ᠨᠡᠪᠲᠡᠷᠡᠨ ᠤᠷᠤᠬᠤ
ᠳᠦᠷᠪᠠᠯᠵᠢᠨ
(ᠬᠡᠦᠬᠡᠳ ᠤᠨ ᠰᠢᠯᠦᠭ᠌)

ᠡᠮᠦᠨ᠎ᠡ ᠮᠢᠨᠢ ᠬᠠᠨᠠᠷᠠᠭᠠᠤᠨ ᠪᠠᠢ᠌ᠬᠤ

ᠡᠪᠴᠢᠭᠦᠤ ᠨᠤᠭᠤᠭᠠᠨ ᠰᠠᠮᠪᠠᠷ᠎ᠠ ᠮᠢᠨᠢ ᠳᠦᠷᠪᠠᠯᠵᠢᠨ

ᠡᠷᠢᠯ ᠳᠤ ᠮᠢᠨᠢ ᠡᠭᠡᠨᠡᠭ᠍ᠰᠢᠭᠡᠳ ᠪᠠᠢ᠌ᠬᠤ

ᠡᠷᠳᠡᠮ ᠤᠨ ᠣᠭᠤᠳᠠ ᠨᠤᠮ ᠮᠢᠨᠢ ᠳᠦᠷᠪᠠᠯᠵᠢᠨ


ᠰᠤᠷᠬᠤ ᠭᠡᠵᠤ ᠳᠠᠷᠪᠠᠵᠤ ᠶᠠᠪᠣᠬᠤ ᠳ᠋ᠤ

ᠭᠦᠯ ᠦᠰᠦᠭ᠌ ᠤᠨ ᠰᠡᠭᠦᠯ ᠨᠢ ᠳᠦᠷᠪᠠᠯᠵᠢᠨ

ᠰᠤᠷᠬᠤ ᠭᠡᠵᠤ ᠠᠰᠠᠭᠤᠵᠤ ᠪᠠᠢ᠌ᠬᠤ ᠳ᠋ᠤ

ᠭᠦᠰᠡᠯ ᠤᠨ ᠳᠤᠳᠤᠷᠠᠭᠢ ᠭᠡᠷᠡᠯ ᠨᠢ ᠳᠦᠷᠪᠠᠯᠵᠢᠨ


ᠬᠠᠪᠣᠷ ᠤᠨ ᠦᠷᠯᠦᠭᠡ ᠰᠤᠷᠭᠠᠭᠤᠯᠢ ᠳᠦᠭᠦᠭᠦ ᠳ᠋ᠤ

ᠬᠠᠨᠠᠷᠠᠨ ᠬᠠᠷᠠᠭᠳᠠᠬᠤ ᠭᠡᠷ ᠨᠢ ᠳᠦᠷᠪᠠᠯᠵᠢᠨ

ᠠᠮᠠᠷᠠᠬᠤ ᠪᠣᠯᠵᠤ ᠭᠡᠷ ᠲᠤ ᠪᠠᠨ ᠤᠢ᠌ᠷᠠᠳᠤᠬᠤ ᠳ᠋ᠤ

ᠠᠢ᠌ᠯ ᠭᠡᠷ ᠤᠨ ᠮᠢᠨᠢ ᠭᠦᠷᠢᠶ᠎ᠡ ᠳᠦᠷᠪᠠᠯᠵᠢᠨ


ᠪᠠᠭ᠎ᠠ ᠪᠣᠯᠵᠤ ᠦᠵᠠᠵᠤ ᠯᠠ ᠰᠠᠭᠤᠬᠤ ᠳ᠋ᠤ

ᠴᠠᠭᠠᠳᠠᠢ ᠪᠠᠢ᠌ᠬᠤ ᠳᠸᠯᠸᠢᠰ ᠮᠢᠨᠢ ᠳᠦᠷᠪᠠᠯᠵᠢᠨ

ᠳᠤᠷ᠎ᠠ ᠪᠣᠯᠵᠤ ᠪᠢᠴᠢᠵᠤ ᠯᠠ ᠣᠷᠤᠯᠳᠤᠬᠤ ᠳ᠋ᠤ

ᠴᠠᠭᠠᠨ ᠴᠠᠭᠠᠰᠤ ᠮᠢᠨᠢ ᠳᠦᠷᠪᠠᠯᠵᠢᠨ


ᠳᠦᠷᠪᠠᠯᠵᠢᠨ ᠰᠠᠢ᠌ᠬᠠᠨ ᠰᠢᠤ ᠭᠡᠵᠤ ᠰᠠᠨᠠᠬᠤ ᠳ᠋ᠤ

ᠴᠡᠭᠡᠵᠢᠨ ᠳᠤᠤᠷᠠᠭᠢ ᠰᠢᠷᠡᠭᠡ ᠮᠢᠨᠢ ᠳᠦᠷᠪᠠᠯᠵᠢᠨ

ᠳᠦᠷᠪᠠᠨ ᠵᠡᠷᠭᠡ ᠨᠠᠭᠠᠳᠤᠬᠤ ᠪᠠᠷ ᠪᠣᠳᠤᠬᠤ ᠳ᠋ᠤ

ᠪᠢᠴᠢᠵᠤ ᠵᠢᠷᠤᠬᠤ ᠵᠢᠷᠤᠭᠠᠰᠤ ᠨᠢ ᠳᠦᠷᠪᠠᠯᠵᠢᠨ


ᠭᠢᠳᠠᠤᠨ ᠭᠡᠯᠡᠨ ᠤ ᠭᠢᠴᠢᠶᠠᠯ ᠳᠡᠭᠡᠷ᠎ᠡ

ᠪᠠᠭᠰᠢ ᠶᠢᠨ ᠪᠢᠴᠢᠭᠦ ᠦᠰᠦᠭ᠌ ᠨᠢ ᠳᠦᠷᠪᠠᠯᠵᠢᠨ

ᠳᠤᠭᠠᠨ ᠤ ᠣᠭᠭᠠᠨ ᠤ ᠭᠢᠴᠢᠶᠠᠯ ᠳᠡᠭᠡᠷ᠎ᠡ

ᠪᠣᠳᠤᠬᠤ ᠰᠠᠳᠤᠪ ᠤᠨ ᠳᠦᠷᠰᠤ ᠨᠢ ᠳᠦᠷᠪᠠᠯᠵᠢᠨ


ᠳᠦᠷᠪᠠᠯᠵᠢᠨ ᠳᠤ ᠬᠠᠢ᠌ᠷᠠᠳᠠᠢ ᠪᠣᠯᠤᠭᠰᠠᠨ ᠵᠢᠠᠨ

ᠡᠵᠢ ᠳᠤ ᠪᠠᠨ ᠪᠢ ᠳᠡᠰᠭᠡᠯ ᠦᠭᠡᠶ ᠭᠡᠯᠡᠭ᠍ᠰᠡᠨ ᠳ᠋ᠤ

ᠳᠦᠭᠦᠭᠡ ᠳᠠᠢ ᠪᠣᠯᠤᠭᠰᠠᠨ ᠰᠢᠤ ᠭᠦᠤ ᠮᠢᠨᠢ ᠭᠡᠵᠤ

ᠡᠨᠡᠷᠢᠯ ᠤᠨ ᠬᠠᠷᠠᠴᠠ ᠬᠠᠢ᠌ᠷᠠᠯᠠᠨ ᠱᠠᠩᠨᠠᠭᠰᠠᠨ ᠪᠢᠯᠠ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ  ᠲ᠋ᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 11720
ᠴᠠᠭ᠄ 2014 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ