☆ ᠬᠠᠨᠠᠭᠠᠷ
ᠬᠠᠢ᠌ᠷ᠎ᠠ ᠶᠢᠨ ᠭᠠᠰᠢᠭᠤᠨ ᠳᠠᠷᠠᠰᠤ
ᠵᠢᠷᠤᠭ ᠰᠢᠭ ᠪᠦᠰᠡᠭᠦᠢ ᠴᠢᠮ᠎ᠠ ᠪᠠᠨ ᠪᠣᠳᠤᠬᠤᠯᠠᠷ
ᠵᠢᠷᠦᠭᠡ ᠰᠡᠳᠭᠢᠯ ᠤᠨ ᠳᠤᠭᠳᠤᠯᠠᠯ ᠪᠣᠯᠬᠤ ᠶᠤᠮ
ᠵᠢᠷᠤᠭᠰᠠᠨ ᠵᠢᠷᠤᠭ ᠶᠢᠡᠨ ᠰᠢᠷᠳᠡᠭᠦ ᠪᠦᠷᠢ
ᠵᠢᠷᠦᠭᠡᠨ ᠡᠴᠡ ᠬᠠᠷᠠᠰᠠᠯ ᠤᠨ ᠨᠢᠯᠪᠣᠰᠤ ᠳᠤᠰᠤᠯᠤᠨᠠ
ᠡᠯᠢᠭᠡᠨ ᠡᠴᠡ ᠰᠤᠶᠤᠭᠠᠷᠬᠠᠰᠠᠨ ᠬᠠᠢ᠌ᠷ᠎ᠠ ᠶᠤᠮ ᠴᠢᠨᠢ
ᠡᠪᠠᠳᠭᠦ ᠦᠭᠡᠶ ᠪᠠᠢ᠌ᠬᠤ ᠶᠢᠨ ᠶᠤᠰᠤ ᠠᠯᠠᠭ᠎ᠠ
ᠡᠩᠭᠦᠷᠡᠢ ᠴᠢᠮ᠎ᠠ ᠪᠠᠨ ᠬᠠᠢ᠌ᠷᠠᠯᠠᠶ᠎ᠠ ᠭᠡᠭᠦ ᠳᠤ
ᠡᠯᠳᠡᠪ ᠤᠨ ᠬᠠᠷᠰᠢ ᠰᠡᠳᠭᠢᠯ ᠢ ᠮᠢᠨᠢ ᠳᠤᠭᠰᠢᠷᠠᠭᠤᠯᠤᠨᠠ
ᠡᠭᠦᠯᠡᠨ ᠴᠢᠯᠦᠭᠡᠨ ᠤ ᠨᠠᠷᠠ ᠡᠷᠭᠢᠭᠦ ᠯᠠ ᠶᠤᠰᠤᠳᠠᠢ
ᠡᠭᠡᠨᠡᠭ᠍ᠰᠢᠭᠦ ᠰᠡᠳᠭᠢᠯ ᠤᠨ ᠴᠢ ᠮᠢᠨᠢ ᠪᠣᠴᠠᠬᠤ ᠯᠠ ᠶᠤᠰᠤᠳᠠᠢ ᠦᠦ ︖
ᠡᠳᠦᠷ ᠬᠤᠨᠤᠭ ᠢ ᠳᠤᠭ᠎ᠠ ᠪᠠᠷ ᠪᠢᠰᠢ ᠵᠢᠷᠦᠭᠡ ᠪᠠᠷ ᠶᠢᠡᠨ ᠭᠢᠯᠠᠢ᠌ᠯᠭᠠᠬᠤ ᠳᠤ
ᠡᠯᠳᠡᠪ ᠤᠨ ᠣᠴᠢᠷ ᠴᠢ ᠪᠢᠳᠠᠨ ᠢ ᠳᠤᠱᠠᠨᠠ
ᠬᠠᠢ᠌ᠷ᠎ᠠ ᠶᠢᠨ ᠭᠡᠭᠡᠨ ᠪᠣᠷᠤᠭ᠎ᠠ ᠣᠷᠤᠭᠰᠠᠭᠠᠷ ᠪᠠᠢ᠌ᠬᠤ ᠳᠤ
ᠬᠠᠢ᠌ᠷᠠᠳᠤ ᠴᠢ ᠮᠢᠨᠢ ᠬᠠᠯᠢᠭᠠᠤᠨ ᠶᠠᠪᠣᠬᠤ ᠰᠢᠭ ᠨᠢ ᠶᠠᠭᠤ ᠪᠣᠢ ︖
ᠬᠠᠷ᠎ᠠ ᠮᠥᠩᠭᠦ ᠪᠠᠷ ᠳᠤᠳᠠᠮᠠᠭ ᠤᠨ ᠣᠴᠢᠷ ᠡᠴᠡ
ᠬᠠᠯᠠᠭᠤᠨ ᠰᠡᠳᠭᠢᠯ ᠢ ᠮᠢᠨᠢ ᠢᠩᠭᠢᠵᠤ ᠪᠣᠯᠠᠰᠢᠯᠠᠬᠤ ᠦᠦ ︖
ᠠᠩᠬᠠᠨ ᠤ ᠬᠠᠢ᠌ᠷ᠎ᠠ ᠶᠢᠨ ᠰᠦᠨᠢ ᠪᠠᠨ ᠴᠢ ᠮᠢᠨᠢ ᠰᠠᠨᠠᠨ᠎ᠠ ᠦᠦ ︖
ᠡᠡᠯᠡᠮᠡᠭ᠌ ᠰᠠᠷᠠᠨ ᠤ ᠭᠡᠷᠡᠯ ᠰᠢᠭ᠌ ᠰᠢᠤ ᠳᠠᠷᠠ
ᠠᠢ︕ ᠭᠦᠭᠡᠷᠦᠭᠦᠢ ᠳᠠᠪᠢᠯᠠᠩ ᠶᠤᠮ ᠴᠢᠨᠢ ᠶᠠᠭᠠᠭᠢᠬᠤ ᠪᠣᠢ
ᠠᠷᠠᠭ᠎ᠠ ᠪᠡᠨ ᠬᠠᠪᠢᠷᠠᠭᠠᠤᠨ ᠮᠠᠯᠮᠠᠢ᠌ᠷᠠᠬᠤ ᠯᠠ ᠭᠡᠷᠡᠭ᠌
ᠬᠠᠷᠠᠩᠭ᠋ᠤᠢ ᠨᠡᠢ᠌ᠭᠡᠮ ᠤᠨ ᠳᠠᠷᠠ ᠴᠠᠭ ᠲᠤ ᠴᠤ ᠪᠣᠯᠤᠭᠠᠴᠢ ᠳ᠋ᠠ
ᠬᠠᠢ᠌ᠷᠠᠳᠤ ᠴᠢᠮ᠎ᠠ ᠪᠠᠨ ᠪᠣᠯᠢᠶᠠᠭᠠᠤᠨ ᠴᠤ ᠠᠪᠴᠢᠷᠠᠬᠤ ᠶᠤᠮ
ᠬᠠᠢ᠌ᠷᠠᠯᠠᠬᠤ ᠶᠢᠨ ᠵᠤᠪᠯᠠᠩ ᠢ ᠭᠡᠨ ᠮᠡᠳᠡᠭᠦ ᠠᠵᠠᠢ
ᠬᠠᠷ᠎ᠠ ᠣᠢ᠌ᠯᠠ ᠶᠢᠨ ᠳ᠋ᠸᠪᠠᠵᠠᠨ ︕
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠮᠤᠨ ᠤ ᠳᠠᠢ᠌ᠳᠠᠭ ᠭᠠᠴᠠᠭ᠎ᠠ
ᠵᠤᠬᠢᠶᠠᠭᠴᠢ᠄ ᠬᠠᠨᠠᠭᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2011 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ