ᠨᠡᠪᠲᠡᠷᠡᠨ ᠤᠷᠤᠬᠤ
ᠳᠠᠯ᠎ᠠ

ᠶᠠᠪᠠᠭᠠᠨ ᠭᠡᠯᠳᠦᠷᠢᠨᠡᠮ

ᠶᠠᠮᠠᠷᠬᠠᠨ ᠴᠤ ᠪᠣᠳᠤᠯ ᠥᠷᠨᠢᠭᠦᠯᠡᠮ

ᠢᠷᠭᠤᠬᠠᠨ ᠥᠵᠡᠰᠭᠦᠯᠡᠩᠳᠤ ᠮᠢᠨᠤ ᠳᠠᠯ᠎ᠠ

ᠶᠠᠭᠠᠭᠢᠭᠰᠠᠨ ᠴᠤ ᠴᠠᠢ᠌ᠯᠢᠭᠬᠠᠨ ᠴᠡᠯᠡᠭᠡᠷ ᠪᠣᠢ

ᠳᠠᠯ᠎ᠠ ᠶᠢᠨ ᠪᠣᠷᠤ ᠪᠦᠰᠡᠭᠦᠢ

ᠠᠮᠠᠷᠠᠭ ᠤᠨ ᠶᠢᠡᠨ ᠳᠤᠬᠠᠢ

ᠳᠠᠯ᠎ᠠ ᠶᠢᠨ ᠴᠠᠭᠠᠨ ᠭᠡᠷ

ᠠᠮᠢᠳᠤᠷᠠᠯ ᠤᠨ ᠶᠢᠡᠨ ᠳᠤᠬᠠᠢ

ᠳᠠᠯ᠎ᠠ ᠶᠢᠨ ᠰᠢᠷ᠎ᠠ ᠨᠠᠷᠠ

ᠰᠢᠪᠠᠭᠤᠳ ᠤᠨ ᠶᠢᠡᠨ ᠳᠤᠬᠠᠢ

ᠳᠠᠯ᠎ᠠ ᠳᠠᠭᠠᠨ ᠪᠢ ᠴᠢᠨᠢ

ᠳᠠᠭᠤᠯᠠᠵᠤ ᠶᠠᠪᠣᠨ᠎ᠠ

ᠨᠠᠮᠵᠢᠭᠤᠬᠠᠨ ᠳᠠᠯ᠎ᠠ ᠶᠢᠨ ᠭᠦᠨ ᠣᠷᠤᠭᠤ

ᠨᠠᠷᠠᠨ ᠤ ᠰᠠᠴᠤᠷᠠᠭ ᠬᠠᠷᠪᠣᠵᠤ

ᠴᠡᠭᠡᠯᠭᠡᠨ ᠳᠠᠯ᠎ᠠ ᠶᠢᠨ ᠶᠢᠡᠨ ᠭᠦᠷᠦᠰᠤᠨ ᠡᠴᠡ

ᠴᠡᠴᠡᠭ᠌ ᠪᠣᠯᠤᠭᠠᠤᠨ ᠣᠷᠭᠤᠬᠤ ᠰᠠᠨ

ᠳᠠᠯ᠎ᠠ ᠶᠢᠨ ᠰᠢᠷᠤᠢ

ᠡᠷᠳᠡᠨᠢ ᠶᠢᠨ ᠳᠤᠬᠠᠢ

ᠳᠠᠯ᠎ᠠ ᠶᠢᠨ ᠵᠠᠮ

ᠠᠯᠤᠰ ᠤᠨ ᠳᠤᠬᠠᠢ

ᠳᠠᠯ᠎ᠠ ᠶᠢᠨ ᠳᠡᠭ᠍ᠷᠢ

ᠣᠳᠤᠳ ᠤᠨ ᠳᠤᠬᠠᠢ

ᠳᠠᠯ᠎ᠠ ᠳᠠᠭᠠᠨ ᠪᠢ ᠴᠢᠨᠢ

ᠳᠠᠭᠤᠯᠠᠵᠤ ᠶᠠᠪᠣᠨ᠎ᠠ

ᠥᠯᠢᠭᠡᠷ ᠤᠨ ᠰᠠᠢ᠌ᠬᠠᠨ ᠳᠠᠯ᠎ᠠ ᠪᠠᠷ ᠶᠢᠡᠨ

ᠦᠶᠡᠷᠯᠠᠵᠤ ᠰᠠᠳᠭᠢᠯ ᠮᠢᠨᠢ ᠬᠠᠯᠢᠪᠠᠯ

ᠥ ᠦᠭᠡᠶ ᠴᠠᠭᠠᠨ ᠳᠠᠯ᠎ᠠ ᠮᠢᠨᠢ ᠨᠠᠮᠢ᠋ᠢ ᠪᠠᠨ

ᠦᠷ᠎ᠡ ᠪᠠᠨ ᠰᠢᠭ᠌ ᠯᠠ ᠰᠠᠨᠠᠬᠤ ᠳ᠋ᠠ

ᠳᠠᠯ᠎ᠠ ᠶᠢᠨ ᠪᠠᠭᠠᠳᠤᠷ

ᠮᠠᠯᠴᠢᠳ ᠤᠨ ᠳᠤᠬᠠᠢ

ᠳᠠᠯ᠎ᠠ ᠶᠢᠨ ᠭᠦᠯᠦᠭ᠌

ᠬᠠᠩᠭ᠋ᠠᠯ ᠤᠨ ᠳᠤᠬᠠᠢ

ᠳᠠᠯ᠎ᠠ ᠶᠢᠨ ᠪᠠᠬᠠᠷᠠᠯ

ᠠᠵᠢᠯ ᠤᠨ ᠳᠤᠬᠠᠢ

ᠳᠠᠯ᠎ᠠ ᠳᠠᠭᠠᠨ ᠪᠢ

ᠳᠠᠭᠤᠯᠠᠵᠤ ᠯᠠ ᠶᠠᠪᠣᠨ᠎ᠠ

ᠡᠷᠳᠡ ᠴᠠᠭ ᠤᠨ ᠡᠴᠦᠰ ᠲᠤ

ᠡᠨᠡ ᠴᠠᠭ ᠤᠨ ᠡᠭᠢᠨ ᠳᠤ

ᠡᠵᠡᠷᠭᠡᠭ᠌ ᠵᠠᠰᠠᠭ ᠤᠨ ᠰᠡᠭᠦᠯ ᠳᠤ

ᠡᠨᠡᠷᠢᠯᠳᠤ ᠵᠠᠰᠠᠭ ᠤᠨ ᠳᠦᠷᠦᠭᠦᠨ ᠳᠤ

ᠬᠠᠩᠭ᠋ᠠᠢ ᠨᠤᠳᠤᠭ ᠤᠨ ᠣᠷᠳᠤᠬᠠᠨᠠᠭᠤᠷ

ᠬᠠᠯᠠᠭᠤᠨ ᠭᠤᠪᠢ ᠶᠢᠨ ᠬᠣᠢ᠌ᠬᠠᠨᠠᠭᠤᠷ

ᠬᠠᠨᠢ ᠭᠤᠷᠪᠠᠨ ᠠᠢ᠌ᠯ

ᠬᠠᠶᠠᠭ᠎ᠠ ᠨᠠᠢ᠌ᠯᠠᠨ ᠰᠠᠭᠤᠪᠠ᠃


《ᠭᠤᠷᠪᠠᠨ ᠠᠢ᠌ᠯ》 ᠨᠠᠢ᠌ᠷᠭᠯᠠᠯ ᠡᠴᠡ

ᠵᠤᠬᠢᠶᠠᠭᠴᠢ᠄ ᠨᠢ᠊·ᠨᠢᠮᠠᠳᠤᠷᠵᠢ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2633
ᠴᠠᠭ᠄ 2008 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ