☆ ᠺᠠ᠊·ᠴᠠᠷᠠᠠᠳᠤᠷᠵᠢ
ᠰᠡᠭᠦᠳᠡᠷ ᠲᠡᠭᠡᠨ ᠪᠢ ᠬᠠᠢ᠌ᠷᠠᠳᠠᠢ
ᠡᠯᠴᠢ ᠰᠢᠭ᠌ ᠡᠭᠦᠳᠡᠨ ᠳᠡᠭᠡᠷ᠎ᠡ ᠳᠤᠰᠤᠳᠠᠭ ᠲᠤ ᠴᠢᠨᠢ
ᠡᠷᠯᠢᠭ᠌ ᠰᠢᠭ᠌ ᠡᠳᠦᠷ ᠳᠠᠭᠤᠰᠤᠨ ᠳᠠᠭᠠᠳᠠᠭ ᠲᠤ ᠴᠢᠨᠢ
ᠡᠷᠳᠡ ᠣᠷᠤᠢ ᠬᠤᠶᠠᠷ ᠲᠤ ᠨᠠᠮᠢ᠋ᠢ ᠭᠤᠯᠤᠳᠠᠭ ᠲᠤ ᠴᠢᠨᠢ
ᠡᠯᠢᠭᠡ ᠪᠠᠷ ᠶᠢᠡᠨ ᠭᠡᠵᠢᠶᠡᠳᠡ ᠭᠠᠵᠠᠷ ᠳᠦᠰᠢᠳᠡᠭ᠌ ᠲᠤ ᠴᠢᠨᠢ
ᠭᠡᠷ ᠤᠨ ᠮᠢᠨᠢ ᠡᠭᠦᠳᠡᠨ ᠳᠤ ᠨᠠᠮᠠᠶᠢ ᠭᠦᠷᠭᠡᠵᠤ ᠣᠴᠢᠳᠠᠭ ᠲᠤ ᠴᠢᠨᠢ
ᠭᠡᠳᠡᠭᠦᠯ ᠰᠢᠭ᠌ ᠭᠠᠳᠠᠨ᠎ᠠ ᠶᠠᠷᠤ ᠬᠤᠴᠤᠷᠳᠠᠭ ᠲᠤ ᠴᠢᠨᠢ
ᠭᠡᠯᠮᠡᠭ᠌ ᠦᠭᠡᠶ ᠡᠵᠡᠨ ᠨᠠᠮᠢ᠋ᠢ ᠳᠠᠭᠤᠷᠢᠶᠠᠳᠠᠭ ᠲᠤ ᠴᠢᠨᠢ
ᠭᠡᠷᠡᠯ ᠡᠴᠡ ᠡᠴᠢᠭᠡ ᠪᠠᠨ ᠥᠵᠡᠭ᠍ᠰᠡᠨ ᠰᠢᠭ᠌ ᠳᠤᠳᠠᠭᠠᠳᠠᠭ ᠲᠤ ᠴᠢᠨᠢ
ᠦᠪᠡᠷ ᠤᠨ ᠪᠣᠯᠪᠠᠴᠤ ᠰᠡᠭᠦᠳᠡᠷ ᠲᠡᠭᠡᠨ ᠪᠢ ᠬᠠᠷᠠᠳᠠᠢ ᠶᠤᠮ
ᠥᠷᠦᠭᠡᠯ ᠤᠨ ᠪᠣᠯᠪᠠᠴᠤ ᠰᠡᠭᠦᠳᠡᠷ ᠳᠤᠨᠢ ᠪᠢ ᠳᠤᠷᠠᠳᠠᠢ ᠶᠤᠮ
ᠭᠠᠵᠠᠷ ᠳᠡᠭᠡᠷ᠎ᠡ ᠭᠦᠯ ᠶᠢᠡᠨ ᠳᠠᠭᠠᠭᠠᠵᠤ ᠵᠤᠭᠰᠤᠳᠠᠭ ᠦᠭᠡᠶ ᠳᠤ ᠴᠢᠨᠢ
ᠭᠠᠷ ᠲᠡᠶ ᠪᠦᠭᠦᠨ ᠳᠤ ᠪᠠᠶ᠎ᠠ ᠪᠠᠨ ᠪᠠᠷᠢᠭᠤᠯᠳᠠᠭ ᠦᠭᠡᠶ ᠳᠤ ᠴᠢᠨᠢ
ᠭᠠᠭᠴᠠᠬᠠᠨ ᠨᠠᠳᠠᠳᠤ ᠳᠤᠷᠠᠳᠠᠢ ᠪᠠᠢ᠌ᠳᠠᠭ ᠲᠤ ᠴᠢᠨᠢ
ᠬᠠᠷᠬᠠᠨ ᠪᠠᠶ᠎ᠠ ᠶᠢᠨ ᠶᠠᠩᠵᠤ ᠶᠢ ᠬᠠᠪᠳᠠᠢ ᠵᠢᠷᠤᠳᠠᠭ ᠲᠤ ᠴᠢᠨᠢ
ᠬᠠᠷ᠎ᠠ ᠪᠣᠷᠤ ᠰᠠᠨᠠᠭ᠎ᠠ ᠶᠠᠷᠤ ᠡᠪᠦᠷᠯᠡᠳᠡᠭ᠌ ᠦᠭᠡᠶ ᠳᠤ ᠴᠢᠨᠢ
ᠥᠯᠦᠭᠡᠢ ᠲᠡᠶ ᠪᠠᠢ᠌ᠬᠤ ᠳᠤ ᠮᠢᠨᠢ ᠣᠢ᠌ᠷᠳᠠᠳᠠᠭ ᠦᠭᠡᠶ ᠳᠤ ᠴᠢᠨᠢ
ᠣᠩᠭ᠋ᠤᠨ ᠳᠤ ᠣᠷᠤᠬᠤ ᠳᠤ ᠮᠢᠨᠢ ᠣᠴᠢᠳᠠᠭ ᠦᠭᠡᠶ ᠳᠤ ᠴᠢᠨᠢ
ᠮᠢᠩᠶᠠᠨ ᠤ ᠪᠣᠯᠪᠠᠴᠤ ᠰᠡᠭᠦᠳᠡᠷ ᠳᠤᠨᠢ ᠪᠢ ᠬᠠᠷᠠᠳᠠᠢ ᠶᠤᠮ
ᠮᠢᠨᠤᠭᠢ ᠪᠣᠯᠬᠤᠷ ᠰᠡᠭᠦᠳᠡᠷ ᠲᠡᠭᠡᠨ ᠪᠢ ᠬᠠᠢ᠌ᠷᠠᠳᠠᠢ ᠶᠤᠮ
ᠭᠦᠯ ᠣᠷᠤᠬᠤ ᠳᠤ ᠪᠣᠬᠤᠯᠳᠠᠢ ᠪᠣᠯᠵᠤ ᠠᠶᠤᠯᠭᠠᠳᠠᠭ ᠲᠤ ᠴᠢᠨᠢ
ᠭᠡᠯᠡ ᠣᠷᠤᠬᠤ ᠳᠤ ᠪᠣᠷᠬᠠᠨ ᠭᠡᠪᠳᠡᠢ ᠳᠤᠤᠭᠠᠷᠳᠠᠭ ᠦᠭᠡᠶ ᠳᠤ ᠴᠢᠨᠢ
ᠨᠠᠷᠠ ᠲᠡᠶ ᠡᠳᠦᠷ ᠮᠥᠩᠭᠡ ᠡᠭᠡᠯᠢ ᠲᠡᠶ ᠳᠠᠭᠠᠭᠤᠯᠢ ᠪᠣᠯᠳᠠᠭ ᠲᠤ ᠴᠢᠨᠢ
ᠨᠠᠰᠤᠨ ᠳᠤᠷᠰᠢᠳᠠ ᠮᠤᠩᠭ᠋ᠤᠯ ᠳᠠᠪᠠᠯ ᠲᠡᠶ ᠰᠠᠭᠢᠭᠤᠯ ᠪᠣᠯᠳᠠᠭ ᠲᠤ ᠴᠢᠨᠢ
ᠪᠦᠳᠦᠷᠢᠭ᠍ᠰᠡᠨ ᠴᠠᠭ ᠲᠤ ᠳᠤᠤᠷ᠎ᠠ ᠮᠢᠨᠢ ᠣᠷᠤᠭᠠᠤᠨ ᠳᠤᠰᠤᠳᠠᠭ ᠲᠤ ᠴᠢᠨᠢ
ᠪᠦᠷᠦᠢ ᠲᠡᠶ ᠳᠠᠭᠤ ᠬᠤᠭᠤᠯᠠᠢ ᠨᠢᠭᠡᠳᠦᠳᠡᠭ᠌ ᠲᠤ ᠴᠢᠨᠢ
ᠬᠠᠷ᠎ᠠ ᠴᠠᠭᠠᠨ ᠬᠤᠶᠠᠷ ᠢ ᠬᠠᠷᠠᠭᠠᠨ ᠳᠤ ᠮᠢᠨᠢ ᠵᠢᠭᠠᠳᠠᠭ ᠲᠤ ᠴᠢᠨᠢ
ᠬᠠᠯᠠᠭᠤᠨ ᠭᠦᠢᠳᠡᠨ ᠬᠤᠶᠠᠷ ᠲᠤ ᠮᠢᠨᠢ ᠬᠠᠮᠳᠤ ᠪᠠᠢ᠌ᠯᠴᠠᠳᠠᠭ ᠲᠤ ᠴᠢᠨᠢ
ᠪᠢᠰᠢᠩᠭᠢ ᠶᠢᠨ ᠪᠣᠯᠪᠠᠴᠤ ᠰᠡᠭᠦᠳᠡᠷ ᠳᠤᠨᠢ ᠪᠢ ᠰᠢᠷᠠᠳᠠᠢ ᠶᠤᠮ
ᠪᠠᠶ᠎ᠠ ᠶᠢᠨ ᠮᠢᠨᠢ ᠪᠣᠯᠬᠤᠷ ᠰᠡᠭᠦᠳᠡᠷ ᠲᠡᠭᠡᠨ ᠪᠢ ᠳᠤᠷᠠᠳᠠᠢ ᠶᠤᠮ
ᠨᠥᠭᠦᠭᠡᠰᠤ ᠪᠣᠯᠵᠤ ᠶᠠᠷᠤ ᠴᠢᠳᠠᠭᠠᠤᠨ ᠦᠭᠡᠶ ᠳᠤ ᠴᠢᠨᠢ
ᠨᠦᠮᠦᠷᠢ ᠪᠣᠯᠵᠤ ᠶᠠᠷᠤ ᠥᠵᠡᠭᠡ ᠦᠭᠡᠶ ᠳᠤ ᠴᠢᠨᠢ
ᠨᠥᠭᠦᠷ ᠭᠡᠵᠤ ᠭᠡᠨ ᠴᠢᠮᠢ᠋ᠢ ᠭᠦᠡᠳᠦᠯᠡᠭᠦ ᠪᠣᠢ
ᠨᠥᠮᠦᠷᠭᠡ ᠭᠢᠵᠤ ᠭᠡᠨ ᠴᠢᠮᠢ᠋ᠢ ᠭᠦᠳᠡᠷᠡᠭᠦ ᠪᠣᠢ
ᠰᠡᠳᠭᠢᠯ ᠪᠠᠶ᠎ᠠ ᠬᠤᠶᠠᠷ ᠰᠢᠯᠤᠭᠤᠨ ᠶᠠᠪᠣᠭᠰᠠᠨ ᠤ ᠬᠣᠢ᠌ᠨ᠎ᠠ
ᠰᠡᠭᠦᠳᠡᠷ ᠤᠨ ᠶᠢᠡᠨ ᠮᠤᠰᠢᠭᠠᠢ ᠡᠴᠡ ᠶᠠᠭᠤ ᠠᠶᠤᠬᠤ ᠪᠣᠢ
ᠰᠡᠯᠡᠭᠡᠨ ᠳᠠᠷᠠᠭᠠᠳᠠᠢ ᠡᠨᠡ ᠣᠷᠴᠢᠯᠠᠩ ᠳ᠋ᠤ
ᠰᠡᠭᠦᠳᠡᠷ ᠦᠭᠡᠶ ᠭᠦᠮᠤᠨ ᠶᠠᠭᠠᠭᠢᠵᠤ ᠶᠠᠪᠣᠬᠤ ᠪᠣᠢ
ᠪᠦᠳᠡᠭᠢ ᠪᠣᠯᠪᠠᠴᠤ ᠰᠡᠭᠦᠳᠡᠷ ᠲᠡᠭᠡᠨ ᠪᠢ ᠳᠤᠷᠠᠳᠠᠢ
ᠪᠠᠶ᠎ᠠ ᠶᠢᠨ ᠮᠢᠨᠢ ᠪᠣᠯᠬᠤᠷ ᠰᠡᠭᠦᠳᠡᠷ ᠲᠡᠭᠡᠨ ᠪᠢ ᠬᠠᠢ᠌ᠷᠠᠳᠠᠢ᠃
ᠵᠤᠬᠢᠶᠠᠭᠴᠢ᠄ ᠺᠠ᠊·ᠴᠠᠷᠠᠠᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2676
ᠴᠠᠭ᠄ 2009 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ