ ᠡᠢ᠌ᠮᠤ ᠶᠠᠭᠤᠮ᠎ᠠ ᠶᠢ ᠪᠦᠳᠦᠭᠡᠵᠤ ᠭᠠᠯ ᠡᠭᠦᠳᠦᠨ᠎ᠡ ᠭᠡᠳᠡᠭ᠌ 》 ᠭᠡᠤᠨ ᠠᠰᠠᠨ ᠳᠦᠷᠡᠯᠵᠡᠭᠦ ᠭᠠᠯ ᠤᠨ ᠡ᠊ᠠᠳᠡ ᠳᠠᠠᠳᠠ ᠭᠠᠷᠴᠤ ᠶᠠᠭ ᠦᠪᠡᠷ ᠶᠢᠡᠨ ᠴᠤ ᠭᠦᠷᠳᠡᠯ᠎ᠡ ᠰᠢᠳᠠᠵᠤ ᠪᠠᠢ᠌ᠬᠤ ᠰᠢᠭ ᠳᠠᠰᠴᠤ ᠶᠠᠳᠠᠨ᠎ᠠ ᠁
ᠡᠪᠦᠭᠡᠨ ᠳᠠᠷᠬᠠᠨ ᠤ ᠭᠢ ᠡᠴᠡ ᠪᠣᠴᠠᠵᠤ ᠢᠷᠡᠭ᠍ᠰᠡᠨ ᠤ ᠳᠠᠷᠠᠭ᠎ᠠ ᠭᠦᠤ ᠮᠢᠨᠢ ᠨᠠᠮᠠᠶ᠋ᠢ ᠠᠮᠤᠷ ᠵᠠᠶᠠᠭ᠎ᠠ ᠥᠵᠡᠭᠦᠯᠭᠦ ᠪᠠᠨ ᠪᠠᠢ᠌ᠪᠠ ᠃ ᠳᠠᠠᠳᠠ ᠥᠵᠡᠭ᠍ᠰᠡᠨ ᠬᠠᠭᠤᠴᠢᠨ ᠴᠠᠭ ᠤᠨ ᠮᠤᠳᠤᠨ ᠰᠤᠮ ᠂ ᠶᠠᠩᠭ᠋ᠠᠷᠴᠤᠭ ᠂ ᠭᠦᠭᠦᠷᠭᠡ ᠂ ᠭᠢᠰᠠ ᠁ ᠭᠡᠭᠦ ᠮᠠᠳᠤ ᠶᠢᠨ ᠵᠣᠢ᠌ᠯ ᠡᠴᠡ ᠭᠠᠳᠠᠨ᠎ᠠ ᠪᠠᠰᠠ ᠶᠠᠮᠠᠷ ᠶᠠᠮᠠᠷ ᠭᠡᠷᠡᠭ᠍ᠰᠡᠯ ᠤᠳ ᠪᠠᠢ᠌ᠳᠠᠭ ᠳᠤᠬᠠᠢ ᠣᠬᠤᠴᠢᠯᠠᠭᠠᠤᠨ ᠪᠠᠢ᠌ᠬᠤᠯᠠᠷ ᠨᠢ ᠪᠢ ᠣᠳᠤ ᠨᠢᠭᠡᠡᠳᠡ ᠪᠠᠢ᠌ᠬᠤ ᠦᠭᠡᠶ ᠪᠣᠯᠤᠭᠰᠠᠨ ᠵᠣᠢ᠌ᠯ ᠤᠳ ᠤᠨ ᠭᠢᠨᠢ ᠳᠤᠬᠠᠢ ᠶᠠᠷᠢᠬᠤ ᠳᠤ ᠵᠠᠪᠠᠯ ᠥᠵᠡᠭᠦᠯᠵᠤ ᠦᠭᠭᠦ ᠶᠢ ᠱᠠᠭᠠᠷᠳᠠᠨ᠎ᠠ ᠃ ᠳᠡᠭᠡᠭᠡᠤᠨ ᠪᠠᠰᠠ ᠨᠠᠳᠠ ᠡᠴᠡ᠄ 《ᠳᠡᠭᠡᠪᠠᠯ ᠡᠪᠦᠭᠡ ᠶᠢᠨ ᠭᠡᠷ ᠤᠨ ᠶᠠᠭᠤᠮᠠᠰ ᠶᠠᠭᠠᠭᠢᠭᠰᠠᠨ ᠪᠣᠢ ︖》 ᠭᠡᠵᠤ ᠴᠤ ᠠᠰᠠᠭᠤᠨ᠎ᠠ ᠃ ᠪᠢ ᠥᠨᠡᠭᠡᠷ ᠭᠡᠯᠡᠭᠦ ᠶᠠᠭᠤᠮ᠎ᠠ ᠪᠠᠨ ᠣᠯᠬᠤ ᠦᠭᠡᠶ ᠵᠦᠳᠠᠷᠠᠨᠠ᠃ ᠮᠢᠨᠤ ᠪᠠᠭ᠎ᠠ ᠳᠤ ᠭᠡᠷ ᠲᠤ ᠮᠢᠨᠢ ᠳᠤᠯᠭ᠎ᠠ ᠂ ᠰᠠᠭᠠᠯᠢ ᠰᠥ᠋ ᠶᠢᠨ ᠡᠳ᠋ᠯᠡᠯ ᠭᠡᠷᠡᠭ᠍ᠰᠡᠯ ᠂ ᠮᠤᠷᠢ ᠣᠨᠤᠭᠠᠨ ᠤ ᠭᠡᠷᠡᠭ᠍ᠰᠡᠯ ᠡᠴᠡ ᠡᠭᠢᠯᠡᠭᠡᠤᠨ ᠪᠦᠷ ᠮᠤᠳᠤ ᠂ ᠴᠢᠯᠠᠭᠤ ᠂ ᠳᠠᠮᠤᠷ ᠂ ᠭᠠᠤᠯᠢ ᠂ ᠵᠠᠰ ᠂ ᠠᠷᠠᠰᠤ ᠰᠢᠷᠢ ᠂ ᠨᠤᠤᠰᠤ ᠰᠢᠳᠠᠮᠰᠤ ᠭᠡᠤᠨ ᠡᠳᠦᠷ ᠳᠤᠳᠤᠮ ᠤᠨ ᠡᠯᠳᠡᠪ ᠭᠡᠷᠡᠭ᠍ᠰᠡᠯ ᠣᠯᠠᠮᠵᠢᠯᠠᠯᠳᠤ ᠮᠤᠩᠭ᠋ᠤᠯ ᠮᠠᠶᠢᠭ ᠶᠢᠡᠷ ᠶᠢᠡᠨ ᠪᠠᠢ᠌ᠳᠠᠭ ᠯᠠ ᠪᠠᠢ᠌ᠭᠰᠠᠨ ᠃ ᠭᠡᠳᠡᠯ᠎ᠡ ᠣᠳᠤ ᠪᠣᠯᠬᠤ ᠳᠤ ᠭᠡᠳᠤᠨ ᠮᠠᠭᠤ ᠰᠠᠢ᠌ᠨ ᠰᠤᠮ ᠰᠠᠭᠤᠯᠭ᠎ᠠ ᠡᠴᠡ ᠪᠣᠰᠤᠳ ᠭᠠᠷ ᠲᠤ ᠪᠠᠷᠢᠭᠳᠠᠵᠤ ᠨᠢᠳᠤᠨ ᠳᠤ ᠥᠵᠡᠭ᠍ᠳᠡᠭᠦ ᠶᠠᠭᠤᠮ᠎ᠠ ᠦᠭᠡᠶ ᠪᠣᠯᠵᠤ ᠂ ᠪᠦᠷ ᠰᠥ᠋ᠯᠢᠶᠤᠤ ᠳᠡᠭᠡᠰᠤ ᠂ ᠰᠥ᠋ᠯᠢᠶᠤᠤ ᠰᠠᠪᠠ ᠰᠠᠭᠤᠯᠭ᠎ᠠ ᠁ ᠵᠡᠷᠭᠡ ᠰᠢᠨ᠎ᠠ ᠴᠠᠭ ᠤᠨ ᠶᠠᠭᠤᠮ᠎ᠠ ᠪᠠᠷ ᠣᠷᠤᠯᠠᠭᠳᠠᠵᠠᠢ ᠃
ᠳᠡᠳᠡᠭᠡᠷ ᠭᠡᠷᠡᠭ᠍ᠰᠡᠯ ᠤᠳ ᠭᠡᠵᠢᠶ᠎ᠡ ᠶᠠᠭᠠᠭᠢᠭᠠᠤᠨ ᠭᠡᠭᠡᠭ᠍ᠳᠡᠵᠤ ᠂ ᠬᠠᠶᠠᠭᠳᠠᠵᠤ ᠦᠭᠡᠶ ᠪᠣᠯᠤᠭᠰᠠᠨ ᠢ ᠪᠢ ᠦᠪᠡᠷ ᠶᠢᠡᠨ ᠴᠤ ᠮᠡᠳᠡᠳᠡᠭ᠌ ᠦᠭᠡᠶ᠃ ᠪᠣᠳᠤᠬᠤ ᠳᠤ ᠁ ᠡᠭᠦᠨ ᠢ ᠥᠩᠭᠡᠷᠡᠭᠡᠤᠨ ᠮᠢᠨᠤ ᠳᠤᠳᠤᠷ᠎ᠠ ᠶᠤᠰᠤᠳᠠᠢ ᠬᠠᠷᠠᠮᠰᠠᠯ ᠤᠨ ᠬᠠᠷ᠎ᠠ ᠮᠠᠨᠠᠨ ᠳᠠᠳᠠᠯ᠎ᠠ ᠃ ᠨᠢᠭᠡ ᠦᠨᠳᠦᠰᠦᠳᠠᠨ ᠤ ᠡᠪᠦᠭᠡ ᠳᠡᠭᠡᠳᠦᠰ ᠤᠨ ᠪᠦᠳᠦᠭᠡᠭ᠍ᠰᠡᠨ ᠦᠪ ᠰᠤᠶᠤᠯ ᠂ ᠪᠣᠰᠤᠳ ᠦᠨᠳᠦᠰᠦᠳᠠᠨ ᠤ ᠦᠪ ᠰᠤᠶᠤᠯ ᠳᠤ ᠢᠩᠭᠢᠵᠤ ᠡᠢ᠌ᠮᠤ ᠠᠮᠠᠷᠬᠠᠨ ᠂ ᠡᠢ᠌ᠮᠤ ᠣᠬᠤᠷᠬᠠᠨ ᠬᠤᠭᠤᠴᠠᠭᠠᠨ ᠳᠤ ᠡᠳ᠋ᠯᠡᠵᠤ ᠭᠡᠷᠡᠭᠯᠡᠵᠤ ᠪᠠᠢ᠌ᠭᠰᠠᠨ ᠮᠠᠨ ᠤ ᠦᠶ᠎ᠡ ᠶᠢᠨ ᠭᠢᠨ ᠡᠴᠡ᠂ ᠨᠠᠩ ᠴᠤ ᠦᠪᠡᠷᠰᠠᠤᠨ ᠤᠨ ᠭᠠᠷ ᠶᠢᠡᠷ ᠭᠢᠵᠤ ᠪᠦᠳᠦᠭᠡᠵᠤ ᠭᠡᠷᠡᠭᠯᠡᠵᠤ ᠪᠠᠢ᠌ᠭᠰᠠᠨ ᠡᠪᠦᠭᠡᠤᠨ ᠤᠨ ᠬᠠᠵᠠᠭᠤ ᠡᠴᠡ ᠴᠢᠮᠡᠭᠡ ᠢᠮᠡᠭᠡ ᠦᠭᠡᠶ ᠶᠢᠨ ᠳᠤᠳᠤᠷ᠎ᠠ ᠦᠪᠡᠷ ᠤᠨ ᠡᠵᠡᠨ ᠳᠡᠭᠡᠨ ᠴᠤ ᠣᠭᠳᠤ ᠮᠡᠳᠡᠭ᠍ᠳᠡᠯ ᠦᠭᠡᠶ ᠡᠭᠦᠷᠢᠳᠡ ᠭᠡᠭᠡᠭ᠍ᠳᠡᠵᠤ ᠬᠠᠶᠠᠭᠳᠠᠬᠤ ᠨᠢ ᠡ ︕ ᠮᠢᠨᠤ ᠪᠠᠭ᠎ᠠ ᠶᠢᠨ ᠦᠶ᠎ᠡ ᠶᠢᠨ ᠲᠦᠷᠦᠵᠤ ᠥᠰᠦᠭ᠍ᠰᠡᠨ ᠨᠤᠳᠤᠭ ᠣᠰᠤᠨ ᠤ ᠮᠢᠨᠢ ᠪᠠᠢ᠌ᠭᠠᠯᠢ ᠣᠷᠴᠢᠨ ᠂ ᠭᠦᠮᠤᠨ ᠠᠷᠠᠤᠨ ᠤᠨ ᠭᠢᠨᠢ ᠵᠠᠩ ᠠᠷᠠᠠᠰᠢᠨ ᠂ ᠦᠪ ᠰᠤᠶᠤᠯ ᠤᠨ ᠭᠢᠨᠢ ᠣᠯᠠᠨ ᠳᠠᠯᠠᠳᠤ ᠥᠩᠭᠡ ᠪᠣᠳᠤᠭ ᠵᠠᠢ᠌ᠷ ᠲᠡᠶ ᠨᠢᠳᠤᠨ ᠳᠤ ᠮᠢᠨᠢ ᠵᠡᠭᠦᠳᠤ ᠵᠡᠷᠭᠡᠯᠭᠡᠨ ᠰᠢᠭ᠌ ᠪᠦᠷᠳᠦᠯᠵᠡᠨ ᠥᠩᠭᠡᠷᠡᠵᠤ ᠂ ᠨᠠᠳᠠᠳᠤ ᠦᠪᠡᠷ ᠤᠨ ᠡᠷᠭᠡ ᠦᠭᠡᠶ ᠣᠯᠠᠨ ᠶᠠᠭᠤᠮ᠎ᠠ ᠪᠣᠳᠤᠭᠳᠠᠭᠤᠯᠵᠤ ᠭᠡᠳᠤᠨ ᠰᠦᠨᠢ ᠨᠣᠢ᠌ᠷ ᠢ ᠮᠢᠨᠢ ᠬᠤᠯᠵᠢᠭᠠᠪᠠ ᠃ ᠳᠠᠷᠠ ᠦᠶ᠎ᠡ ᠶᠢ ᠡᠷᠭᠢᠴᠡᠭᠦᠯᠵᠤ ᠣᠳᠤᠭᠢ ᠲᠡᠶ ᠬᠠᠷᠢᠴᠠᠭᠤᠯᠵᠤ ᠦᠵᠡᠪᠠᠯ ᠥᠨᠡᠭᠡᠷ ᠭᠦᠮᠤᠨ ᠤ ᠰᠠᠤᠠᠭᠢᠯ ᠵᠢᠷᠦᠭᠡ ᠶᠢ ᠰᠢᠮᠰᠢᠷᠡᠭᠦᠯᠦᠨ᠎ᠡ᠃ ᠪᠢᠳᠠ ᠭᠡᠦᠭᠡᠤᠨ ᠠᠬᠤᠢ ᠴᠠᠭ ᠲᠠᠭᠠᠨ ᠠᠭᠤᠯᠠ ᠴᠠᠢ᠌ᠳᠠᠮ ᠭᠡᠰᠦᠵᠤ ᠣᠯᠠᠷᠢᠯ ᠳᠠᠮᠵᠢᠭᠰᠠᠨ ᠣᠳᠤᠷ ᠨᠡᠭᠦᠳᠡᠯ ᠶᠢᠡᠷ ᠪᠠᠭ᠎ᠠ ᠨᠠᠰᠤ ᠪᠠᠨ ᠮᠠᠯ ᠤᠨ ᠭᠦᠯ ᠤᠨ ᠳᠤᠭᠤᠰᠤᠨ ᠳᠤᠮᠳᠠ ᠡᠯᠡᠭᠡᠭ᠍ᠰᠡᠨ ᠃ ᠵᠤᠨ ᠤ ᠳᠡᠯᠭᠡᠷ ᠣᠯᠠᠷᠢᠯ ᠪᠣᠯᠬᠤ ᠳᠤ ᠮᠠᠨ ᠤ ᠭᠢᠨ ᠣᠳᠤᠮ ᠤᠨ ᠰᠤᠶᠤᠯ ᠶᠢᠡᠨ ᠳᠠᠭᠠᠵᠤ ᠠᠭᠤᠯᠠᠨ ᠳᠤ ᠮᠠᠯ ᠶᠢᠡᠨ ᠣᠳᠤᠷᠯᠠᠳᠠᠭ ᠪᠠᠢ᠌ᠯ᠎ᠠ ᠃ ᠳᠡᠭᠡᠭᠦ ᠳᠤ ᠡᠷᠡᠭ᠍ᠳᠡᠢ᠌ᠴᠦᠳ ᠨᠢ ᠠᠩ ᠭᠦᠷᠦᠭᠡ ᠠᠩᠨᠠᠵᠤ ᠂ ᠨᠤᠭᠳᠤ ᠴᠢᠳᠤᠷ ᠤᠯᠦᠡᠭ᠌ ᠵᠢᠷᠢᠮ ᠡᠴᠡ ᠡᠭᠢᠯᠡᠭᠦᠯᠤᠨ ᠡᠯᠳᠡᠪ ᠶᠠᠭᠤᠮ᠎ᠠ ᠪᠠᠨ ᠭᠢᠭᠦ ᠳᠤ᠂ ᠡᠮᠡᠭ᠍ᠳᠡᠢ᠌ᠴᠦᠳ ᠨᠢ ᠰᠥ᠋ ᠴᠠᠭ᠎ᠠ ᠂ ᠠᠷᠠᠰᠤ ᠰᠢᠷᠢ ᠪᠠᠨ ᠡ᠊ᠯᠳᠡᠵᠤ ᠡᠳ᠋ᠰᠢᠭᠦᠯᠦᠭᠡᠤᠨ ᠭᠡᠦᠭᠡᠤᠨ ᠤᠳ ᠨᠢ ᠡᠳᠦᠷᠵᠢᠨ ᠮᠠᠯ ᠬᠠᠷᠢᠭᠤᠯᠳᠠᠭ ᠃ ᠠᠭᠤᠯᠠ ᠶᠢᠨ ᠬᠤᠷᠮᠤᠢ ᠡᠴᠡ ᠠᠭᠤᠯᠠ ᠶᠢᠨ ᠭᠢᠷ᠎ᠠ ᠭᠦᠷᠳᠡᠯ᠎ᠡ ᠠᠩ ᠭᠦᠷᠦᠭᠡᠰᠤ ᠳᠦᠭᠦᠷᠴᠤ ᠂ ᠬᠤᠯᠠᠨ ᠂ ᠣᠷᠤᠩᠭ᠋ᠤ ᠂ ᠠᠳᠠ ᠵᠡᠭᠡᠷ᠎ᠡ ᠵᠡᠷᠭᠡᠯᠭᠡᠨ ᠳᠤ ᠠᠭᠤᠰᠤᠨ ᠵᠢᠷᠡᠯᠵᠡᠭᠡᠤᠨ ᠂ ᠠᠷᠭᠠᠯᠢ ᠣᠭᠠᠯᠵᠠ ᠂ ᠭᠦᠷᠦᠭᠡᠰᠤᠨ ᠥᠭᠡᠷ ᠬᠤᠨᠢᠨ ᠰᠥᠷᠦᠭ᠌ ᠲᠡᠶ ᠨᠠᠢ᠌ᠯᠠᠨ ᠪᠠᠯᠴᠢᠵᠤ ᠂ ᠪᠢ ᠡᠳᠦᠷ ᠲᠤ ᠬᠤᠨᠢᠨ ᠳᠤ ᠶᠠᠪᠣᠬᠤ ᠳᠠᠭᠠᠨ ᠭᠦᠷᠦᠭᠡᠰᠤᠨ ᠪᠣᠬ᠎ᠠ ᠂ ᠪᠠᠭᠠᠪᠠᠭᠠᠢ ᠴᠢᠨ᠋ᠸ᠎ᠠ ᠡᠴᠡ ᠠᠶᠤᠵᠤ ᠡᠷᠭᠢ ᠶᠢᠨ ᠢᠷᠤᠭᠠᠷ ᠂ ᠬᠠᠳᠠ ᠶᠢᠨ ᠢᠷᠮᠡᠭ᠌ ᠪᠠᠷᠠᠳᠠᠨ ᠳᠦᠤᠪᠠᠷ ᠂ ᠳᠠᠭᠤᠤ ᠬᠤᠶᠠᠷ ᠶᠢᠡᠷ ᠮᠠᠯ ᠶᠢᠡᠨ ᠳᠤᠭᠳᠠᠭᠠᠳᠠᠭ ᠪᠠᠢ᠌ᠪᠠ᠃ ᠴᠠᠢ᠌ᠳᠠᠮ ᠨᠢ ᠭᠡᠭᠦ ᠳᠤ ᠣᠳᠤ ᠭᠡᠯᠡᠪᠠᠯ ᠬᠤᠳᠠᠯ ᠪᠣᠯᠤᠮᠠᠷ ᠵᠠᠷᠢᠮ ᠭᠠᠵᠠᠷ ᠶᠢᠡᠷ ᠳᠠᠤᠯᠠᠢ ᠰᠢᠷᠭᠤᠵᠤ ᠪᠠᠭᠳᠠᠮ᠎ᠠ ᠦᠭᠡᠶ ᠴᠢᠪᠬ᠎ᠠ ᠰᠤᠬᠠᠢ ᠲᠡᠶ ᠪᠣᠰᠤᠭ᠎ᠠ ᠳᠡᠮᠡᠭᠡ ᠥᠵᠡᠭ᠍ᠳᠡᠳᠡᠭ᠌ ᠦᠭᠡᠶ ᠬᠠᠯᠢᠭᠤᠷᠠᠭᠰᠠᠨ ᠰᠠᠬᠤᠯᠠᠭ ᠵᠡᠭᠡᠰᠤ ᠲᠡᠶ᠂ ᠳᠤᠰᠤᠨ ᠳᠠᠷᠭᠤ ᠲᠡᠶ ᠠᠳᠤᠭᠤᠳ ᠴᠤ ᠭᠠᠳᠤᠯᠵᠤ ᠴᠢᠳᠠᠳᠠᠭ ᠦᠭᠡᠶ ᠪᠣᠯᠠᠭ ᠱᠠᠩᠳᠠ ᠲᠡᠶ ᠨᠤᠳᠤᠭ ᠪᠠᠢ᠌ᠭᠰᠠᠨ ᠃ ᠣᠳᠤ ᠪᠣᠯᠬᠤ ᠳᠤ ᠠᠭᠤᠯᠠ ᠴᠠᠢ᠌ᠳᠠᠮ ᠡᠴᠡ ᠡᠭᠢᠯᠡᠭᠡᠤᠨ ᠣᠰᠤ ᠭᠤᠤᠯ ᠭᠦᠷᠳᠡᠯ᠎ᠡ ᠪᠦᠭᠦᠳᠡ ᠶᠢ ᠠᠢ᠌ᠯ ᠠᠮᠢᠳᠠᠨ ᠬᠤᠪᠢᠶᠠᠯᠴᠠᠨ ᠳᠠᠰᠤᠳᠠᠵᠤ ᠂ ᠳᠠᠮᠤᠷ ᠳᠤᠤᠷ ᠢ ᠨᠠᠢ᠌ᠳᠠᠮ ᠳᠠᠳᠠᠭᠠᠤᠨ ᠂ ᠠᠩ ᠭᠦᠷᠦᠭᠡᠰᠤ ᠨᠢ ᠬᠤᠭᠤᠰᠤᠷᠠᠨ ᠪᠠᠷᠠᠭᠳᠠᠵᠤ ᠂ ᠡᠳᠦᠷ ᠤᠨ ᠣᠳᠤ ᠰᠢᠭ ᠬᠠᠶᠠ ᠨᠢᠭᠡ ᠬᠠᠷᠠᠭᠳᠠᠨ᠎ᠠ ᠃ ᠭᠠᠵᠠᠷ ᠨᠤᠳᠤᠭ ᠨᠢ ᠳᠠᠴᠢᠷᠳᠠᠨ ᠬᠠᠳᠠᠵᠤ ᠂ ᠮᠤᠳᠤ ᠰᠤᠬᠠᠢ ᠨᠢ ᠦᠨᠳᠦᠰᠦ ᠳᠠᠰᠤᠷᠠᠭᠠᠤᠨ ᠥᠴᠦᠭᠡᠨ ᠵᠢᠪᠠᠷ ᠭᠦᠳᠡᠯᠪᠠᠯ ᠨᠠᠷᠠᠨ ᠰᠠᠷᠠᠨ ᠳᠤ ᠭᠦᠷᠦᠮᠡᠷ ᠳᠤᠭᠤᠰᠤ ᠳᠡᠭ᠍ᠳᠡᠨ ᠮᠠᠨᠠᠨ ᠳᠠᠳᠠᠨ᠎ᠠ ᠃
ᠪᠢ ᠳᠠᠷᠠ ᠵᠢᠯ ᠮᠤᠩᠭ᠋ᠤᠯ ᠣᠯᠤᠰ ᠲᠤ ᠣᠴᠢᠬᠤ ᠠᠵᠠ ᠳᠠᠭᠠᠷᠠᠵᠤ ᠂ ᠰᠢᠨᠢᠩ ᠡᠴᠡ ᠣᠯᠠᠭᠠᠠᠪᠠᠭᠠᠳᠤᠷ ᠭᠦᠷᠳᠡᠯ᠎ᠡ ᠮᠠᠰᠢᠨ ᠳᠡᠷᠭᠡ ᠪᠠᠷ ᠠᠶᠠᠯᠠᠯ᠎ᠠ ᠃ ᠰᠢᠨᠢᠩ ᠡᠴᠡ ᠡᠵᠡᠨ᠎ᠡ ᠬᠤᠰᠢᠭᠤᠨ ᠤ ᠳᠠᠯᠠᠢ ᠭᠦᠪ ᠭᠦᠷᠳᠡᠯ᠎ᠡ ᠠᠢ᠌ᠯ ᠳᠤᠰᠬᠤᠨ ᠥᠷᠭᠦᠯᠵᠢᠯᠡᠵᠤ ᠂ ᠬᠡᠳᠡᠯ᠎ᠡ ᠭᠦᠮᠤᠨ ᠤ ᠣᠷᠮ᠎ᠠ ᠳᠤ ᠭᠠᠭᠴᠠ ᠪᠦᠵᠦᠡᠭ᠌ ᠴᠤ ᠳᠠᠭᠠᠷᠠᠯᠳᠤᠭᠰᠠᠨ ᠦᠭᠡᠶ᠃ ᠭᠡᠳᠡᠯ᠎ᠡ ᠭᠢᠯᠢ ᠭᠠᠷᠤᠮᠠᠭᠴᠠ ᠬᠠᠷᠢᠨ ᠥᠭᠡᠷ᠎ᠡ ᠶᠠᠩᠵᠤ ᠪᠣᠯᠵᠤ ᠭᠡᠳᠤᠨ ᠠᠷᠪᠠᠨ ᠤ ᠭᠠᠵᠠᠷ ᠨᠢᠭᠡ ᠬᠤᠶᠠᠷ ᠠᠢ᠌ᠯ ᠤᠨ ᠪᠠᠷ᠎ᠠ ᠥᠵᠡᠭ᠍ᠳᠡᠭᠡᠤᠨ ᠭᠠᠵᠠᠷ ᠣᠰᠤᠨ ᠤ ᠥᠩᠭᠡ ᠳᠦᠷᠰᠦ ᠴᠤ ᠣᠨᠠᠭᠠᠨ ᠳᠦᠷᠭᠦ ᠪᠠᠷ ᠶᠢᠡᠨ ᠳᠤᠳᠤᠷᠠᠵᠤ ᠢᠷᠠᠪᠠ ᠃ ᠵᠠᠮ ᠳᠤᠵᠢ ᠵᠡᠭᠡᠷ᠎ᠡ ᠂ ᠬᠤᠯᠠᠨ ᠰᠥᠷᠦᠭ᠌ ᠶᠢᠡᠷ ᠪᠠᠯᠴᠢᠵᠤ ᠂ ᠬᠠᠮᠤᠭ ᠶᠡᠭᠡ ᠵᠡᠭᠡᠷ᠎ᠡ ᠶᠢᠨ ᠰᠥᠷᠦᠭ᠌ ᠪᠦᠭᠦᠢ᠌ᠯᠡ ᠨᠢᠭᠡ ᠬᠠᠪᠳᠠᠭᠠᠢ ᠶᠢ ᠦᠪᠴᠢ ᠳ᠋ᠤᠨᠢ ᠪᠦᠷᠭᠦᠭᠡᠤᠨ ᠶᠠᠭ ᠬᠤᠳᠠ ᠲᠡᠶ ᠬᠤᠨᠢᠨ ᠰᠥᠷᠦᠭ᠌ ᠤᠨ ᠳᠤᠮᠳᠠᠭᠤᠷ ᠮᠠᠰᠢᠨ ᠶᠢᠡᠷ ᠳᠠᠪᠭᠢᠬᠤ ᠳᠤ ᠬᠤᠨᠢ ᠬᠤᠶᠠᠷ ᠳᠠᠰᠢ ᠪᠠᠨ ᠢᠷᠡᠬᠳᠡᠨ ᠵᠠᠮ ᠳᠠᠯᠪᠢᠳᠠᠭ ᠰᠢᠭ ᠵᠢᠭᠠᠬᠠᠨ ᠥᠷᠭᠦᠰᠭᠢᠨ ᠵᠠᠮ ᠵᠠᠢ᠌ᠯᠠᠭᠠᠤᠨ ᠮᠦᠨ ᠣᠤᠯ ᠤᠨ ᠭᠡᠪ ᠶᠢᠡᠷ ᠶᠢᠡᠨ ᠠᠮᠤᠷ ᠳᠠᠢ᠌ᠪᠣᠩ ᠢᠳᠠᠰᠢᠯᠠᠨᠠ ᠃ ᠪᠠᠰᠠ ᠬᠤᠯᠠᠨ ᠰᠥᠷᠦᠭ᠌ ᠤᠨ ᠳᠡᠷᠭᠡᠳᠡᠭᠦᠷ ᠥᠩᠭᠡᠷᠡᠭᠦ ᠳᠤ ᠬᠤᠯᠠᠨ ᠠᠵᠢᠷᠭ᠎ᠠ ᠪᠢᠳᠠᠨ ᠡᠴᠡ ᠰᠥᠷᠦᠭ᠌ ᠶᠢᠡᠨ ᠬᠠᠷᠠᠮᠨᠠᠨ ᠴᠢᠭᠢ ᠪᠠᠨ ᠰᠤᠷᠳᠣᠢ᠌ᠯᠭᠠᠵᠤ ᠳᠡᠷᠭᠡ ᠣᠷᠤᠭᠤ ᠳᠠᠭᠠᠷᠢᠮᠠᠷ ᠰᠦᠷ ᠥᠵᠡᠭᠦᠯᠤᠨ ᠠᠭᠠᠰᠢᠯᠠᠨ᠎ᠠ ᠃ ᠪᠢ ᠡᠭᠦᠨ ᠢ ᠥᠵᠡᠭᠦ ᠳᠤ ᠶᠠᠭ ᠮᠢᠨᠤ ᠪᠠᠭ᠎ᠠ ᠶᠢᠨ ᠦᠶ᠎ᠡ ᠶᠢᠨ ᠨᠤᠳᠤᠭ ᠣᠰᠤᠨ ᠤ ᠣᠩᠭ᠋ᠤᠨ ᠳᠦᠷᠭᠦ ᠥᠵᠡᠭ᠍ᠳᠡᠵᠤ ᠂ ᠣᠳᠤ ᠵᠥᠪᠭᠡᠨ ᠺᠢᠨᠣ᠋ ᠳᠸᠯᠸᠢᠰ ᠳᠡᠭᠡᠷ᠎ᠡ ᠭᠠᠷᠳᠠᠭ ᠠᠹᠷᠢᠺᠠ ᠶᠢᠨ ᠭᠡᠭᠡᠷ᠎ᠡ ᠳᠠᠯ᠎ᠠ ᠶᠢᠨ ᠦᠵᠡᠮᠵᠢ ᠳᠠᠷᠠ ᠶᠠᠩᠵᠤ ᠪᠠᠷ ᠶᠢᠡᠨ ᠳᠤᠭᠤᠷᠭ᠎ᠠ ᠨᠢᠭᠡᠳᠤ ᠮᠤᠩᠭ᠋ᠤᠯ ᠣᠯᠤᠰ ᠲᠤ ᠯᠠ ᠳᠤᠳᠤᠷᠠᠵᠤ ᠪᠠᠢ᠌ᠯ᠎ᠠ᠃ ᠵᠠᠮ ᠳᠠᠭᠠᠨ ᠬᠠᠶᠠ ᠨᠢᠭᠡ ᠠᠢ᠌ᠯ ᠶᠢᠡᠷ ᠪᠠᠭᠤᠵᠤ ᠴᠠᠢ ᠣᠤᠭᠤᠵᠤ ᠰᠠᠭᠤᠬᠤ ᠳᠤ ᠭᠡᠷ ᠤᠨ ᠳᠤᠳᠤᠷᠠᠭᠢ ᠪᠦᠭᠦ ᠡᠳ᠋ᠯᠡᠯ ᠬᠡᠷᠡᠭᠰᠡᠯ ᠨᠢ ᠬᠠᠭᠤᠴᠢᠨ ᠮᠤᠩᠭ᠋ᠤᠯ ᠶᠠᠩᠵᠤ ᠪᠠᠷ ᠶᠢᠡᠨ ᠪᠠᠢ᠌ᠵᠤ ᠂ ᠠᠮᠢᠳᠤᠷᠠᠯ ᠤᠨ ᠪᠦᠭᠦ ᠭᠡᠷᠡᠭ᠍ᠰᠡᠯ ᠂ ᠵᠠᠩ ᠵᠠᠩᠰᠢᠯ ᠪᠦᠭᠦᠨ ᠮᠢᠨᠤ ᠪᠠᠭ᠎ᠠ ᠳᠠᠭᠠᠨ ᠡᠳ᠋ᠯᠡᠵᠤ ᠂ ᠦᠵᠡᠵᠤ ᠥᠩᠭᠡᠷᠡᠭᠦᠯᠦᠭ᠍ᠰᠡᠨ ᠭᠡᠪ ᠶᠢᠡᠷ ᠪᠠᠢ᠌ᠪᠠ ᠃
ᠡᠭᠦᠨ ᠤ ᠰᠢᠯᠳᠠᠭᠠᠨ ᠴᠤᠬᠤᠮ ᠶᠠᠭᠤ ᠪᠣᠯᠬᠤ ᠶᠢ ᠨᠠᠷᠢᠨ ᠪᠣᠳᠤᠵᠤ ᠦᠵᠡᠪᠠᠯ ᠨᠢᠭᠡ ᠳᠠᠯ᠎ᠠ ᠪᠠᠷ ᠮᠤᠩᠭ᠋ᠤᠯᠴᠤᠳ ( ᠮᠤᠩᠭ᠋ᠤᠯ ᠣᠯᠤᠰ ᠤᠨ ᠭᠢᠨ ) ᠡᠭᠡ ᠪᠠᠢ᠌ᠭᠠᠯᠢ ᠪᠠᠨ ᠬᠠᠢ᠌ᠷᠡᠯᠡᠨ ᠬᠢᠮᠡᠭᠠᠳᠡᠵᠤ᠂ ᠦᠪᠡᠷ ᠤᠨ ᠦᠪ ᠰᠤᠶᠤᠯ ᠶᠢᠡᠨ ᠣᠯᠠᠮᠵᠢᠯᠠᠨ ᠬᠠᠳᠠᠭᠠᠯᠠᠵᠤ ᠬᠣᠢ᠌ᠴᠢ ᠦᠶ᠎ᠡ ᠳᠡᠭᠡᠨ ᠳᠠᠷᠠ ᠭᠡᠪ ᠶᠢᠡᠷ ᠨᠢ ᠦᠪᠯᠠᠨ ᠦᠭᠭᠦᠭ᠍ᠰᠡᠨ ; ᠨᠥᠭᠦᠭᠡ ᠳᠠᠯ᠎ᠠ ᠪᠠᠷ ᠪᠣᠰᠤᠳ ᠦᠨᠳᠦᠰᠦᠳᠠᠨ ᠤ ᠰᠤᠶᠤᠯ ᠤᠨ ᠳᠦᠷᠢᠯᠳᠠ ᠪᠠ ᠬᠤᠳᠠ ᠰᠠᠭᠤᠷᠢᠨ ᠡᠴᠡ ᠬᠤᠯᠠ ᠵᠠᠢ᠌ᠳᠠᠢ ᠪᠠᠢ᠌ᠷᠢᠯᠠᠵᠤ ᠂ ᠦᠪᠡᠷ ᠤᠨ ᠪᠠᠢ᠌ᠭᠠᠯᠢᠯᠢᠬ ᠰᠢᠠᠵᠢ ᠪᠠᠨ ᠬᠠᠳᠠᠭᠠᠯᠠᠨ ᠣᠯᠠᠮᠵᠢᠯᠠᠯᠳᠤ ᠠᠵᠤ ᠠᠬᠤᠢ ᠪᠠᠨ ᠡᠷᠭᠢᠯᠡᠭ᠍ᠰᠡᠭᠡᠷ ᠢᠷᠡᠭ᠍ᠰᠡᠨ ᠳᠤ ᠣᠷᠤᠰᠢᠨ᠎ᠠ ᠃ ᠭᠦᠮᠤᠨ ᠬᠤᠳᠠ ᠰᠠᠭᠤᠷᠢᠨ ᠳᠤ ᠰᠢᠯᠵᠢᠵᠤ ᠪᠠᠢ᠌ᠭᠠᠯᠢ ᠡᠴᠡ ᠪᠠᠨ ᠬᠤᠯᠠᠤᠠᠬᠤ ᠳᠤᠰᠤᠮ ᠶᠠᠭ ᠭᠡᠷ ᠤᠨ ᠳᠡᠵᠢᠭᠡᠪᠦᠷᠢ ᠰᠢᠭ᠌ ᠦᠪᠡᠷ ᠤᠨ ᠵᠡᠷᠯᠢᠭ᠌ ᠪᠣᠶᠤ ᠠᠳᠤᠭᠤᠰᠤᠨ ᠭᠡᠯᠪᠠᠷᠢ ᠪᠠᠨ ᠠᠯᠳᠠᠵᠤ ᠂ ᠨᠡᠢ᠌ᠭᠡᠮ ᠤᠨ ᠶᠠᠭᠤᠮ᠎ᠠ ᠪᠣᠯᠳᠠᠭ ᠃ ᠶᠡᠭᠡ ᠭᠡᠮᠵᠢᠶᠡᠨ ᠤ ᠨᠡᠭᠦᠳᠡᠯ ᠢᠷᠬᠡᠳ ᠳᠦᠷᠢᠨ ᠢᠷᠠᠵᠤ ᠂ ᠠᠳᠠᠷ ᠭᠠᠵᠠᠷ ᠢ ᠬᠠᠭᠠᠯᠪᠣᠷᠢᠯᠠᠨ ᠂ ᠬᠤᠳᠠ ᠰᠠᠭᠤᠷᠢᠨ ᠪᠠᠢ᠌ᠭᠤᠯᠵᠤ ᠪᠠᠢ᠌ᠭᠠᠯᠢ ᠣᠷᠴᠢᠨ ᠢ ᠡᠪᠳᠡᠨ ᠨᠤᠳᠤᠭ ᠤᠨ ᠠᠷᠠᠤᠨ ᠢ ᠰᠢᠬᠠᠨ ᠰᠥᠷᠳᠡᠭᠦᠯᠵᠤ ᠨᠢᠭᠡ ᠶᠤᠰᠤᠨ ᠤ 《ᠰᠤᠶᠤᠯ ᠤᠨ ᠶᠡᠭᠡ ᠳᠦᠷᠢᠯᠳᠠ》 ᠶᠠᠪᠣᠭᠤᠯᠤᠭᠰᠠᠨ ᠨᠢ ᠪᠢᠳᠠᠨ ᠤ ᠦᠪ ᠰᠤᠶᠤᠯ ᠶᠢᠡᠨ ᠥᠷᠡᠭ᠍ᠳᠡᠭᠦᠯᠭᠦ ᠪᠣᠰᠤᠤᠠᠴᠢ ᠨᠥᠭᠦᠴᠡᠯ ᠪᠣᠯᠤᠭᠰᠠᠨ ᠪᠣᠯᠪᠠᠴᠤ ᠪᠠᠶᠠᠴᠢ ᠳᠠᠯ᠎ᠠ ᠡᠴᠡ ᠥᠵᠡᠭᠦ ᠳᠤ ᠦᠪᠡᠷᠰᠠᠤᠨ ᠶᠢᠡᠨ ᠭᠠᠷ ᠲᠠᠭᠠᠨ ᠭᠡᠳᠤᠨ ᠵᠤᠭᠤᠰ ᠲᠡᠶ ᠪᠣᠯᠵᠤ ᠂ ᠦᠪᠡᠷ ᠤᠨ ᠭᠠᠷ ᠶᠢᠡᠷ ᠭᠢᠵᠤ ᠪᠦᠳᠦᠭᠡᠭᠦ ᠦᠭᠡᠶ ᠪᠠᠯᠡᠡ ᠢ ᠬᠡᠷᠡᠭᠯᠡᠬᠦ ᠂ ᠨᠠᠵᠠᠭᠠᠢ᠌ᠷᠠᠬᠤ ᠶᠠᠪᠣᠳᠠᠯ ᠭᠠᠵᠠᠷ ᠠᠪᠴᠤ ᠂ ᠬᠤᠳᠠ ᠰᠠᠭᠤᠷᠢᠨ ᠪᠠᠷᠠᠳᠠᠨ ᠮᠠᠯ ᠠᠬᠤᠢ ᠡᠴᠡ ᠪᠠᠨ ᠵᠠᠢ᠌ᠳᠠᠵᠤ ᠠᠮᠠᠷᠠᠵᠤ ᠰᠠᠭᠤᠬᠤ ᠡᠴᠡ ᠪᠣᠯᠤᠭᠰᠠᠨ ᠶᠤᠮ ᠃
ᠲᠦᠪ ᠤᠨ ᠳᠸᠯᠸᠢᠰ ᠨᠡᠪᠳᠡᠷᠡᠭᠦᠯᠭᠡ ᠶᠢᠨ 10 ᠳ᠋ᠤᠭᠠᠷ ᠰᠤᠪᠠᠭ ᠲᠤ 《ᠭᠠᠷ ᠣᠷᠠᠯᠠᠯ ᠶᠢᠡᠨ ᠥᠪᠯᠡᠡ ᠬᠠᠮᠡᠭᠠᠯᠡᠶᠡ》 (留住手艺)ᠭᠡᠰᠡᠨ ᠳᠤᠰᠬᠠᠢ ᠪᠤᠯᠦᠩ ᠪᠠᠢ᠌ᠳᠠᠭ ᠃ ᠰᠢᠨ᠎ᠠ ᠴᠠᠭ ᠤᠨ ᠰᠤᠶᠤᠯ ᠪᠣᠯᠪᠠᠰᠤᠨ ᠂ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠦᠴᠦᠳᠡᠢ ᠦᠰᠦᠷᠤᠯᠳᠠ ᠪᠠ ᠦᠪᠡᠷᠰᠠᠤᠨ ᠤᠨ ᠭᠢᠨᠢ ᠠᠯᠵᠢᠭᠤ ᠬᠣᠢ᠌ᠷᠭᠤ ᠡᠴᠡ ᠪᠣᠯᠵᠤ ᠣᠯᠠᠮᠵᠢᠯᠠᠯᠳᠤ ᠦᠪ ᠰᠤᠶᠤᠯ ᠳᠤ ᠬᠠᠠᠳᠢᠪᠯᠠᠭᠰᠠᠨ ᠳᠦᠷᠪᠡᠨ ᠶᠡᠭᠡ ᠨᠡᠭᠡᠭᠡᠯᠳᠡ ᠶᠢᠨ ᠨᠢᠭᠡ ᠪᠤᠯᠬᠤ ᠴᠠᠭᠠᠰᠤ ᠪᠠᠨ ᠮᠦᠨ ᠣᠯᠠᠮᠵᠢᠯᠠᠯᠳᠤ ᠠᠷᠭ᠎ᠠ ᠪᠠᠷ ᠭᠢᠵᠤ ᠪᠠᠢ᠌ᠨ᠎ᠠ ᠃ ᠮᠢᠨᠤ ᠪᠠᠭ᠎ᠠ ᠳᠤ ᠮᠤᠩᠭ᠋ᠤᠯᠴᠤᠳ ᠦᠪᠡᠷ ᠶᠢᠡᠨ ᠳᠠᠷᠢ ᠡ᠊ᠯᠳᠡᠵᠤ ᠰᠤᠮᠤ ᠭᠢᠳᠡᠭ᠌ ᠪᠠᠢ᠌ᠯ᠎ᠠ ᠃ ᠣᠳᠤ ᠳᠠᠷᠢ ᠡ᠊ᠯᠳᠡᠭᠦ ᠭᠡᠷᠡᠭ᠌ ᠦᠭᠡᠶ ᠬᠤᠷᠢᠰᠬᠠ ᠡ᠊ᠯᠳᠡᠭᠦ ᠭᠦᠮᠤᠨ ᠴᠤ ᠳᠠᠰᠤᠷᠠᠬᠤ ᠳᠤ ᠭᠦᠷᠴᠤ ᠪᠠᠢ᠌ᠨ᠎ᠠ ᠃
ᠣᠷᠴᠢᠮ ᠤᠨ ᠵᠢᠯ ᠡᠴᠡ ᠦᠪᠣᠷ ᠮᠤᠩᠭ᠋ᠤᠯ ᠤᠨ ᠣᠳᠤᠨ ᠳᠸᠯᠸᠢᠰ ᠵᠡᠷᠭᠡ ᠵᠠᠭᠤᠴᠢᠯᠠᠭᠤᠷ ᠡᠴᠡ 《ᠠᠳᠤᠭᠤᠨ ᠰᠤᠶᠤᠯ》 ᠂ 《ᠳᠡᠮᠡᠭᠡᠨ ᠰᠤᠶᠤᠯ》 ᠂ 《ᠰᠦᠷ ᠤᠨ ᠰᠤᠶᠤᠯ》 ᠭᠡᠭᠦ ᠮᠠᠳᠤ ᠮᠠᠰᠢ ᠠᠷᠪᠢᠨ 《ᠰᠤᠶᠤᠯ》 ᠤᠨ ᠠᠵᠢᠯᠯᠠᠭ᠎ᠠ ᠨᠤᠭᠤᠳ ᠢ ᠥᠷᠨᠢᠭᠦᠯᠵᠤ ᠂ ᠨᠢᠭᠡ ᠶᠤᠰᠤᠨ ᠤ ᠦᠪ ᠰᠤᠶᠤᠯ ᠤᠨ ᠰᠡᠷᠭᠦᠯᠳᠡ ᠶᠠᠪᠣᠭᠤᠯᠵᠤ ᠪᠠᠢ᠌ᠭ᠎ᠠ ᠰᠠᠢ᠌ᠨ ᠰᠠᠢ᠌ᠬᠠᠨ ᠰᠤᠷᠠᠭ ᠴᠢᠮᠡᠭᠡ ᠶᠢ ᠳᠠᠩᠳᠠ ᠣᠯᠵᠤ ᠥᠵᠡᠳᠡᠭ᠌ ᠪᠣᠯᠪᠠ ᠃ ᠡᠨᠡ ᠨᠢ ᠦᠨᠳᠦᠰᠦᠳᠠᠨ ᠤ ᠪᠠᠨ ᠣᠯᠠᠮᠵᠢᠯᠠᠯᠳᠤ ᠦᠪ ᠰᠤᠶᠤᠯ ᠢ ᠠᠪᠣᠷᠠᠨ ᠂ ᠬᠣᠢ᠌ᠴᠢ ᠦᠶ᠎ᠡ ᠳᠡᠭᠡᠨ ᠣᠯᠠᠮᠵᠢᠯᠠᠨ ᠥᠯᠡᠳᠡᠭᠡᠭᠦ ᠳᠤ ᠳᠤᠡᠭ᠌ ᠶᠡᠭᠡ ᠠᠴᠢ ᠬᠤᠯᠪᠣᠭᠳᠠᠯ ᠲᠡᠶ ᠶᠤᠮ ᠃ ᠭᠡᠳᠡᠯ᠎ᠡ ᠪᠠᠢ᠌ᠭᠰᠠᠨ ᠶᠠᠭᠤᠮ᠎ᠠ ᠪᠠᠨ ᠭᠡᠭᠡᠵᠤ ᠣᠷᠭᠢᠭᠠᠤᠨ ᠠᠷᠤ ᠡᠴᠡ ᠨᠢ ᠡᠷᠢᠯ ᠳᠤ ᠭᠠᠷᠤᠨ᠎ᠠ ᠭᠡᠳᠡᠭ᠌ ᠴᠤ ᠳᠤᠡᠭ᠌ ᠭᠡᠴᠡᠭᠦᠤ ᠠᠵᠢᠯ ᠃ ᠵᠠᠷᠢᠮ ᠵᠣᠢ᠌ᠯ ᠨᠢ ᠴᠠᠭ ᠠᠯᠳᠠᠭᠰᠠᠨ ᠳᠤᠯᠠ ᠠᠰᠠᠭᠤᠶ᠎ᠠ ᠰᠤᠷᠤᠶ᠎ᠠ ᠭᠡᠭᠦ ᠳᠤ ᠮᠡᠳᠡᠳᠡᠭ᠌ ᠴᠢᠳᠠᠳᠠᠭ ᠨᠠᠰᠤᠳᠠᠢ᠌ᠴᠤᠳ ᠨᠢ ᠶᠢᠷᠳᠢᠠᠴᠤ ᠶᠢᠨ ᠮᠥᠩᠭᠡ ᠪᠣᠰᠤ ᠶᠢ ᠥᠵᠡᠭᠦᠯᠵᠤ ᠣᠷᠭᠢᠵᠠᠢ ᠃
ᠵᠤᠬᠢᠶᠠᠭᠴᠢ᠄ ᠬᠦ᠊ · ᠠᠯᠲᠠᠨᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠨᠠᠢᠷᠠᠭᠤᠯᠤᠯᠳᠠᠷᠤᠮ᠄ 6646
ᠴᠠᠭ᠄ 2005 ᠤᠨ ᠤ 08 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ