☆ ᠭᠤᠨᠢᠨᠤᠳ·ᠨᠠ᠊·ᠰᠥᠭᠡᠪᠠᠭᠠᠲᠤᠷ
ᠴᠤᠭᠯᠠᠷᠠᠯ
᠊᠊᠊᠊᠊᠊᠊᠊᠊᠊᠊᠊᠊᠊᠊ ᠦᠨᠦᠳᠤᠷ ᠪᠢᠳᠠ ᠴᠤᠭᠯᠠᠷᠠᠯ ᠢ ᠰᠤᠷᠪᠠ
《ᠴᠤᠭᠯᠠᠷᠠᠯ》 ᠭᠡᠳᠡᠭ᠌ ᠡᠨᠡᠭᠦ ᠮᠡᠳᠡᠯᠭᠡ ᠵᠢ
ᠴᠤᠭᠯᠠᠷᠠᠵᠤ ᠪᠠᠢ᠌ᠭᠠᠤᠨ ᠦᠨᠦᠳᠤᠷ ᠰᠤᠷᠤᠯᠴᠠᠯ᠎ᠠ
ᠥᠷᠭᠡᠨ ᠳᠡᠯᠭᠡᠷ ᠣᠬᠠᠭᠳᠠᠬᠤᠨ ᠤ ᠭᠢᠨᠢ
ᠥᠷᠦᠭᠡᠰᠤᠨ ᠭᠠᠷ ᠢ ᠯᠠ ᠣᠯᠵᠤ ᠦᠵᠡᠪᠠ᠃
ᠳᠤᠭᠠᠨ ᠤ ᠣᠬᠠᠭᠠᠨ ᠤ ᠭᠦᠴᠢᠷ ᠳᠤ
ᠳᠤᠯᠤᠭᠠᠢ ᠬᠠᠭᠠᠷᠠᠮᠠᠷ ᠪᠦᠭ᠍ᠴᠢᠵᠤ
ᠪᠠᠭᠰᠢ ᠶᠢᠨ ᠶᠠᠷᠢᠭᠰᠠᠨ ᠥᠭᠡᠰ
ᠪᠠᠳᠠᠭᠠᠨ᠎ᠠ ᠬᠤᠪᠢᠯᠤᠭᠠᠤᠨ ᠥᠩᠭᠡᠷᠡᠨ᠎ᠡ᠂
ᠨᠥᠭᠦᠤᠨ ᠤᠨ ᠢᠳᠡᠭᠡᠯ ᠠᠯᠳᠠᠭᠰᠠᠨ ᠳᠠᠭᠤᠨ
ᠨᠢᠳᠤᠨ ᠳᠤ ᠪᠢᠰᠢ ᠴᠢᠭᠢᠨ ᠳᠤ ᠳᠤᠭᠤᠯᠳᠠᠬᠤ ᠳ᠋ᠤ
《ᠴᠤᠭᠯᠠᠷᠠᠯ》 ᠭᠡᠳᠡᠭ᠌ ᠥᠭᠡᠨ ᠤ ᠣᠤᠠᠬ᠎ᠠ
ᠴᠤᠮᠤᠯᠠᠩᠮᠠ ᠡᠴᠡ ᠴᠤ ᠦᠨᠳᠦᠷ ᠰᠠᠨᠠᠭᠳᠠᠯ᠎ᠠ᠃
ᠮᠡᠳᠡᠯᠭᠡ ᠊᠊᠊᠊᠊᠊᠊᠊᠊᠊᠊᠊᠊᠊᠊
ᠭᠢᠵᠠᠭᠠᠷ ᠦᠭᠡᠶ ᠴᠤᠭᠯᠠᠷᠠᠯ
ᠪᠠᠭᠰᠢ ᠊᠊᠊᠊᠊᠊᠊᠊᠊᠊᠊᠊᠊᠊᠊
ᠭᠢᠵᠠᠭᠠᠷ ᠲᠡᠶ ᠴᠤᠭᠯᠠᠷᠠᠯ
ᠪᠢ ᠊᠊᠊᠊᠊᠊᠊᠊᠊᠊᠊᠊᠊᠊᠊
ᠬᠤᠭᠤᠰᠤᠨ ᠴᠤᠭᠯᠠᠷᠠᠯ︕
ᠪᠠᠯᠠᠢ ᠳᠦᠯᠡᠢ ᠰᠡᠳᠭᠢᠭ᠍ᠳᠡᠯ ᠳ᠋ᠤ
ᠪᠠᠬ᠎ᠠ ᠠᠯᠳᠠᠭᠠᠤᠨ ᠰᠠᠭᠤᠬᠤ ᠳ᠋ᠤ
ᠪᠠᠪᠣᠵᠠᠪ ᠪᠠᠭᠰᠢ
ᠪᠠᠰᠠ ᠯᠠ ᠶᠠᠷᠢᠭᠰᠠᠭᠠᠷ ᠵᠤᠭᠰᠤᠨ᠎ᠠ᠃
᠊᠊᠊᠊᠊᠊᠊᠊᠊᠊᠊᠊᠊᠊᠊ ᠰᠢᠯᠢ ᠶᠢᠨ ᠬᠤᠳᠠᠨ᠎ᠠ
2006.08.29
* ᠴᠤᠬᠤᠯᠳᠠ᠄
ᠪᠢᠳᠠ ᠳᠦᠴᠢ ᠶᠢᠰᠦᠭᠦᠯᠡ ᠪᠠᠨ ᠨᠢᠭᠡ ᠠᠩᠭᠢ ᠳᠤ ᠰᠤᠷᠤᠯᠴᠠᠳᠠᠭ ᠪᠠᠢ᠌ᠯ᠎ᠠ᠃ ᠭᠢᠴᠢᠶᠠᠯ ᠤᠨ ᠪᠠᠭᠰᠢ ᠨᠡᠷ ᠮᠠᠨᠢ ᠴᠤ ᠴᠢᠩᠭ᠎ᠠ ᠭᠠᠷ ᠤᠳ ᠪᠠᠢ᠌ᠯᠴᠠᠭᠰᠠᠨ᠂ ᠠᠵᠢᠯ ᠳᠤ ᠪᠠᠨ ᠬᠠᠷᠢᠭᠤᠴᠠᠯᠭ᠎ᠠ ᠲᠡᠶ᠂ ᠲᠦᠪ ᠨᠢᠮᠪᠠᠢ ᠁ ᠶᠠᠷᠤ ᠨᠢ ᠰᠡᠭᠦᠳᠡᠷ ᠲᠡᠶ ᠬᠠᠷᠠᠭᠳᠠᠬᠤ ᠭᠠᠵᠠᠷ ᠠᠯᠠᠭ᠎ᠠ᠃
ᠳᠤᠭᠠᠨ ᠤ ᠭᠢᠴᠢᠶᠠᠯ ᠪᠣᠯᠤᠭᠰᠠᠭᠠᠷ ᠯᠠ ᠪᠦᠭᠦᠳᠡᠭᠡᠷ ᠶᠢᠡᠨ ᠵᠢᠷᠦᠭᠡ ᠪᠠᠨ ᠭᠠᠷ ᠲᠤ ᠪᠠᠨ ᠪᠠᠷᠢᠵᠤ᠂ ᠪᠠᠭᠰᠢ ᠶᠢᠨ ᠥᠭᠡᠳᠡ ᠪᠣᠳᠤᠭᠤᠨ ᠨᠢᠳᠤ ᠪᠠᠷ ᠬᠠᠷᠠᠵᠤ᠂ ᠰᠠᠳᠤᠪ ᠶᠢᠡᠨ ᠶᠠᠭᠠᠷᠠᠪᠴᠢᠯᠠᠨ ᠬᠠᠭᠤᠯᠳᠠᠭ ᠨᠢ ᠪᠢᠳᠠᠨ ᠤ 《ᠨᠠᠢ᠌ᠳᠠ ᠶᠢᠨ ᠣᠠᠴᠠᠯᠢᠭ》᠃ ᠠᠩᠬ᠎ᠠ ᠡᠭᠢᠨ ᠳᠤ ᠪᠠᠨ ᠳᠤᠭ᠎ᠠ ᠪᠠᠨ ᠰᠤᠷᠬᠤ ᠦᠭᠡᠶ ᠪᠠᠭᠰᠢ ᠪᠠᠷ ᠵᠥᠩᠳᠡᠭᠡᠨ ᠵᠢᠮᠡᠯᠡᠭᠦᠯᠳᠡᠭ᠌ ᠪᠠᠢ᠌ᠯ᠎ᠠ᠂ ᠭᠡᠪᠠᠴᠤ ᠶᠠᠪᠣ ᠶᠠᠪᠣᠭᠠᠨ ᠳᠤ ᠪᠠᠨ ᠣᠬᠠᠭᠠᠨ ᠢ ᠨᠢ ᠣᠯᠵᠤ ᠣᠴᠢᠷ ᠢ ᠨᠢ ᠣᠬᠠᠵᠤ᠂ ᠪᠠᠭᠰᠢ ᠶᠢᠨ ᠥᠯᠡᠳᠡᠭᠡᠭ᠍ᠰᠡᠨ ᠪᠣᠳᠤᠯᠭ᠎ᠠ ᠤᠳ ᠢ ᠰᠤᠯᠤᠭᠠᠢ᠌ᠷᠠᠯ ᠦᠭᠡᠶ ᠪᠣᠳᠤᠳᠠᠭ ᠪᠣᠯᠤᠯ᠎ᠠ ᠁
ᠪᠠᠭᠰᠢ ᠨᠡᠷ ᠲᠤ ᠪᠠᠨ ᠪᠢᠳᠠ ᠡᠭᠦᠷᠢᠳᠡ ᠳᠠᠯᠠᠷᠬᠠᠵᠤ ᠶᠠᠪᠣᠨ᠎ᠠ︕
ᠵᠤᠬᠢᠶᠠᠭᠴᠢ ᠶᠢᠨ ᠬᠠᠶᠢᠭ ᠄ ᠯᠢᠶᠤᠤᠨᠢᠩ ᠶᠡᠭᠡ ᠰᠤᠷᠭᠠᠭᠤᠯᠢ
ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2009 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ