ᠨᠡᠪᠲᠡᠷᠡᠨ ᠤᠷᠤᠬᠤ
ᠭᠤᠪᠢ ᠮᠢᠨᠢ

ᠭᠤᠪᠢ ᠭᠡᠭᠦ ᠡᠴᠠ

ᠳᠠᠰᠢᠬᠤ ᠨᠠᠷᠠ ᠨᠢ

ᠡᠩᠭᠡᠷ ᠳᠡᠭᠡᠷ᠎ᠡ ᠮᠢᠨᠢ ᠮᠥᠯᠭᠦᠨ᠎ᠡ

ᠭᠤᠪᠢ ᠭᠡᠭᠦ ᠡᠴᠠ

ᠳᠠᠯ᠎ᠠ ᠶᠢᠨ ᠪᠣᠯᠵᠤᠮᠤᠷ

ᠰᠡᠭᠦᠳᠡᠷ ᠲᠤ ᠮᠢᠨᠢ ᠡᠷᠭᠡᠯᠡᠨ᠎ᠡ

ᠭᠤᠪᠢ ᠭᠡᠭᠦ ᠡᠴᠠ

ᠵᠦᠰᠠᠷ ᠪᠣᠷᠤᠭ᠎ᠠ ᠨᠢ

ᠬᠠᠭᠤᠷᠠᠢ ᠣᠷᠤᠭᠰᠢᠯᠠᠨ᠎ᠠ

ᠭᠤᠪᠢ ᠭᠡᠭᠦ ᠡᠴᠠ

ᠵᠥᠭᠡᠯᠡᠨ ᠰᠠᠯᠭᠢ ᠨᠢ

ᠬᠤᠭᠤᠰᠤᠨ ᠢᠨᠢᠶᠠᠨ᠎ᠡ

  

ᠭᠤᠪᠢ ᠭᠡᠭᠦ ᠡᠴᠠ

ᠰᠦ᠋ ᠲᠡᠶ ᠴᠠᠢ

ᠬᠠᠮᠠᠷ ᠲᠤ ᠶᠤᠮ ᠰᠢᠭ᠌ ᠴᠤᠷᠭᠢᠨ᠎ᠠ

ᠭᠤᠪᠢ ᠭᠡᠭᠦ ᠡᠴᠠ

ᠰᠦᠷᠦᠭ᠌ ᠮᠠᠯ

ᠬᠠᠵᠠᠭᠤ ᠳᠤ ᠶᠤᠮ ᠰᠢᠭ᠌ ᠵᠢᠷᠭᠠᠨ᠎ᠠ

ᠭᠤᠪᠢ ᠮᠢᠨᠢ

ᠠᠯᠠᠭ᠎ᠠ ᠪᠠᠨ ᠳᠤᠰᠴᠤ

ᠠᠭᠠᠷ ᠳᠡᠭ᠍ᠷᠢ ᠡᠴᠠ

ᠬᠤᠷ᠎ᠠ ᠭᠤᠶᠤᠭ᠎ᠠ ᠥᠭᠡᠢ

ᠭᠤᠪᠢ ᠮᠢᠨᠢ

ᠭᠠᠷ ᠶᠢᠡᠨ ᠡᠷᠭᠦᠵᠤ

ᠠᠶᠠᠨ ᠤ ᠰᠢᠪᠠᠭᠤᠳ ᠡᠴᠠ

ᠰᠡᠭᠦᠳᠡᠷ ᠵᠡᠭᠡᠯᠡᠭᠡ ᠥᠭᠡᠢ

ᠭᠤᠪᠢ ᠮᠢᠨᠢ

ᠡᠩᠭᠡᠷ ᠲᠤ ᠨᠢ ᠳᠤᠷᠨᠢᠭᠰᠠᠨ ᠪᠦᠭᠦᠨ ᠵᠢᠠᠨ

ᠡᠯᠢᠭᠡᠨ ᠳᠤ ᠪᠠᠨ ᠪᠦᠤᠪᠠᠢ᠌ᠯᠠᠵᠤ ᠥᠰᠭᠡᠳᠡᠭ᠌

ᠭᠤᠪᠢ ᠮᠢᠨᠢ

ᠡᠪᠦᠷ ᠳᠤᠨᠢ ᠬᠤᠷᠭᠤᠳᠠᠭᠰᠠᠨ ᠪᠦᠭᠦᠨ ᠵᠢᠠᠨ

ᠵᠢᠷᠦᠭᠡ ᠪᠠᠷ ᠶᠢᠡᠨ ᠲᠡᠳᠬᠦᠵᠤ ᠡᠩᠭᠡᠷᠡᠭᠦᠯᠳᠡᠭ᠌

ᠭᠤᠪᠢ ᠪᠠᠨ ᠳᠠᠭᠠᠵᠤ

ᠮᠤᠩᠭ᠋ᠤᠯ ᠭᠦᠮᠤᠨ

ᠦᠶ᠎ᠡ ᠦᠶ᠎ᠡ ᠪᠠᠷ ᠵᠢᠠᠨ

ᠳᠠᠩᠰᠤᠭ ᠠᠮᠢᠳᠤᠷᠠᠵᠤ ᠢᠷᠠᠪᠠ

ᠭᠤᠪᠢ ᠪᠠᠨ ᠳᠠᠭᠠᠵᠤ

ᠮᠤᠷᠢᠳᠠᠨ ᠣᠭᠰᠠᠭᠠᠳᠠᠨ

ᠳᠡᠭ᠍ᠷᠢ ᠭᠠᠵᠠᠷ ᠤᠨ ᠬᠤᠭᠤᠷᠤᠠᠳᠤ

ᠳᠢᠪ ᠳᠡᠯᠡᠭᠡᠢ ᠳᠤ ᠠᠯᠳᠠᠷᠰᠢᠪᠠ


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ 10 ᠣᠨ ᠤ ᠣᠶᠤᠳᠠᠨ

ᠵᠤᠬᠢᠶᠠᠭᠴᠢ᠄ ᠤᠳᠦᠡᠭᠦ᠋ᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2011 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ