☆ ᠢ᠊·ᠭᠡᠰᠢᠭ᠍ᠳᠤ
ᠵᠠᠯᠠᠭᠤ ᠨᠠᠰᠤᠨ ᠤ ᠳᠠᠭᠤᠯᠠᠯ
ᠵᠠᠯᠠᠭᠤ ᠨᠠᠰᠤ ᠊᠊᠊᠊᠊᠊᠊᠊᠊᠊᠊᠊᠊᠊᠊
ᠳᠦᠭᠦᠷᠴᠤ ᠳᠤᠠᠳᠤᠷᠠᠬᠤ ᠰᠠᠪᠠ ᠪᠢᠰᠢ
ᠳᠦᠷᠡᠯᠵᠡᠭᠦ ᠶᠢ ᠭᠦᠯᠢᠶᠡᠭ᠍ᠰᠡᠨ ᠭᠠᠯ ᠲᠦᠯᠤ
ᠵᠠᠯᠠᠭᠤ ᠨᠠᠰᠤ ᠊᠊᠊᠊᠊᠊᠊᠊᠊᠊᠊᠊᠊᠊᠊
ᠳᠤᠯᠭ᠎ᠠ ᠪᠠᠨ ᠮᠠᠨᠠᠭᠰᠠᠨ ᠦᠨᠡᠰᠤ ᠪᠢᠰᠢ
ᠳᠤᠭᠤᠨᠤ ᠪᠠᠷ ᠶᠢᠡᠨ ᠳᠤᠰᠤᠭᠰᠠᠨ ᠭᠡᠷᠡᠯᠳᠤ ᠳᠤᠶᠠᠭ᠎ᠠ
ᠵᠠᠯᠠᠭᠤ ᠨᠠᠰᠤ ᠊᠊᠊᠊᠊᠊᠊᠊᠊᠊᠊᠊᠊᠊᠊
ᠲᠦᠯᠭᠡ ᠳᠤ ᠭᠠᠷᠤᠭᠰᠠᠨ ᠵᠤᠷ ᠪᠢᠰᠢ
ᠳᠡᠷᠭᠡᠯᠰᠢᠭᠦ ᠶᠢ ᠰᠠᠨᠠᠳᠠᠭ ᠨᠤᠮᠤ ᠶᠢᠨ ᠭᠦᠪᠴᠢ
ᠵᠠᠯᠠᠭᠤ ᠨᠠᠰᠤ ᠊᠊᠊᠊᠊᠊᠊᠊᠊᠊᠊᠊᠊᠊᠊
ᠰᠢᠳᠤᠷᠭᠤ ᠪᠠᠨ ᠱᠤᠯᠤᠬᠤ ᠳᠠᠭᠢᠮᠳᠠᠯ ᠪᠢᠰᠢ
ᠰᠢᠯᠤᠭᠤᠨ ᠠᠭᠠᠯᠢ ᠶᠢᠨ ᠡᠴᠢᠨ᠎ᠡ ᠴᠢᠮᠡᠭ᠌
ᠵᠠᠯᠠᠭᠤ ᠨᠠᠰᠤ ᠊᠊᠊᠊᠊᠊᠊᠊᠊᠊᠊᠊᠊᠊᠊
ᠦᠣᠷ ᠦᠳᠡᠰᠢ ᠶᠢᠨ ᠰᠡᠭᠦᠳᠡᠷ ᠪᠢᠰᠢ
ᠦᠨᠡᠨ ᠬᠠᠢ᠌ᠷ᠎ᠠ ᠶᠢᠨ ᠴᠠᠢ᠌ᠯᠭᠠᠨ ᠰᠤᠯᠢᠷ
ᠵᠠᠯᠠᠭᠤ ᠨᠠᠰᠤ ᠊᠊᠊᠊᠊᠊᠊᠊᠊᠊᠊᠊᠊᠊᠊
ᠡᠯᠡᠷ ᠪᠠᠯᠠᠷ ᠳᠡᠨᠦᠭᠦᠴᠢᠯᠡᠯ ᠪᠢᠰᠢ
ᠡᠷᠭᠡ ᠴᠢᠯᠦᠭᠡᠨ ᠤ ᠰᠢᠨ᠎ᠡ ᠣᠬᠠᠮᠰᠠᠷ
ᠵᠠᠯᠠᠭᠤ ᠨᠠᠰᠤ ᠊᠊᠊᠊᠊᠊᠊᠊᠊᠊᠊᠊᠊᠊᠊
ᠰᠢᠳᠠᠷ᠎ᠠ ᠶᠢᠨ ᠣᠯᠠᠨ ᠭᠦᠯᠦᠭ᠌ ᠪᠠᠭᠤᠳᠠᠯ ᠪᠢᠰᠢ
ᠰᠡᠷᠭᠦᠯᠳᠡ ᠪᠠᠨ ᠭᠦᠯᠢᠶᠡᠭ᠍ᠰᠡᠨ ᠡᠷᠡᠮᠡᠯᠵᠡᠯᠡᠯ
ᠵᠠᠯᠠᠭᠤ ᠨᠠᠰᠤ ᠊᠊᠊᠊᠊᠊᠊᠊᠊᠊᠊᠊᠊᠊᠊
ᠢᠷᠭᠤᠢ ᠴᠡᠴᠡᠭ᠌ ᠤᠨ ᠳᠡᠯᠪᠠᠭᠡ ᠪᠢᠰᠢ
ᠵᠢᠳᠭᠦᠯ ᠶᠢᠡᠷ ᠨᠤᠴᠤᠬᠤ ᠭᠦᠴᠤᠨ ᠳᠠᠮᠢᠷ
ᠵᠠᠯᠠᠭᠤ ᠨᠠᠰᠤ ᠊᠊᠊᠊᠊᠊᠊᠊᠊᠊᠊᠊᠊᠊᠊
ᠣᠷᠠᠨ ᠰᠢᠪᠠᠭᠤᠳ ᠤᠨ ᠵᠢᠷᠭᠢᠭᠡᠨ ᠪᠢᠰᠢ
ᠣᠳᠤᠳ ᠤᠨ ᠭᠢᠯᠪᠠᠭᠠᠠᠳᠤ ᠣᠴᠠᠷᠠᠯ ᠤᠳ
ᠵᠠᠯᠠᠭᠤ ᠨᠠᠰᠤ ᠊᠊᠊᠊᠊᠊᠊᠊᠊᠊᠊᠊᠊᠊᠊
ᠶᠠᠭᠠᠬᠠᠨ ᠣᠷᠤᠭᠤᠯ ᠤᠨ ᠵᠤᠮᠤᠯᠵᠠᠯ ᠪᠢᠰᠢ
ᠶᠢᠰᠤᠨ ᠭᠦᠰᠡᠯ ᠤᠨ ᠳᠤᠷᠭᠠᠨ ᠵᠠᠩᠭᠢᠶ᠎ᠠ
ᠵᠠᠯᠠᠭᠤ ᠨᠠᠰᠤ ᠊᠊᠊᠊᠊᠊᠊᠊᠊᠊᠊᠊᠊᠊᠊
ᠵᠢᠯᠤᠭᠤ ᠳᠠᠳᠠᠭᠤ ᠳᠠᠮᠠᠤᠯᠠᠯ ᠪᠢᠰᠢ
ᠵᠤᠷᠢᠭᠰᠠᠨ ᠳᠠᠭᠠᠨ ᠭᠦᠷᠭᠦ ᠰᠡᠳᠭᠢᠯ ᠤᠨ ᠣᠩᠭ᠋ᠤᠴᠠ
ᠵᠠᠯᠠᠭᠤ ᠨᠠᠰᠤ ᠊᠊᠊᠊᠊᠊᠊᠊᠊᠊᠊᠊᠊᠊᠊
ᠴᠡᠩᠭᠡᠯ ᠵᠢᠷᠭᠠᠯ ᠤᠨ ᠳᠡᠭᠦᠰᠭᠡᠯ ᠪᠢᠰᠢ
ᠴᠡᠭᠡᠯ ᠤᠨ ᠭᠦᠨ ᠤ ᠴᠡᠩᠭᠡᠷ ᠣᠠᠳᠤᠷᠤᠯ
ᠵᠠᠯᠠᠭᠤ ᠨᠠᠰᠤ ᠊᠊᠊᠊᠊᠊᠊᠊᠊᠊᠊᠊᠊᠊᠊ ᠨᠡᠭᠡᠭᠡᠭᠦ ᠶᠢ ᠭᠦᠯᠢᠶᠡᠭ᠍ᠰᠡᠨ ᠣᠨᠢᠰᠤ ᠪᠢᠰᠢ
ᠨᠠᠷᠮᠠᠢ ᠶᠢ ᠭᠦᠰᠡᠭ᠍ᠰᠡᠨ ᠳᠡᠭᠦᠯᠳᠡᠷᠵᠢᠯ ᠮᠦᠨ
ᠵᠠᠯᠠᠭᠤ ᠨᠠᠰᠤ ᠊᠊᠊᠊᠊᠊᠊᠊᠊᠊᠊᠊᠊᠊᠊
ᠵᠢᠰᠤ ᠪᠠᠨ ᠥᠵᠡᠭᠦ ᠳᠤᠯᠢ ᠪᠢᠰᠢ
ᠳᠦᠷᠤ ᠪᠠᠨ ᠮᠠᠠᠳᠤᠭᠤᠯᠬᠤ ᠳᠤᠯᠭᠠᠭᠤᠷᠢ ᠭᠦᠴᠤᠨ
ᠵᠠᠯᠠᠭᠤ ᠨᠠᠰᠤ ᠊᠊᠊᠊᠊᠊᠊᠊᠊᠊᠊᠊᠊᠊᠊
ᠪᠣᠴᠠᠬᠤ ᠭᠠᠯᠠᠭᠤᠳ ᠤᠨ ᠳᠠᠭᠤᠨ ᠪᠢᠰᠢ
ᠰᠡᠳᠭᠢᠯ ᠤᠨ ᠭᠠᠭᠴᠠᠬᠠᠨ ᠰᠢᠵᠢᠮ ᠶᠤᠮ ᠡ
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠳᠡᠭᠡᠳᠤ ᠰᠤᠷᠭᠠᠭᠤᠯᠢ ᠶᠢᠨ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ
ᠵᠤᠬᠢᠶᠠᠭᠴᠢ᠄ ᠢ᠊·ᠭᠡᠰᠢᠭ᠍ᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2937
ᠴᠠᠭ᠄ 2011 ᠤᠨ ᠤ 05 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ