ᠨᠡᠪᠲᠡᠷᠡᠨ ᠤᠷᠤᠬᠤ
ᠬᠤᠵᠢᠮ ᠪᠢ

ᠬᠤᠵᠢᠮ ᠪᠢ

ᠨᠠᠰᠤᠨ ᠤ ᠬᠠ‍‌ᠶᠢᠭ ᠶᠢᠡᠨ

ᠣᠯᠠᠷᠢᠯ ᠤᠨ ᠳᠠᠩᠰᠠᠨ ᠳᠤ ᠬᠠᠳᠠᠵᠤ ᠪᠠᠷᠠᠭᠰᠠᠨ ᠤ ᠳᠠᠷᠠᠭ᠎ᠠ

ᠨᠠᠮᠤᠷ ᠬᠠᠪᠣᠷ ᠤᠨ ᠥᠩᠭᠡ ᠨᠤᠭᠦᠳ ᠢ

ᠮᠦᠷᠦᠭᠡᠰᠦᠯ ᠤᠨ ᠬᠠᠪᠢᠰᠤ ᠪᠠᠷ ᠶᠢᠡᠨ ᠭᠠᠳᠠᠷᠯᠠᠵᠤ ᠳᠠᠭᠤᠰᠤᠭᠰᠠᠨ ᠤ ᠳᠠᠷᠠᠭ᠎ᠠ

ᠬᠤᠵᠢᠮ ᠪᠢ

ᠳᠡᠯᠡᠭᠡᠢ ᠳᠤ ᠣᠨᠠᠭᠠᠭᠰᠠᠨ ᠦᠷ᠎ᠡ ᠶᠢᠨ ᠶᠢᠡᠨ

ᠵᠤᠯ ᠲᠡᠶ ᠢᠨᠢᠶᠠᠳᠤ ᠶᠢ ᠨᠢ ᠰᠤᠨᠤᠰᠴᠤ ᠬᠠᠨᠤᠭᠰᠠᠨ ᠤ ᠳᠠᠷᠠᠭ᠎ᠠ

ᠳᠡᠩᠳᠡᠭᠦᠤ ᠭᠦᠰᠡᠭ᠍ᠰᠡᠨ ᠪᠣᠳᠤᠯ ᠤᠨ ᠶᠢᠡᠨ

ᠵᠥᠳᠡᠭᠦᠷᠢ ᠲᠡᠶ ᠠᠶᠠᠨ ᠢ ᠨᠢ ᠳᠤᠭᠤᠯᠵᠤ

ᠳᠠᠭᠤᠰᠤᠭᠰᠠᠨ ᠤ ᠳᠠᠷᠠᠭ᠎ᠠ

ᠬᠤᠵᠢᠮ ᠪᠢ ᠬᠤᠪᠢᠷᠠᠵᠤ ᠣᠯᠠᠷᠢᠳᠠᠭ ᠬᠤᠮᠤᠬᠠᠢ ᠰᠠᠨᠠᠭᠠᠨ ᠤ ᠪᠠᠨ

ᠡᠭᠢ ᠡᠭᠦᠰᠦᠯ ᠢ ᠨᠢ ᠡᠷᠢᠵᠤ ᠣᠯᠤᠭᠰᠠᠨ ᠤ ᠳᠠᠷᠠᠭ᠎ᠠ

ᠬᠤᠭᠤᠰᠤᠷᠠᠵᠤ ᠨᠠᠪᠰᠠᠢ᠌ᠳᠠᠭ ᠬᠤᠪᠳᠤᠭ ᠰᠢᠨᠤᠯ ᠤᠨ ᠶᠢᠡᠨ

ᠡᠭᠦᠳᠡ ᠬᠠᠭᠠᠯᠭ᠎ᠠ ᠶᠢ ᠨᠢ ᠡᠷᠢᠵᠤ ᠣᠯᠤᠭᠰᠠᠨ ᠤ ᠳᠠᠷᠠᠭ᠎ᠠ

ᠬᠤᠵᠢᠮ ᠪᠢ ᠭᠡᠢ ᠰᠦᠨᠠᠰᠤ ᠪᠣᠯᠴᠢᠬᠠᠭᠠᠤᠨ

ᠠᠭᠤᠷᠬᠠᠢ ᠬᠤᠳᠳᠤᠭ ᠤᠨ ᠬᠠᠭᠤᠷᠠᠢ ᠭᠡᠪᠠᠯᠢ ᠳᠤ

ᠳᠦᠭᠡᠷᠢᠵᠤ ᠳᠤᠭᠰᠢᠭᠰᠠᠨ ᠤ ᠳᠠᠷᠠᠭ᠎ᠠ

ᠭᠡᠰᠦᠭᠦᠯ ᠭᠤᠨᠢᠭ ᠪᠣᠯᠴᠢᠬᠠᠭᠠᠤᠨ

ᠳᠠᠯ᠎ᠠ ᠨᠤᠳᠤᠭ ᠤᠨ ᠶᠢᠡᠨ ᠳᠠᠴᠢᠷᠳᠠᠭᠰᠠᠨ ᠠᠮᠢᠰᠬᠤᠭ᠎ᠠ ᠳᠤ

ᠳᠠᠭᠯᠠᠷᠠᠵᠤ ᠪᠦᠭ᠍ᠰᠢᠭ᠍ᠰᠡᠨ ᠤ ᠳᠠᠷᠠᠭ᠎ᠠ

ᠬᠤᠵᠢᠮ ᠪᠢ

ᠭᠦᠮᠤᠨ ᠠᠮᠢᠳᠠᠨ ᠤ ᠠᠯᠢ ᠶᠢ ᠨᠢ ᠴᠤ ᠪᠣᠯᠬᠤ ᠳᠤᠷ᠎ᠠ ᠦᠭᠡᠶ

ᠭᠦᠭᠡ ᠳᠡᠭ᠍ᠷᠢ ᠡᠴᠡ ᠡᠭᠡ ᠳᠡᠯᠡᠭᠡᠢ ᠪᠠᠨ ᠠᠵᠢᠭᠰᠠᠨ ᠤ ᠳᠠᠷᠠᠭ᠎ᠠ

ᠭᠦᠮᠤᠨ ᠠᠮᠢᠳᠠᠨ ᠤ ᠠᠯᠢ ᠨᠢᠭᠡ ᠨᠢ ᠪᠣᠯᠴᠢᠬᠠᠭᠠᠤᠨ

ᠭᠦᠷᠦᠰᠦᠳᠤ ᠶᠢᠨ ᠠᠮᠢᠳᠤᠷᠠᠯ ᠶᠢᠡᠨ ᠡᠭᠢᠯᠠᠵᠤ ᠳᠡᠮᠡᠴᠡᠭ᠍ᠰᠡᠨ ᠤ ᠳᠠᠷᠠᠭ᠎ᠠ

ᠬᠤᠵᠢᠮ ᠪᠢ

ᠳᠡᠭᠡᠳᠦᠰ ᠡᠴᠡ ᠦᠪ ᠲᠡᠶ ᠭᠠᠵᠠᠷ ᠰᠢᠷᠤᠢ ᠪᠠᠨ

ᠬᠣᠢ᠌ᠴᠢᠰ ᠤᠨ ᠶᠢᠡᠨ ᠭᠦᠯ ᠳᠤ ᠭᠢᠰᠭᠢᠭᠦᠯᠦᠭ᠍ᠰᠡᠨ ᠤ ᠳᠠᠷᠠᠭ᠎ᠠ

ᠳᠡᠭ᠍ᠷᠢ ᠡᠴᠡ ᠦᠪ ᠲᠡᠶ ᠥᠭᠡ ᠭᠡᠯᠡ ᠪᠠᠨ

ᠦᠷ᠎ᠡ ᠶᠢᠨ ᠶᠢᠡᠨ ᠴᠢᠭᠢᠨ ᠳᠤ ᠰᠢᠪᠠᠨᠡᠭ᠍ᠰᠡᠨ ᠤ ᠳᠠᠷᠠᠭ᠎ᠠ

ᠬᠤᠵᠢᠮ ᠪᠢ

ᠬᠤᠵᠢᠮ ᠤᠨ ᠲᠦᠯᠦᠭᠡ ᠭᠢ ᠰᠠᠨᠠᠭᠠᠰᠢᠷᠠᠯ ᠪᠦᠭᠦᠨ ᠵᠢᠠᠨ

ᠵᠢᠷᠦᠭᠡᠨ ᠭᠦᠨ ᠳᠡᠭᠡᠨ ᠨᠠᠢ᠌ᠷᠠᠵᠤ ᠪᠠᠷᠠᠭᠰᠠᠨ ᠤ ᠳᠠᠷᠠᠭ᠎ᠠ

ᠬᠤᠵᠢᠮ ᠤᠨ ᠲᠦᠯᠦᠭᠡ ᠭᠢ ᠣᠢ᠌ᠯᠠ ᠪᠦᠭᠦᠨ ᠶᠢᠡᠨ

ᠬᠤᠵᠢᠮ ᠤᠨ ᠬᠤᠵᠢᠮ ᠪᠣᠯᠳᠠᠯ᠎ᠠ ᠰᠠᠳᠭᠢᠵᠤ ᠳᠠᠭᠤᠰᠤᠭᠰᠠᠨ ᠤ ᠳᠠᠷᠠᠭ᠎ᠠ


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤ ᠭᠤᠤᠯ ᠤᠨ ᠪᠠᠢ᠌ᠰᠢᠩ ᠳᠤᠮᠳᠠᠳᠤ ᠰᠤᠷᠭᠠᠭᠤᠯᠢ

ᠵᠤᠬᠢᠶᠠᠭᠴᠢ᠄ ᠬᠤᠤᠰᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2011 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ