☆ ᠴᠤᠭᠳᠤ
ᠴᠢᠩᠭᠢᠰ ᠪᠣᠭᠳᠠ ᠠᠭᠤᠯᠠ
ᠭᠦᠭᠡ ᠳᠡᠭ᠍ᠷᠢ ᠪᠠᠨ ᠰᠢᠷᠳᠠᠨ ᠭᠦᠡᠵᠡᠭᠡᠢ ᠠᠮᠢᠰᠬᠤᠵᠤ ᠨᠣᠢ᠌ᠷᠰᠤᠬᠤ
ᠭᠦᠷᠦᠰᠦᠳᠤ ᠳᠡᠯᠡᠭᠡᠢ ᠶᠢᠨ ᠵᠢᠷᠦᠭᠡ᠂ ᠴᠢᠩᠭᠢᠰ ᠪᠣᠭᠳᠠ ᠠᠭᠤᠯᠠ
ᠭᠦᠯᠦᠭ᠌ ᠤᠨ ᠶᠢᠡᠨ ᠳᠦᠪᠤᠷᠬᠡᠨ ᠢ ᠴᠢᠩᠨᠠᠨ ᠳᠠᠢ᠌ᠪᠣᠬᠠᠨ ᠭᠡᠪᠳᠡᠵᠤ ᠠᠮᠠᠷᠠᠬᠤ
ᠭᠦᠭᠡ ᠮᠤᠩᠭ᠋ᠤᠯ ᠤᠨ ᠰᠢᠳᠦᠭᠡᠨ᠂ ᠴᠢᠩᠭᠢᠰ ᠪᠣᠭᠳᠠ ᠠᠭᠤᠯᠠ᠃
ᠳᠠᠷᠬᠠᠢ ᠠᠢ᠌ᠮᠠᠭ ᠶᠢᠡᠨ ᠨᠢᠭᠡᠳᠭᠡᠭ᠍ᠰᠡᠨ
ᠳᠠᠯᠠᠢ᠌ᠴᠠ ᠰᠦᠷ ᠶᠢᠡᠨ ᠰᠠᠨᠠᠭᠠᠯᠵᠠᠨ
ᠳᠠᠷᠬᠠᠨ ᠳᠤᠭ ᠶᠢᠠᠨ ᠮᠠᠠᠳᠤᠭᠤᠯᠤᠭᠰᠠᠨ
ᠳᠠᠢ᠌ᠴᠢᠨ ᠣᠢ᠌ᠯᠠᠰ ᠶᠢᠡᠨ ᠮᠥᠷᠦᠭᠡᠳᠤᠨ
ᠴᠢᠩᠭᠢᠰ ᠪᠣᠭᠳᠠ ᠠᠭᠤᠯᠠ ᠴᠢᠪ ᠴᠢᠮᠡᠭᠡ ᠦᠭᠡᠶ ᠨᠣᠢ᠌ᠷᠰᠤᠨ᠎ᠠ
ᠴᠢ ᠪᠢᠳᠠᠨ ᠤ ᠵᠢᠷᠦᠭᠡᠨ ᠳᠤ ᠴᠢᠮᠡᠭᠡ ᠬᠠᠢ᠌ᠷᠠᠯᠠᠨ ᠨᠣᠢ᠌ᠷᠰᠤᠨ᠎ᠠ᠃
ᠥᠩᠭᠡᠷᠡᠭᠡᠳ ᠤᠳᠤᠭᠰᠠᠨ ᠳᠡᠦᠭᠡ ᠪᠠᠨ ᠣᠴᠢᠷᠯᠠᠨ ᠪᠠᠢ᠌ᠭ᠎ᠠ ᠴᠤ ᠶᠤᠮᠰᠢᠭ
ᠵᠡᠭᠦᠳᠤᠨ ᠳᠡᠭᠡᠨ ᠬᠠᠶᠠ ᠢᠨᠢᠶᠡᠮᠰᠦᠭᠯᠡᠨ᠎ᠡ
ᠦᠨᠦ ᠴᠠᠭ ᠤᠨ ᠣᠴᠢᠷ ᠲᠤ ᠣᠴᠠᠭᠠᠷᠳᠠᠨ ᠪᠠᠢ᠌ᠭ᠎ᠠ ᠴᠤ ᠶᠤᠮᠰᠢᠭ
ᠵᠢᠷᠦᠭᠡᠨ ᠳᠡᠭᠡᠷ᠎ᠡ ᠬᠠᠶᠠ ᠠᠶᠤᠩᠭ᠋ᠠᠯᠠᠨᠠ᠃
ᠬᠠᠠᠳᠤᠭᠰᠠᠨ ᠵᠥᠭ᠌ ᠲᠡᠭᠡᠨ ᠳᠠᠢ᠌ᠰᠤᠨ ᠦᠭᠡᠶ ᠶᠠᠪᠣᠭᠰᠠᠨ ᠪᠠᠬᠠᠷᠬᠠᠯ
ᠬᠠᠷᠪᠣᠭᠰᠠᠨ ᠰᠤᠮᠤ ᠨᠢ ᠬᠤᠭᠤᠰᠤᠨ ᠦᠭᠡᠶ ᠶᠠᠪᠣᠭᠰᠠᠨ ᠣᠮᠤᠷᠬᠠᠯ
ᠬᠠᠭᠠᠨ ᠪᠣᠭᠳᠠ ᠶᠢᠨ ᠮᠢᠨᠢ ᠰᠦᠨᠠᠰᠤ ᠬᠠᠨᠠᠭᠠᠷ ᠳᠠᠯ᠎ᠠ ᠳᠠᠭᠠᠨ ᠨᠣᠢ᠌ᠷᠰᠤᠨ᠎ᠠ
ᠬᠠᠨᠠᠭᠠᠷ ᠶᠡᠭᠡ ᠳᠠᠯ᠎ᠠ ᠪᠠᠨ ᠰᠢᠭ ᠠᠭᠤᠵᠢᠮ ᠠᠮᠢᠰᠬᠤᠵᠤ ᠨᠣᠢ᠌ᠷᠰᠤᠨ᠎ᠠ᠃
ᠡᠯᠡᠷ ᠪᠠᠯᠠᠷ ᠵᠠᠭᠤᠨ ᠢ ᠡᠪᠠᠷᠳᠤ ᠨᠤᠮᠤ ᠪᠠᠷ ᠶᠢᠡᠨ ᠨᠠᠮᠨᠠᠵᠤ
ᠡᠷᠯᠢᠭ᠌ ᠵᠡᠷᠯᠢᠭ᠌ ᠬᠤᠶᠠᠷ ᠢ ᠡᠷᠭᠢᠭᠦᠯᠦᠭ᠍ᠰᠡᠨ ᠰᠠᠯᠠᠮ᠎ᠠ ᠪᠠᠷ ᠶᠢᠡᠨ ᠨᠤᠮᠤᠬᠠᠳᠬᠠᠵᠤ
ᠡᠷᠭᠢᠭᠦ ᠠᠯᠳᠠᠨ ᠪᠦᠮᠪᠦᠷᠴᠡᠭ᠌ ᠢ ᠭᠦᠯᠦᠭ᠌ ᠤᠨ ᠶᠢᠡᠨ ᠳᠤᠭᠤᠷᠠᠢ ᠪᠠᠷ ᠡᠪᠭᠡᠵᠤ
ᠡᠵᠡᠨ ᠭᠦᠮᠤᠨ ᠤ ᠨᠠᠷᠠ ᠪᠠᠨ ᠭᠦᠭᠡ ᠰᠤᠳᠤᠷ ᠲᠤ ᠳᠡᠮᠳᠡᠭᠯᠡᠭᠦᠯᠵᠤ
ᠦᠶ᠎ᠡ ᠵᠠᠯᠭᠠᠬᠤ ᠮᠤᠩᠭ᠋ᠤᠯ ᠳᠠᠭᠠᠨ ᠦᠨᠢᠷ ᠪᠣᠶᠠᠨ ᠢ ᠥᠯᠡᠳᠡᠭᠡᠵᠤ
ᠥᠵᠦᠭᠦᠷ ᠨᠢ ᠡᠰᠡ ᠬᠠᠷᠠᠭᠳᠠᠬᠤ ᠦᠷᠭᠡᠨ ᠳᠠᠯ᠎ᠠ ᠪᠠᠨ ᠥᠯᠡᠳᠡᠭᠡᠵᠤ
ᠡᠭᠦᠯᠡᠨ ᠳᠤ ᠰᠢᠷᠭᠤᠭᠰᠠᠨ ᠠᠭᠤᠯᠠ ᠬᠠᠳᠠ ᠪᠠᠨ ᠥᠯᠡᠳᠡᠭᠡᠵᠤ
ᠥᠭᠡᠷ ᠬᠤᠨᠢ ᠠᠳᠤᠭᠤ ᠮᠠᠯ ᠶᠢᠠᠨ ᠥᠯᠡᠳᠡᠭᠡᠵᠤ
ᠦᠪᠡᠷ ᠶᠢᠡᠨ ᠡᠨᠡ ᠭᠦᠮᠤᠨ
ᠪᠣᠷᠬᠠᠨ ᠳᠤ ᠳᠠᠭᠤᠳᠠᠭᠳᠠᠭᠠᠤᠨ ᠶᠠᠪᠣᠴᠢᠬᠠᠭᠰᠠᠨ ᠪᠠᠢ᠌ᠨ᠎ᠠ
ᠦᠷᠭᠡᠨ ᠶᠡᠭᠡ ᠭᠤᠪᠢ ᠳ᠋ᠠᠭᠠᠨ
ᠪᠣᠴᠠᠭᠠᠤᠨ ᠶᠠᠪᠣᠴᠢᠬᠠᠭᠰᠠᠨ ᠪᠠᠢ᠌ᠨ᠎ᠠ
ᠳᠡᠭᠡᠭᠡᠵᠤ ᠶᠠᠪᠣᠭᠰᠠᠨ ᠳᠡᠷᠭᠡᠨ ᠤ ᠭᠢᠨᠢ
ᠪᠣᠭᠤᠯᠭ᠎ᠠ ᠨᠢ ᠳᠠᠰᠤᠷᠠᠭᠰᠠᠨ ᠭᠠᠵᠠᠷ ᠡᠴᠡ
ᠳᠡᠭ᠍ᠷᠢ ᠶᠢᠨ ᠡᠯᠴᠢᠨ ᠳᠡᠭᠦᠨ ᠢ
ᠪᠣᠷᠬᠠᠨ ᠤ ᠣᠷᠤᠨ ᠳᠤ ᠠᠪᠠᠴᠢᠴᠢᠬᠠᠭᠰᠠᠨ ᠪᠠᠢ᠌ᠨ᠎ᠠ᠃
ᠨᠠᠰᠤ ᠪᠠᠶ᠎ᠠ ᠬᠤᠶᠠᠷ ᠤᠨ ᠶᠢᠡᠨ ᠮᠥᠩᠭᠡ ᠪᠣᠰᠤ ᠶᠢ ᠥᠵᠡᠭᠦᠯᠦᠭ᠍ᠰᠡᠨ ᠴᠤ
ᠨᠠᠷᠠ ᠰᠠᠷᠠᠨ ᠤ ᠳᠤᠤᠷ᠎ᠠ ᠮᠥᠩᠭᠡ ᠶᠢᠨ ᠳᠡᠦᠭᠡ ᠪᠠᠨ ᠪᠦᠳᠦᠭᠡᠭ᠍ᠰᠡᠨ
ᠠᠭᠤᠤ ᠶᠡᠭᠡ ᠡᠨᠡ ᠭᠦᠮᠤᠨ ᠢ
ᠠᠯᠳᠠᠨ ᠳᠡᠯᠡᠭᠡᠢ ᠴᠤ ᠮᠡᠳᠡᠷᠡᠳᠡᠭ᠌ ᠶᠤᠮ ᠪᠣᠯᠬᠤᠷ
ᠠᠭᠢᠭᠠᠤᠨ ᠳᠡᠭᠦᠨ ᠢ ᠠᠮᠢᠯᠠᠭᠤᠯᠤᠨ
ᠪᠣᠭᠳᠠ ᠪᠣᠯᠭᠠᠨ ᠮᠥᠩᠭᠡᠷᠡᠭᠦᠯᠦᠭ᠍ᠰᠡᠨ ᠪᠠᠢ᠌ᠨ᠎ᠠ᠃
ᠲᠦᠷᠦᠵᠤ ᠣᠨᠠᠭᠰᠠᠨ ᠣᠨᠤᠨ ᠮᠦᠷᠠᠨ ᠶᠢᠡᠨ ᠰᠠᠨᠠᠵᠤ
ᠳᠦᠷᠦᠭᠦᠯᠵᠤ ᠥᠰᠭᠡᠭ᠍ᠰᠡᠨ ᠥᠭᠡᠯᠤᠨ ᠡᠭᠡ ᠪᠠᠨ ᠰᠠᠨᠠᠵᠤ
ᠦᠯᠠᠳᠠᠵᠤ ᠬᠤᠴᠤᠷᠠᠭᠰᠠᠨ ᠮᠤᠩᠭ᠋ᠤᠯ ᠤᠨ ᠶᠢᠡᠨ
ᠬᠤᠪᠢ ᠵᠠᠶᠠᠭ᠎ᠠ ᠶᠢ ᠬᠠᠷᠠᠨ᠎ᠠ ᠭᠡᠵᠤ
ᠦᠷᠭᠦᠯᠵᠢᠯᠡᠭᠦ ᠶᠤᠰᠤᠳᠠᠢ ᠳᠡᠦᠭᠡ ᠶᠢᠨ ᠶᠢᠡᠨ
ᠬᠣᠢ᠌ᠰᠢᠳᠠ ᠶᠢᠨ ᠵᠠᠮ ᠢ ᠦᠵᠡᠨ᠎ᠡ ᠭᠡᠵᠤ
ᠡᠵᠡᠨ ᠪᠣᠭᠳᠠ ᠴᠢᠩᠭᠢᠰ ᠮᠢᠨᠢ
ᠡᠷᠭᠢᠭᠡᠳ ᠣᠷᠴᠢᠯᠠᠩ ᠳᠤ ᠵᠠᠶᠠᠭᠠᠭᠰᠠᠨ ᠪᠠᠢ᠌ᠨ᠎ᠠ
ᠡᠷᠯᠢᠭ᠌ ᠬᠠᠭᠠᠨ ᠭᠦᠷᠳᠡᠯ᠎ᠡ
ᠨᠠᠰᠤᠨ ᠬᠤᠳᠤᠭ ᠬᠠᠢ᠌ᠷᠠᠯᠠᠭᠰᠠᠨ ᠪᠠᠢ᠌ᠨ᠎ᠠ᠃
ᠠᠳᠬᠤᠭᠠᠤᠨ ᠳᠦᠷᠦᠭ᠍ᠰᠡᠨ ᠨᠦᠵᠢ ᠨᠢ
ᠠᠶᠤᠤᠯᠢᠬᠠᠢ ᠳ᠋ᠤᠨᠢ ᠠᠰᠠᠭᠠᠰᠤᠳᠠᠢ ᠶᠢᠨ ᠣᠴᠢᠷ
ᠠᠪᠠᠭ᠎ᠠ ᠴᠠᠭᠠᠨ ᠪᠣᠭᠳᠠ ᠮᠢᠨᠢ
ᠡᠳᠦᠷ ᠪᠣᠯᠭᠠᠨ ᠳᠦᠷᠡᠯᠵᠡᠨ᠎ᠡ᠃
ᠳᠦᠭ᠌ ᠲᠦᠮᠡᠨ ᠮᠤᠩᠭ᠋ᠤᠯ ᠴᠢᠨᠢ ᠡᠪᠦᠳᠦᠭ᠌ ᠳᠤᠤᠷ᠎ᠠ ᠴᠢᠨᠢ ᠰᠥᠭᠦᠷᠡᠨᠡ
ᠲᠦᠷᠦ ᠲᠡᠶ ᠶᠠᠪᠣᠭᠰᠠᠨ ᠠᠢ᠌ᠮᠠᠭ ᠴᠢᠨᠢ ᠡᠪᠦᠯᠵᠢᠨ ᠵᠤᠠᠵᠢᠨ ᠪᠠᠷᠠᠭᠠᠳᠠᠨᠠ
ᠮᠥᠩᠭᠡ ᠴᠠᠭᠠᠨ ᠰᠦᠯᠳᠡ ᠶᠢ ᠴᠢᠨᠢ ᠮᠥᠷᠭᠦᠨ ᠮᠥᠷᠭᠦᠨ ᠳᠠᠭᠢᠨᠠᠮ
ᠮᠥᠷᠦᠭᠡᠳᠦᠯ ᠪᠣᠯᠤᠭᠰᠠᠨ ᠴᠢᠮᠠᠳᠠᠭᠠᠨ ᠮᠥᠩᠭᠡ ᠶᠢᠨ ᠬᠤᠳᠤᠭ ᠭᠤᠶᠤᠨᠠᠮ᠃
2010.4.5 ᠱᠠᠩᠳᠤ ᠪᠠᠯᠭᠠᠰᠤᠨ᠎ᠠ
ᠵᠤᠬᠢᠶᠠᠭᠴᠢ ᠶᠢᠨ ᠬᠠᠶᠢᠭ ᠄ ᠰᠢᠯᠤᠭᠤᠨ ᠭᠦᠭᠡ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2010 ᠤᠨ ᠤ 04 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ