☆ ᠪᠠ᠊·ᠢᠯᠠᠯᠳᠠ
ᠤᠷᠳᠤ ᠰᠢᠷ᠎ᠠ ᠵᠡᠭᠡᠯᠢ
ᠰᠤᠷᠤᠭᠴᠢ ᠪᠠᠭᠰᠢ ᠦᠭᠡᠶ ᠰᠤᠨᠤᠳᠠᠯ᠎ᠠ ᠵᠠᠷᠤᠵᠤ
ᠰᠤᠷᠭᠠᠭᠤᠯᠢ ᠵᠠᠰᠠᠭᠰᠠᠨ ᠨᠠᠷᠠ ᠶᠢ ᠨᠢ ᠵᠡᠭᠦᠵᠤ
ᠰᠤᠶᠤᠭᠠᠯᠠᠩ ᠬᠤᠨᠢ ᠪᠠᠷ ᠨᠢ ᠱᠦᠯᠦ ᠣᠤᠭᠤᠭᠠᠤᠨ
ᠰᠤᠮᠤᠨ ᠤ ᠺᠠᠳ᠋ᠷ ᠤᠳ ᠪᠦᠯᠦᠭ᠌ ᠶᠢᠡᠷ ᠶᠢᠡᠨ ᠭᠡᠯᠭᠢᠶᠡᠯᠳᠤᠨ
ᠰᠢᠷ᠎ᠠ ᠫᠢᠸᠤ᠋ ᠴᠠᠳᠳᠠᠯ᠎ᠠ ᠭᠦᠵᠡᠭᠡᠯᠡᠵᠤ
ᠰᠠᠢ᠌ᠬᠠᠨ ᠦᠬᠢᠳ ᠤᠨ ᠬᠣᠢ᠌ᠨ᠎ᠠ ᠡᠴᠡ ᠳᠠᠭᠠᠵᠤ
ᠰᠠᠷ᠎ᠠ ᠶᠢᠨ ᠴᠠᠯᠢᠩ ᠶᠢᠠᠨ ᠭᠤᠸᠠᠩᠵᠠᠨ ᠳᠤ ᠳᠠᠷᠤᠵᠤ
ᠱᠠᠯᠪᠢᠩ ᠬᠤᠭᠤᠯᠠ ᠵᠢᠭᠡᠯᠡᠵᠤ ᠵᠤᠴᠢᠯᠠᠨ᠎ᠠ
ᠭᠦᠮᠤᠨ ᠴᠤᠭᠢᠭᠳᠠᠭᠰᠠᠨ ᠨᠢ ᠶᠤᠰᠤ ᠣᠯᠬᠤ ᠭᠠᠵᠠᠷ ᠥᠭᠡᠢ
ᠭᠦᠯ ᠬᠤᠭᠤᠷᠤᠨ ᠵᠡᠮᠳᠡᠭ᠌ ᠪᠣᠯᠤᠨ ᠬᠤᠴᠤᠷᠠᠪᠠ
ᠬᠡᠦᠬᠡᠳ ᠤᠨ ᠶᠢᠠᠨ ᠰᠥᠢᠦᠡᠭᠡᠯ ᠢ ᠳᠤᠰᠢᠶᠠᠵᠤ ᠳᠡᠢ᠌ᠯᠭᠦ ᠦᠭᠡᠶ ᠨᠢ
ᠭᠦᠤ ᠲᠡᠶ ᠵᠢᠭᠡᠯᠡᠯᠭᠡ ᠳᠤ ᠡᠳᠦᠷ ᠡᠳᠦᠷ ᠪᠠᠭᠤᠪᠠ
ᠳᠡᠯᠭᠡᠭᠦᠷ ᠳᠦᠭᠦᠷᠡᠩ ᠠᠪᠴᠢᠭᠠ ᠠᠷᠪᠢᠤᠠᠴᠠᠢ
ᠳᠡᠯᠡᠭᠡᠢ ᠴᠤ ᠵᠤᠪᠠᠮᠠᠷ ᠰᠡᠭᠦᠷᠡᠰᠤ ᠠᠯᠳᠠᠵᠠᠭᠠᠨᠠ
ᠳᠡᠭᠡᠷ᠎ᠡ ᠨᠢ ᠪᠠᠰᠠ ᠮᠠᠯ ᠪᠠᠭᠠᠰᠴᠠᠢ
ᠳᠡᠭᠡᠭᠡᠪᠦᠷᠢ ᠶᠢᠨ ᠮᠠᠢ᠌ᠮᠠᠢ᠌ᠴᠢᠳ ᠤᠨ ᠦᠨ᠎ᠡ ᠨᠢ ᠴᠤ ᠳᠤᠤᠷ᠎ᠠ
ᠥᠩᠭᠡᠷᠡᠭ᠍ᠰᠡᠨ ᠵᠤᠨ ᠨᠢ ᠭᠠᠩ ᠪᠣᠯᠵᠠᠢ
ᠡᠯᠡᠰᠤᠨ ᠰᠢᠭᠤᠷᠭ᠎ᠠ ᠨᠠᠮᠤᠷᠵᠢᠨ ᠳᠡᠭ᠍ᠳᠡᠵᠡᠢ
ᠡᠪᠦᠯ ᠨᠢ ᠡᠷᠭᠢᠭᠡᠳ ᠵᠤᠳ ᠪᠣᠯᠵᠠᠢ
ᠦᠨᠦ ᠬᠠᠪᠣᠷ ᠢ ᠶᠠᠭᠠᠭᠢᠵᠤ ᠯᠠ ᠳᠤᠭᠤᠯᠤᠶᠠ
ᠮᠠᠯᠢᠴᠠ ᠮᠤᠩᠭ᠋ᠤᠯ ᠤᠳ ᠨᠢ ᠪᠣᠳᠠᠭ᠎ᠠ ᠵᠢᠭᠡᠯᠡᠨ᠎ᠡ
ᠮᠠᠢ᠌ᠮᠠᠢ᠌ᠴᠢ ᠬᠣᠢ᠌ᠬᠤᠷ ᠤᠳ ᠨᠢ ᠦᠨ᠎ᠡ ᠶᠢ ᠨᠢ ᠨᠠᠮᠠᠨ᠎ᠠ
ᠮᠠᠷᠭᠠᠰᠢ ᠨᠢ ᠢᠷᠠᠵᠤ ᠦᠷᠢ ᠪᠠᠨ ᠨᠡᠭᠡᠨ᠎ᠡ
ᠮᠠᠯ ᠢ ᠨᠢ ᠪᠣᠳᠤᠵᠤ ᠭᠢᠮᠳᠠ ᠪᠠᠷ ᠠᠪᠣᠨ᠎ᠠ
ᠮᠠᠨᠠᠢ᠌ᠭᠢᠨ ᠣᠳᠤ ᠶᠠᠭᠠᠭᠢᠵᠤ ᠠᠮᠢᠳᠤᠷᠠᠶ᠎ᠠ ᠳ᠋ᠠ
ᠮᠠᠷᠺᠰ ᠡᠩᠭᠧᠯᠡᠰ ᠡ ᠭᠡᠯᠡᠭᠡᠳ ᠦᠭᠭᠦᠭᠡᠴᠢ︕
ᠵᠤᠬᠢᠶᠠᠭᠴᠢ᠄ ᠪᠠ᠊·ᠢᠯᠠᠯᠳᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2009 ᠤᠨ ᠤ 01 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ