ᠨᠡᠪᠲᠡᠷᠡᠨ ᠤᠷᠤᠬᠤ
ᠣᠶᠤᠳᠠᠨ ᠨᠠᠢ᠌ᠵᠠ ᠶᠢᠨ ᠵᠤᠯᠭᠠᠯᠳᠠ

ᠨᠠᠢ᠌ᠵᠠ ᠪᠠᠨ ᠨᠠᠮ᠎ᠠ ᠶᠢ ᠭᠡᠵᠤ

ᠰᠢᠯᠢ ᠶᠢᠨ ᠭᠤᠤᠯ ᠡᠴᠠ ᠢᠷᠠᠯ᠎ᠠ

ᠰᠡᠳᠭᠢᠯ ᠤᠨ ᠭᠦᠮᠦᠰ ᠶᠢᠡᠨ ᠴᠤᠭᠯᠠᠭᠤᠯᠵᠤ

ᠨᠠᠢ᠌ᠷ ᠤᠨ ᠰᠢᠷᠡᠭᠡ ᠵᠠᠰᠠᠯ᠎ᠠ


ᠣᠶᠤᠳᠠᠨ ᠠᠮᠢᠳᠤᠷᠠᠯ ᠤᠨ ᠳᠡᠭᠡᠷ᠎ᠡ ᠳᠤᠤᠷᠠᠭᠢ

ᠣᠪᠤᠨ ᠴᠤᠪᠤᠨ ᠢᠷᠡᠭ᠍ᠰᠡᠭᠡᠷ

ᠣᠭᠠᠯᠵᠠᠨ ᠳᠡᠪᠢᠰᠭᠡᠷᠳᠤ ᠳᠢᠩᠭᠢᠮ ᠳ᠋ᠤ

ᠣᠷᠤᠴᠠ ᠰᠢᠷᠡᠭᠡ ᠬᠤᠶᠠᠷ ᠢ ᠡᠵᠡᠯᠡᠯ᠎ᠡ


ᠬᠤᠷᠢᠨ ᠵᠢᠯ ᠤᠨ ᠳᠠᠷᠠᠭᠠᠭᠢ ᠵᠤᠯᠭᠠᠯᠳᠠ

ᠬᠤᠪᠣᠷᠬᠠᠨ ᠡᠨᠡ ᠮᠦᠴᠡ

ᠬᠤᠪᠳᠤᠯ ᠵᠢᠷᠦᠭᠡᠨ ᠤ ᠥᠭᠡ ᠪᠠᠨ

ᠬᠣᠢ᠌ᠨ᠎ᠠ ᠬᠣᠢ᠌ᠨ᠎ᠠ ᠡᠴᠠ ᠪᠠᠨ ᠪᠣᠯᠢᠶᠠᠯᠳᠤᠨ᠎ᠠ


ᠠᠷᠢᠭᠢᠨ ᠳᠤ ᠨᠢᠭᠡ ᠡ᠊ᠨᠳᠡᠭ᠍ᠰᠡᠨ ᠵᠢᠠᠨ

ᠠᠭᠠᠰᠢᠯᠠᠵᠤ ᠨᠢᠭᠡ ᠣᠩᠭ᠋ᠤᠳᠤᠭᠰᠠᠨ ᠵᠢᠠᠨ

ᠠᠩᠭᠢ ᠶᠢᠨ ᠪᠠᠭᠰᠢ ᠳᠤ ᠪᠠᠨ ᠵᠠᠩᠨᠠᠭᠤᠯᠤᠭᠰᠠᠨ ᠵᠢᠠᠨ

ᠠᠯᠢ ᠭᠡᠦᠭᠡᠨ ᠢ ᠬᠤᠷᠮᠣᠢ᠌ᠳᠠᠭᠰᠠᠨ ᠵᠢᠠᠨ


ᠥᠩᠭᠡᠷᠡᠭ᠍ᠰᠡᠨ ᠶᠠᠭ ᠦᠴᠦᠭᠡᠳᠦᠷ ᠰᠢᠭ᠌ ᠰᠠᠨᠠᠭᠳᠠᠨ᠎ᠠ

ᠥᠩᠭᠡᠳᠤ ᠳᠸᠯᠸᠢᠰ ᠰᠢᠭ᠌ ᠨᠢᠳᠤᠨ ᠡᠮᠤᠨ᠎ᠡ ᠳᠤᠳᠤᠷᠠᠨ᠎ᠠ

ᠦᠨᠦᠳᠤᠷ ᠤᠨ ᠰᠢᠷᠡᠭᠡᠨ ᠳᠤ ᠶᠠᠮᠠᠷ ᠴᠤ ᠬᠠᠭᠤᠷᠮᠠᠭᠯᠠᠯ ᠪᠠᠢ᠌ᠬᠤ ᠥᠭᠡᠢ

ᠦᠨᠡᠠᠴᠢ ᠰᠡᠳᠭᠢᠯ ᠤᠨ ᠠᠷᠢᠭᠤᠨ ᠥᠭᠡ ᠦᠷᠦᠭᠡ ᠪᠢᠯᠬᠠᠨ᠎ᠠ


ᠰᠤᠷᠭᠠᠭᠤᠯᠢ ᠳᠤ ᠪᠠᠨ ᠪᠠᠢ᠌ᠬᠤ ᠳᠤ ᠵᠠᠯᠠᠷᠠᠴᠢᠬᠠᠬᠤ ᠶᠤᠮ ᠭᠡᠨ᠎ᠡ

ᠰᠤᠷᠠᠭ ᠦᠭᠡᠶ ᠪᠣᠯᠬᠤᠷ ᠡᠷᠢᠵᠤ ᠢᠷᠠᠯ᠎ᠠ ᠭᠡᠨ᠎ᠡ

ᠡᠨᠡ ᠡᠳᠦᠷ ᠤᠨ ᠪᠠᠢ᠌ᠳᠠᠯ ᠢ ᠴᠢᠨᠢ ᠠᠵᠢᠬᠤ

ᠡᠷᠭᠢᠭᠡᠳ ᠬᠤᠷᠢᠨ ᠵᠢᠯ ᠲᠦᠰᠤᠷ ᠦᠭᠡᠶ ᠭᠡᠵᠤ ᠱᠤᠭᠯᠠᠨ᠎ᠠ


ᠣᠶᠤᠳᠠᠨ ᠠᠮᠢᠳᠤᠷᠠᠯ ᠰᠠᠢ᠌ᠬᠠᠨ ᠶᠤᠮ ᠡ

ᠣᠴᠠᠷᠠᠬᠤ ᠢᠷᠦᠭᠡᠯ ᠬᠤᠪᠣᠷ ᠶᠤᠮ ᠡ

ᠦᠪᠡᠷ ᠦᠪᠡᠷ ᠤᠨ ᠣᠢ᠌ᠯᠠᠰ ᠤᠨ ᠬᠠᠷᠭᠤᠢ ᠳᠤ ᠪᠠᠨ

ᠥᠭᠡᠳᠡ ᠲᠡᠶ ᠥᠩᠭᠡ ᠲᠡᠶ ᠪᠣᠯᠤᠭᠠᠰᠠᠢ ᠡ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 13101
ᠴᠠᠭ᠄ 2013 ᠤᠨ ᠤ 08 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ