ᠨᠡᠪᠲᠡᠷᠡᠨ ᠤᠷᠤᠬᠤ
ᠠᠮᠢ ᠨᠠᠰᠤᠨ ᠤ ᠪᠠᠷᠢᠯᠳᠤᠯᠭ᠎ᠠ

ᠠᠹᠷᠢᠺᠠ ᠳᠢᠪ ᠤᠨ ᠮᠠᠳᠠᠭᠠᠰᠺᠠᠷ ᠠᠷᠠᠯ ᠤᠨ ᠵᠡᠭᠦᠡᠳᠡᠢ ᠡᠨᠡᠳᠭᠡᠭ᠌ ᠳᠠᠯᠠᠢ ᠳᠡᠭᠡᠷ᠎ᠡ ᠨᠢᠭᠡ ᠮᠤᠷᠢᠴᠢᠤᠰ ᠭᠡᠳᠡᠭ᠌ ᠭᠤᠶᠤ ᠰᠠᠢ᠌ᠬᠠᠨ ᠠᠷᠠᠯᠳᠤ ᠣᠯᠤᠰ ᠪᠠᠢ᠌ᠳᠠᠭ᠃ ᠠᠯᠢ ᠡᠷᠳᠡ16 ᠳ᠋ᠤᠭᠠᠷ ᠵᠠᠭᠤᠨ ᠤ ᠦᠶ᠎ᠡ ᠳᠤ ᠧᠥᠷᠦᠫᠡ ᠳᠢᠪ ᠤᠨ ᠺᠤᠯᠤᠨᠢᠴᠢᠯᠠᠭᠴᠢᠳ ᠢ ᠳᠤᠰ ᠠᠷᠠᠯ ᠳᠤ ᠭᠦᠷᠭᠦ ᠦᠶ᠎ᠡ ᠳᠤ ᠠᠷᠠᠯ ᠳᠡᠭᠡᠷ᠎ᠡ ᠦᠪᠴᠢ ᠪᠦᠷᠭᠦᠳᠡᠯ᠎ᠡ ᠬᠠᠯᠠᠭᠤᠨ ᠪᠦᠰᠡᠨ ᠤ ᠣᠢ ᠮᠤᠳᠤ ᠣᠷᠭᠤᠳᠠᠭ ᠪᠠᠢ᠌ᠪᠠ᠃ ᠭᠡᠳᠡᠯ᠎ᠡ ᠣᠳᠤ ᠡᠨᠡ ᠠᠷᠠᠯ ᠳᠡᠭᠡᠷᠡᠭᠢ ᠪᠠᠯᠠᠷ ᠡᠷᠳᠡᠨ ᠤ ᠣᠢ ᠮᠤᠳᠤ ᠰᠢᠩᠭᠡᠷᠡᠨ ᠴᠥᠭᠡᠷᠡᠵᠡᠢ᠃ ᠡᠭᠦᠨ ᠤ ᠳᠤᠳᠤᠷ᠎ᠠ ᠳᠡᠯᠡᠭᠡᠢ ᠶᠢᠨ ᠪᠦᠮᠪᠦᠷᠴᠡᠭ᠌ ᠳᠡᠭᠡᠷ᠎ᠡ ᠵᠥᠪᠭᠡᠨ ᠳᠤᠰ ᠠᠷᠠᠯ ᠳᠡᠭᠡᠷ᠎ᠡ ᠯᠠ ᠣᠷᠭᠤᠳᠠᠭ ᠺᠠᠹᠷᠢᠶ᠎ᠠ ᠭᠡᠳᠡᠭ᠌ ᠣᠷᠳᠤ ᠨᠠᠰᠤᠳᠤ ᠳᠤᠷᠤᠭ ᠮᠤᠳᠤ ᠭᠡᠳᠥᠢᠨ ᠣᠭ ᠨᠢ ᠳᠠᠰᠤᠷᠠᠬᠤ ᠠᠶᠤᠯ ᠲᠡᠶ ᠪᠣᠯᠤᠭᠰᠠᠨ ᠪᠠᠢ᠌ᠪᠠ᠃ ᠺᠠᠹᠷᠢᠶ᠎ᠠ ᠮᠤᠳᠤ 17 ᠳ᠋ᠤᠭᠠᠷ ᠵᠠᠭᠤᠨ ᠤ ᠰᠡᠭᠦᠯᠴᠢ ᠡᠴᠠ ᠬᠣᠢ᠌ᠰᠢ ᠵᠢᠯ ᠪᠦᠷᠢ ᠴᠡᠴᠡᠭᠯᠡᠵᠤ ᠥᠷᠡᠯᠡᠳᠡᠭ᠌ ᠪᠣᠯᠪᠠᠴᠤ ᠨᠢᠭᠡ ᠴᠤ ᠰᠢᠨ᠎ᠡ ᠪᠠᠷ ᠣᠷᠭᠤᠵᠤ ᠭᠠᠷᠳᠠᠭ ᠦᠭᠡᠶ ᠪᠣᠯᠤᠭᠰᠠᠨ ᠳᠤᠯᠠ ᠮᠤᠳᠤᠨ ᠤ ᠳᠤᠭ᠎ᠠ ᠣᠯᠠᠮ ᠶᠢᠡᠷ ᠪᠠᠭᠠᠰᠴᠤ ᠯᠠ ᠪᠠᠢ᠌ᠵᠠᠢ᠃ ᠳᠡᠦᠭᠡᠨ ᠳᠡᠭᠡᠷ᠎ᠡ ᠳᠤᠰ ᠣᠯᠤᠰ ᠤᠨ ᠣᠷᠭᠤᠮᠠᠯ ᠰᠤᠳᠤᠯᠤᠯ ᠤᠨ ᠳᠤᠰᠬᠠᠢ ᠮᠡᠷᠭᠡᠵᠢᠯᠳᠡᠳ ᠡᠴᠠ ᠺᠠᠹᠷᠢᠶ᠎ᠠ ᠶᠢᠨ ᠦᠷ᠎ᠡ ᠶᠢ ᠭᠡᠴᠢᠨᠡᠭᠡᠨ ᠣᠯᠠᠨ ᠵᠣᠢ᠌ᠯ ᠤᠨ ᠠᠷᠭ᠎ᠠ ᠪᠠᠷ ᠳᠠᠷᠢᠵᠤ ᠥᠵᠡᠭ᠍ᠰᠡᠨ ᠪᠣᠯᠪᠠᠴᠤ ᠪᠦᠷ ᠢᠯᠠᠭᠳᠠᠪᠠ᠃ ᠡᠢ᠌ᠨ ᠭᠦ ᠳᠡᠯᠡᠭᠡᠢ ᠶᠢᠨ ᠪᠦᠮᠪᠦᠷᠴᠡᠭ᠌ ᠳᠡᠭᠡᠷ᠎ᠡ ᠺᠠᠹᠷᠢᠶ᠎ᠠ ᠭᠡᠭ᠍ᠴᠢ ᠬᠤᠪᠣᠷ ᠨᠠᠠᠳᠢᠨ ᠮᠤᠳᠤ ᠣᠭ ᠳᠠᠰᠤᠷᠠᠬᠤ ᠭᠡᠵᠤ ᠪᠠᠢ᠌ᠭ᠎ᠠ ᠥᠵᠡᠭ᠍ᠳᠡᠯ ᠨᠢ ᠮᠤᠷᠢᠴᠢᠤᠰ ᠠᠷᠠᠯ ᠤᠨ ᠨᠠᠷᠠᠳᠤ ᠣᠷᠭᠤᠮᠠᠯ ᠤᠨ ᠣᠰᠠᠳᠤᠯ ᠤᠨ ᠨᠢᠭᠡᠨ ᠳᠠᠢ᠌ᠯᠤᠭᠳᠠᠰᠢ ᠦᠭᠡᠶ ᠨᠢᠭᠤᠴᠠ ᠣᠨᠢᠰᠤᠭ᠎ᠠ ᠪᠣᠯᠪᠠ᠃

1982 ᠣᠨ ᠳᠤ ᠠᠮᠸᠷᠢᠺᠠ ᠶᠢᠨ ᠰᠢᠡᠵᠢᠯᠡᠭᠦ ᠣᠬᠠᠭᠠᠠᠳᠠᠨ ᠰᠧᠲ᠋ᠧᠯᠯᠸᠢᠷ·ᠳᠡᠮᠪᠦᠷ ᠳᠤᠰ ᠠᠷᠠᠯ ᠳᠤ ᠭᠦᠷᠴᠤ ᠺᠠᠹᠷᠢᠶ᠎ᠠ ᠮᠤᠳᠤ ᠶᠢ ᠰᠤᠳᠤᠯᠵᠤ ᠡᠭᠢᠯᠡᠵᠡᠢ᠃ ᠳᠡᠮᠪᠦᠷ ᠪᠣᠯ ᠰᠢᠪᠠᠭᠤᠨ ᠲᠦᠷᠦᠯ ᠢ ᠰᠤᠳᠤᠯᠳᠠᠭ ᠳᠤᠰᠬᠠᠢ ᠮᠡᠷᠭᠡᠵᠢᠯᠳᠡᠨ ᠪᠠᠢ᠌ᠭᠰᠠᠨ ᠪᠣᠯᠬᠤᠷ ᠳᠠᠷᠠ᠂ ᠠᠷᠠᠯ ᠳᠡᠭᠡᠷ᠎ᠡ ᠴᠤᠬᠤᠮ ᠶᠠᠮᠠᠷ ᠲᠦᠷᠦᠯ ᠤᠨ ᠰᠢᠪᠠᠭᠤ ᠨᠢ ᠺᠠᠹᠷᠢᠶ᠎ᠠ ᠶᠢᠨ ᠦᠷ᠎ᠡ ᠶᠢ ᠢᠳᠠᠵᠤ ᠪᠠᠢ᠌ᠭ᠎ᠠ ᠶᠢ ᠪᠠᠢ᠌ᠴᠠᠭᠠᠪᠠ᠃ ᠨᠠᠯᠢᠶᠠᠤᠨ ᠣᠳᠠᠭᠠᠨ ᠪᠠᠢ᠌ᠴᠠᠭᠠᠭᠠᠤᠨ ᠳᠠᠷᠠ ᠳᠤᠰ ᠠᠷᠠᠯ ᠳᠡᠭᠡᠷ᠎ᠡ ᠺᠠᠹᠷᠢᠶ᠎ᠠ ᠶᠢᠨ ᠦᠷ᠎ᠡ ᠶᠢ ᠵᠥᠪᠭᠡᠨ ᠨᠢᠭᠡ ᠯᠠ ᠲᠦᠷᠦᠯ ᠤᠨ ᠰᠢᠪᠠᠭᠤ ᠳᠦᠭᠦᠭᠡᠢ ᠪᠠᠷ ᠢᠳᠡᠳᠡᠭ᠌ ᠡᠴᠠ ᠪᠣᠰᠤᠳ ᠰᠢᠪᠠᠭᠤᠳ ᠢᠳᠡᠳᠡᠭ᠌ ᠦᠭᠡᠶ ᠭᠡᠭ᠍ᠴᠢ ᠶᠢ ᠮᠠᠳᠠᠵᠠᠢ᠃ ᠳᠡᠮᠪᠦᠷ ᠪᠠᠰᠠ ᠮᠤᠷᠢᠴᠢᠤᠰ ᠠᠷᠠᠯ ᠳᠡᠭᠡᠷ᠎ᠡ ᠣᠤᠯ ᠨᠢ ᠠᠮᠢᠳᠤᠷᠠᠵᠤ ᠪᠠᠢ᠌ᠭᠰᠠᠨ ᠶᠢᠡᠨ ᠣᠭ ᠳᠠᠰᠤᠷᠠᠵᠤ ᠣᠰᠠᠳᠤᠭᠰᠠᠨ ᠨᠢᠭᠡ ᠵᠣᠢ᠌ᠯ ᠤᠨ ᠳ᠋ᠥ᠋ ᠳ᠋ᠥ᠋ ᠰᠢᠪᠠᠭᠤ ᠭᠡᠳᠡᠭ᠌ ᠰᠢᠪᠠᠭᠤ ᠶᠢ ᠪᠣᠳᠤᠵᠤ ᠣᠯᠪᠠ᠃ ᠧᠥᠷᠦᠫᠡ ᠳᠢᠪ ᠤᠨ ᠺᠤᠯᠤᠨᠢᠴᠢᠯᠠᠭᠴᠢᠳ ᠢ ᠳᠤᠰ ᠠᠷᠠᠯ ᠳᠤ ᠢᠷᠡᠭᠦ ᠦᠶ᠎ᠡ ᠳᠤ ᠠᠷᠠᠯ ᠳᠡᠭᠡᠷ᠎ᠡ ᠮᠠᠰᠢ ᠣᠯᠠᠨ ᠳ᠋ᠥ᠋ ᠳ᠋ᠥ᠋ ᠰᠢᠪᠠᠭᠤᠳ ᠠᠮᠢᠳᠤᠷᠠᠳᠠᠭ ᠪᠠᠢ᠌ᠪᠠ ᠭᠡᠨ᠎ᠡ ᠃ ᠳ᠋ᠥ᠋ ᠳ᠋ᠥ᠋ ᠰᠢᠪᠠᠭᠤ ᠪᠠᠷᠤᠭ ᠯᠠ ᠨᠢᠰᠴᠤ ᠴᠢᠳᠠᠳᠠᠭ ᠦᠭᠡᠶ᠃ ᠪᠠᠶ᠎ᠠ ᠶᠢᠨ ᠦᠨᠳᠦᠷ ᠨᠢ ᠨᠢᠭᠡ ᠮᠸᠲ᠋ᠷ ᠰᠢᠬᠠᠮ ᠪᠠᠢ᠌ᠵᠤ ᠂ ᠭᠠᠵᠠᠷ ᠳᠡᠭᠡᠷ᠎ᠡ ᠡᠭᠦᠷ ᠪᠠᠷᠢᠵᠤ ᠠᠮᠢᠳᠤᠷᠠᠳᠠᠭ᠃ ᠧᠥᠷᠦᠫᠡ ᠳᠢᠪ ᠤᠨ ᠺᠤᠯᠤᠨᠢᠴᠢᠯᠠᠭᠴᠢᠳ ᠳᠠᠠᠳᠠ ᠣᠴᠢᠭᠰᠠᠨ ᠤ ᠰᠡᠭᠦᠯᠡᠷ ᠳ᠋ᠥ᠋ ᠳ᠋ᠥ᠋ ᠰᠢᠪᠠᠭᠤᠳ ᠢ ᠶᠡᠭᠡ ᠪᠠᠷ ᠠᠯᠠᠵᠤ ᠢᠳᠡᠭ᠍ᠰᠡᠭᠡᠷ ᠪᠠᠢ᠌ᠭᠠᠤᠨ1681 ᠣᠨ ᠳᠤ ᠬᠠᠮᠤᠭ ᠰᠡᠭᠦᠯᠴᠢ ᠶᠢᠨ ᠨᠢᠭᠡ ᠳ᠋ᠥ᠋ ᠳ᠋ᠥ᠋ ᠰᠢᠪᠠᠭᠤ ᠠᠯᠠᠭᠳᠠᠵᠤ ᠊᠊᠊᠊᠊᠊᠊᠊᠊᠊᠊᠊᠊᠊᠊ ᠳᠡᠭᠦᠨ ᠡᠴᠠ ᠬᠣᠢ᠌ᠰᠢ ᠳᠠᠷᠠ ᠭᠦ ᠡᠷᠭᠢᠮ ᠬᠤᠪᠣᠷ ᠰᠢᠪᠠᠭᠤ ᠳᠡᠯᠡᠭᠡᠢ ᠶᠢᠨ ᠪᠦᠮᠪᠦᠷᠴᠡᠭ᠌ ᠡᠴᠠ ᠣᠰᠠᠤᠠᠴᠠᠢ᠃

ᠳᠡᠮᠪᠦᠷ ᠡᠴᠠ ᠳᠡᠦᠭᠡᠨ ᠳᠡᠭᠡᠷ᠎ᠡ ᠪᠢᠴᠢᠭ᠍ᠳᠡᠵᠤ ᠥᠯᠡᠳᠡᠭ᠍ᠰᠡᠨ ᠳ᠋᠋ᠦ᠋ ᠳ᠋ᠥ᠋ ᠰᠢᠪᠠᠭᠤᠨ ᠤ ᠳᠤᠬᠠᠢ ᠳᠡᠮᠳᠡᠭᠯᠡᠯ ᠢ ᠥᠵᠡᠭᠡᠤᠨ ᠄ 《ᠳ᠋ᠥ᠋ ᠳ᠋ᠥ᠋ ᠰᠢᠪᠠᠭᠤ ᠰᠢᠭ᠌ ᠳᠤᠮᠤ ᠪᠠᠶ᠎ᠠ ᠲᠡᠶ ᠰᠢᠪᠠᠭᠤ ᠰᠠ‍‌ᠶᠢ ᠺᠹᠷᠢᠶ᠎ᠠ ᠮᠤᠳᠤᠨ ᠤ ᠡᠢ᠌ᠮᠤ ᠪᠦᠳᠦᠭᠦᠨ ᠦᠷ᠎ᠡ ᠶᠢ ᠢᠳᠡᠭᠦ ᠪᠣᠯᠤᠯᠴᠠᠭ᠎ᠠ ᠲᠡᠶ ᠭᠡᠵᠤ ᠮᠦᠷᠳᠠᠨ ᠪᠣᠳᠤᠭᠰᠠᠨ ᠪᠦᠭᠡᠤᠨ᠂ ᠳ᠋ᠥ᠋ ᠳ᠋ᠥ᠋ ᠰᠢᠪᠠᠭᠤᠨ ᠭᠢᠭᠡᠤᠨ ᠺᠹᠷᠢᠶ᠎ᠠ ᠮᠠᠰᠢ ᠣᠯᠠᠨ ᠪᠠᠢ᠌ᠭᠰᠠᠨ ᠴᠠᠭ ᠦᠶ᠎ᠡ ᠳᠤ᠂ ᠳ᠋ᠥ᠋ ᠳ᠋ᠥ᠋ ᠰᠢᠪᠠᠭᠤ ᠺᠹᠷᠢᠶ᠎ᠠ ᠶᠢᠨ ᠦᠷ᠎ᠡ ᠶᠢ ᠢᠳᠡᠳᠡᠭ᠌ ᠪᠠᠢ᠌ᠵᠤ ᠺᠹᠷᠢᠶ᠎ᠠ ᠶᠢᠨ ᠦᠷ᠎ᠡ ᠳ᠋ᠥ᠋ ᠳ᠋ᠥ᠋ ᠰᠢᠪᠠᠭᠤᠨ ᠤ ᠭᠡᠳᠡᠰᠤ ᠳᠤᠳᠤᠷ ᠶᠢᠡᠷ ᠳᠠᠮᠵᠢᠭᠳᠠᠪᠠᠯ ᠰᠠ‍‌ᠶᠢ ᠦᠷᠠᠯᠠᠵᠤ ᠰᠤᠶᠤᠭᠠᠯᠠᠵᠤ ᠴᠢᠳᠠᠳᠠᠭ ᠪᠠᠢ᠌ᠭᠰᠠᠨ ᠮᠠᠭᠠᠤᠨ》 ᠭᠡᠵᠤ ᠵᠤᠷᠢᠭᠳᠠᠢ ᠳᠠᠭᠠᠮᠠᠭᠯᠠᠪᠠ ᠃ ᠳᠡᠭᠡᠭᠡᠤᠨ ᠳᠠᠷᠠ ᠰᠤᠳᠤᠯᠤᠭᠰᠠᠭᠠᠷ ᠪᠠᠢ᠌ᠵᠤ ᠳ᠋ᠥ᠋ ᠳ᠋ᠥ᠋ ᠰᠢᠪᠠᠭᠤᠨ ᠲᠡᠶ ᠣᠢ᠌ᠷᠠᠯᠴᠠᠭ᠎ᠠ ᠪᠣᠯᠬᠤ ᠴᠠᠴᠤᠭᠳᠤ ᠭᠢᠷᠭᠤᠤᠯ ᠳᠤ ᠺᠹᠷᠢᠶ᠎ᠠ ᠶᠢᠨ ᠦᠷ᠎ᠡ ᠶᠢ ᠠᠯᠪᠠᠳᠠᠨ ᠢᠳᠡᠭᠦᠯᠵᠤ᠂ ᠴᠠᠴᠤᠭᠳᠤ ᠭᠢᠷᠭᠤᠤᠯ ᠤᠨ ᠭᠡᠳᠡᠰᠤ ᠪᠠᠷ ᠳᠡᠮᠵᠢᠭ᠍ᠳᠡᠨ ᠭᠠᠷᠴᠤ ᠢᠷᠡᠭ᠍ᠰᠡᠨ ᠺᠠᠹᠷᠢᠶ᠎ᠠ ᠶᠢᠨ ᠦᠷ᠎ᠡ ᠡᠴᠠ ᠠᠷᠪᠠ ᠶᠢ ᠠᠪᠴᠤ ᠳᠠᠷᠢᠭᠰᠠᠨ ᠳᠤ ᠭᠤᠷᠪᠠ ᠨᠢ ᠣᠷᠭᠤᠵᠤ ᠭᠠᠷᠴᠤ ᠢᠷᠡᠭ᠍ᠰᠡᠨ ᠪᠠᠢ᠌ᠨ᠎ᠠ︕ ᠰᠡᠭᠦᠯᠡᠷ ᠨᠢ᠂ ᠳᠡᠮᠪᠦᠷ ᠡᠴᠠ ᠴᠠᠴᠤᠭᠳᠤ ᠭᠢᠷᠭᠤᠤᠯ ᠤᠨ ᠪᠠᠳᠡᠭᠡ ᠶᠢᠨ ᠬᠠᠯᠠᠭᠤᠨ ᠤ ᠭᠡᠮᠵᠢᠶ᠎ᠡ ᠪᠠ ᠳᠠᠷᠤᠯᠳᠠ ᠶᠢᠨ ᠭᠡᠮᠵᠢᠶ᠎ᠡ ᠳᠤ ᠳᠤᠭᠢᠷᠠᠭᠤᠯᠤᠨ ᠭᠡᠮᠭᠡᠯᠡᠨ ᠪᠣᠯᠪᠠᠰᠤᠷᠠᠭᠤᠯᠬᠤ ᠮᠠᠰᠢᠨ ᠭᠢᠯᠭᠡᠭ᠍ᠰᠡᠨ ᠡᠴᠠ᠂ ᠮᠤᠷᠢᠴᠢᠤᠰ ᠣᠯᠤᠰ ᠤᠨ ᠭᠦᠮᠦᠰ ᠰᠠ‍‌ᠶᠢ ᠺᠹᠷᠢᠶ᠎ᠠ ᠵᠢᠨᠦᠷ᠎ᠡ ᠶᠢ ᠣᠯᠠᠨ ᠭᠡᠮᠵᠢᠶ᠎ᠡ ᠪᠠᠷ ᠪᠣᠯᠪᠠᠰᠤᠷᠠᠭᠤᠯᠤᠨ ᠭᠠᠷᠭᠠᠵᠤ ᠳᠠᠷᠢᠵᠤ ᠣᠷᠭᠤᠭᠤᠯᠵᠤ ᠴᠢᠳᠠᠬᠤ ᠪᠣᠯᠤᠭᠰᠠᠨ ᠪᠠᠢ᠌ᠨ᠎ᠠ᠃ ᠡᠨᠡ ᠮᠠᠳᠤ ᠪᠠᠷ᠂ ᠰᠢᠡᠵᠢᠯᠡᠭᠦ ᠣᠬᠠᠭᠠᠠᠳᠠᠨ ᠳᠡᠮᠪᠦᠷ ᠡᠴᠠ ᠳᠡᠯᠡᠭᠡᠢ ᠳᠤ ᠠᠯᠳᠠᠷᠳᠠᠢ ᠮᠤᠳᠤ ᠰᠢᠪᠠᠭᠤᠨ ᠤ ᠠᠮᠢ ᠨᠠᠰᠤᠨ ᠤ ᠪᠠᠷᠢᠯᠳᠤᠯᠭ᠎ᠠ ᠶᠢ ᠢᠯᠡᠷᠡᠭᠦᠯᠦᠭ᠍ᠰᠡᠨ ᠪᠠᠢ᠌ᠳᠠᠭ ᠃

ᠳ᠋ᠥ᠋ ᠳ᠋ᠥ᠋ ᠰᠢᠪᠠᠭᠤᠨ ᠭᠢᠭᠡᠤᠨ ᠺᠹᠷᠢᠶ᠎ᠠ ᠮᠤᠳᠤᠨ ᠤ ᠥᠯᠢᠭᠡᠷ ᠪᠣᠯ ᠭᠦᠮᠤᠨ ᠲᠦᠷᠦᠯᠭᠢᠳᠠᠨ ᠪᠠᠢ᠌ᠭᠠᠯᠢ ᠶᠢ ᠡᠪᠳᠡᠵᠤ ᠠᠮᠢᠳᠠᠨ ᠣᠷᠭᠤᠮᠠᠯ ᠤᠨ ᠠᠮᠢ ᠨᠠᠰᠤ ᠶᠢ ᠰᠥᠨᠦᠭᠡᠨ ᠣᠰᠠᠤᠠᠬᠠᠵᠤ ᠪᠠᠢ᠌ᠭ᠎ᠠ ᠭᠤᠨᠢᠭᠳᠤ ᠵᠥᠴᠦᠭᠡ ᠶᠢᠨ ᠡᠩ ᠤᠨ ᠨᠢᠭᠡ ᠵᠢᠱᠢᠶ᠎ᠠ ᠳᠠᠳᠤᠢ᠃ ᠭᠡᠷᠡᠭ᠌ ᠳᠡᠭᠡᠷ᠎ᠡ ᠪᠠᠨ ᠳᠡᠯᠡᠭᠡᠢ ᠶᠢᠨ ᠪᠦᠮᠪᠦᠷᠴᠡᠭ᠌ ᠳᠡᠭᠡᠷᠡᠭᠢ ᠬᠠᠮᠤᠭ ᠤᠨ ᠡᠩ ᠵᠢᠷ ᠤᠨ ᠂ ᠳᠣᠢ᠌ᠯ ᠤᠨ ᠵᠢᠵᠢᠭ᠍‍ᠭᠡᠨ ᠠᠮᠢᠳᠠᠨ ᠣᠷᠭᠤᠮᠠᠯ ᠤᠨ ᠣᠰᠠᠳᠤᠯ ᠡᠴᠠ ᠪᠣᠯᠵᠤ ᠭᠦᠮᠤᠨ ᠲᠦᠷᠦᠯᠭᠢᠳᠠᠨ ᠳᠤ ᠠᠪᠴᠢᠷᠠᠵᠤ ᠮᠡᠳᠡᠭᠦ ᠭᠦᠡᠳᠤ ᠨᠤᠴᠢᠳᠠᠢ ᠬᠤᠭᠢᠷᠠᠯ ᠭᠦᠨᠦᠭᠡᠯ ᠢ ᠥᠨᠡᠭᠡᠷ ᠭᠡᠮᠵᠢᠶᠡᠯᠡᠭᠦ ᠶᠢᠨ ᠠᠷᠭ᠎ᠠ ᠦᠭᠡᠶ᠂ ᠨᠥᠭᠦᠪᠦᠷᠢᠯᠡᠭᠦ ᠶᠢᠨ ᠴᠤ ᠠᠷᠭ᠎ᠠ ᠦᠭᠡᠶ ᠶᠤᠮ᠃ ᠦᠨᠦᠳᠤᠷ ᠣᠭᠳᠤ ᠭᠡᠷᠡᠭ᠍ᠴᠡᠭᠡ ᠦᠭᠡᠶ ᠬᠤᠤᠷᠠᠳᠤ ᠡᠪᠠᠰᠤ ᠨᠢ ᠴᠤ ᠭᠡᠰᠡᠨ ᠮᠠᠷᠭᠠᠰᠢ ᠰᠢᠡᠵᠢᠯᠡᠭᠦ ᠣᠬᠠᠭᠠᠨ ᠤ ᠭᠦᠭ᠍ᠵᠢᠯᠳᠡ ᠶᠢ ᠳᠠᠭᠠᠯᠳᠤᠭᠠᠤᠨ ᠭᠡᠳᠡᠷᠭᠦ ᠪᠠᠨ ᠬᠠᠷᠢᠨ ᠠᠮᠢ ᠨᠠᠰᠤ ᠶᠢ ᠠᠪᠣᠷᠠᠬᠤ ᠬᠤᠪᠣᠷ ᠨᠠᠠᠳᠢᠨ ᠡᠮ ᠤᠨ ᠮᠠᠲ᠋ᠸᠷᠢᠶᠠᠯ ᠪᠣᠯᠴᠢᠬᠠᠬᠤ ᠴᠤ ᠮᠠᠭᠠᠤᠨ ᠦᠭᠡᠶ ᠶᠤᠮ ︕ ᠦᠨᠦᠳᠤᠷ ᠥᠵᠡᠭᠦ ᠳᠤ ᠭᠦᠮᠤᠨ ᠪᠦᠭᠦᠨ ᠳᠤ ᠵᠢᠭ᠍ᠰᠢᠭ᠍ᠳᠡᠭᠦ ᠪᠣᠶᠤ ᠪᠠᠰᠤᠭᠳᠠᠵᠤ ᠪᠠᠢ᠌ᠭ᠎ᠠ ᠪᠢᠴᠢᠯ ᠵᠢᠵᠢᠭ᠌ ᠬᠤᠤᠷᠠᠳᠤ ᠮᠠᠭᠤ ᠠᠮᠢᠳᠠᠤᠨ ᠴᠤ ᠭᠡᠰᠡᠨ ᠮᠠᠷᠭᠠᠰᠢ ᠳᠣᠢ᠌ᠯ ᠤᠨ ᠭᠡᠷᠡᠭ᠍ᠴᠡᠭᠡ ᠲᠡᠶ ᠪᠣᠯᠵᠤ ᠦᠨ᠎ᠡ ᠴᠠᠨ᠎ᠠ ᠲᠡᠶ ᠪᠣᠯᠴᠢᠬᠠᠵᠤ ᠴᠤ ᠮᠡᠳᠡᠭᠦ ᠶᠤᠮ᠃ ᠮᠤᠩᠭ᠋ᠤᠯ ᠨᠤᠳᠤᠭ ᠣᠷᠤᠨ ᠶᠢᠡᠷ ᠠᠪᠴᠤ ᠭᠡᠯᠡᠭᠦ ᠳᠤ ᠡᠪᠠᠰᠤ ᠪᠠᠯᠴᠢᠭᠡᠷ᠂ ᠣᠢ ᠮᠤᠳᠤ᠂ ᠵᠢᠭᠦᠷᠳᠡᠨ ᠰᠢᠪᠠᠭᠤ᠂ ᠠᠷᠢᠶᠠᠳᠠᠨ ᠠᠮᠢᠳᠠᠤᠨ᠂ ᠣᠷᠭᠤᠮᠠᠯ ᠤᠨ ᠪᠦᠷᠭᠦᠪᠴᠢ ᠭᠦᠡᠳᠤ ᠨᠤᠴᠢᠳᠠᠢ ᠡᠪᠳᠡᠭ᠍ᠳᠡᠵᠤ ᠪᠠᠢ᠌ᠭ᠎ᠠ ᠦᠨᠦᠳᠤᠷ᠂ ᠪᠠᠢ᠌ᠭᠠᠯᠢ ᠡᠭᠡ ᠶᠢᠨ ᠴᠤᠬᠤᠮ ᠭᠡᠴᠢᠨᠡᠭᠡᠨ ᠵᠣᠢ᠌ᠯ ᠤᠨ ᠦᠨᠡᠳᠤ ᠨᠠᠠᠳᠢᠨ ᠠᠮᠢᠳᠠᠨ ᠣᠷᠭᠤᠮᠠᠯ ᠦᠯᠦ ᠥᠵᠡᠭ᠍ᠳᠡᠭᠦ ᠶᠢᠨ ᠳᠤᠮᠳᠠ ᠭᠦᠮᠦᠰ ᠲᠤ ᠳᠠᠯᠭᠢᠳᠠᠭᠳᠠᠨ ᠣᠰᠠᠳᠤᠨ ᠠᠷᠢᠯᠵᠤ ᠪᠠᠢ᠌ᠭ᠎ᠠ ᠶᠢ ᠥᠨᠡᠭᠡᠷ ᠭᠡᠯᠡᠭᠦᠶ᠎ᠡ ᠪᠠᠷᠭᠡ ᠡ ︕ ᠮᠤᠩᠭ᠋ᠤᠯ ᠨᠤᠳᠤᠭ ᠣᠰᠤᠨ ᠳᠤ ᠴᠤ ᠭᠡᠰᠡᠨ ᠴᠤᠬᠤᠮ ᠭᠡᠴᠢᠨᠡᠭᠡᠨ ᠵᠣᠢ᠌ᠯ ᠤᠨ ᠠᠮᠢᠳᠠᠨ ᠣᠷᠭᠤᠮᠠᠯ ᠤᠨ ᠠᠮᠢ ᠨᠠᠰᠤᠨ ᠤ ᠪᠠᠷᠢᠯᠳᠤᠯᠭ᠎ᠠ ᠭᠡᠯᠭᠢᠶ᠎ᠡ ᠣᠷᠤᠰᠢᠵᠤ ᠪᠠᠢ᠌ᠭ᠎ᠠ ᠶᠢ ᠴᠤᠬᠤᠮ ᠭᠡᠨ ᠭᠡᠯᠡᠵᠤ ᠮᠡᠳᠡᠭᠦ ᠪᠢᠯᠠ ᠡ︖

ᠠᠮᠢᠳᠠᠨ ᠣᠷᠭᠤᠮᠠᠯ ᠢ ᠬᠠᠢ᠌ᠷᠠᠯᠠᠨ ᠬᠠᠯᠠᠮᠵᠢᠯᠠᠭᠠᠷᠠᠢ᠃ ᠭᠦᠮᠦᠰ ᠮᠢᠨᠢ︕

2010.11.27

ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ


ᠵᠤᠬᠢᠶᠠᠭᠴᠢ᠄ ᠨᠠ᠊·ᠭᠡᠭᠡᠨᠰᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠨᠵᠢᠯᠡᠭᠡ ᠮᠡᠷᠭᠡᠵᠢᠯ
ᠳᠠᠷᠤᠮ᠄ 7212
ᠴᠠᠭ᠄ 2010 ᠤᠨ ᠤ 11 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ