☆ ᠡ᠊·ᠠᠯᠳᠠᠡᠰᠥ᠋ᠭᠡ
ᠪᠠᠶᠠᠨ ᠪᠣᠳᠠᠯᠠᠩ
ᠯᠠᠮᠠ ᠨᠢ ᠶᠠᠪᠣᠭᠠᠤᠨ ᠰᠦᠮ᠎ᠡ ᠨᠢ ᠥᠯᠡᠳᠡᠭ᠍ᠰᠡᠨ ᡀᠠᠰᠠ ᠬᠤᠳᠠ ᠵᠢᠨ
ᠯᠠᠪᠷᠤᠩ ᠭᠡᠢ᠌ᠳ᠂ ᠪᠣᠳᠠᠯᠠᠩ ᠣᠷᠳᠤᠨ ᠨᠢ ᠶᠡᠭᠡᠮᠰᠦᠭ᠌ ᠰᠥᠭᠯᠥᠢᠨᠡ
ᠯᠠᠩᠳᠠᠷᠮ᠎ᠠ ᠳᠠᠷᠤᠭᠠᠤᠨ ᠲᠦᠪᠡᠳ ᠢ ᠠᠪᠣᠷᠠᠭᠰᠠᠨ ᠰᠦᠷᠤᠩᠽᠠᠠᠺᠠᠮᠪᠣ ᠨᠢ
ᠯᠡᠭ᠍ᠱᠡᠨ ᠳᠦᠷᠢ ᠪᠠᠷ ᠬᠤᠤᠰ ᠳᠡᠷᠢᠭᠦᠨ ᠲᠡᠶ ᠭᠡᠭᠡᠮᠰᠦᠭ᠌ ᠵᠠᠯᠠᠷᠠᠨ᠎ᠠ᠃
ᠳᠠᠯᠳᠠ ᠶᠢ ᠮᠡᠳᠡᠳᠡᠭ᠌ ᠳᠠᠯᠠᠢ ᠯᠠᠮᠠᠳᠠᠨ ᠤ ᠡᠪᠦᠯ ᠤᠨ ᠣᠷᠳᠤᠨ ᠭᠡᠵᠤ
ᠳᠠᠭᠠᠭᠤᠯᠵᠤ ᠵᠠᠮᠴᠢᠯᠠᠭ᠎ᠠ ᠵᠤᠭᠠᠴᠠᠯ ᠤᠨ ᠭᠦᠳᠦᠯᠦᠭ᠍ᠴᠢ ᠳᠠᠨᠢᠯᠴᠠᠭᠤᠯᠵᠤ ᠪᠠᠢ᠌ᠭ᠎ᠠ
ᠳᠠᠪᠬᠤᠷ ᠳᠠᠪᠬᠤᠷ ᠬᠠᠭᠠᠯᠭ᠎ᠠ ᠪᠣᠭᠤᠮᠳᠠ ᠲᠡᠶ ᠠᠭᠤᠯᠠᠨ ᠣᠷᠳᠤᠨ ᠳ᠋ᠤ
ᠳᠠᠪᠠᠭᠠᠤᠨ ᠳᠠᠪᠠᠭᠠᠤᠨ ᠭᠦᠷᠦᠰᠢ ᠦᠭᠡᠶ ᠮᠠᠴᠤᠵᠤ ᠪᠠᠢ᠌ᠬᠤ ᠳᠠᠭᠠᠨ᠂
ᠭᠠᠳᠠᠭᠤᠷ ᠳᠤᠭᠤᠷᠢᠭᠠᠤᠨ ᠭᠤᠷᠤᠭ᠎ᠠ ᠡᠷᠭᠢᠭ᠍ᠰᠡᠨ ᠦᠨᠡᠠᠴᠢ ᠰᠥᠰᠦᠭ᠍ᠳᠡᠨ ᠤ
ᠭᠠᠵᠠᠷ ᠭᠡᠮᠵᠢᠭ᠍ᠰᠡᠨ ᠣᠨᠠᠨ ᠮᠦᠷᠭᠦᠯ ᠢ ᠥᠵᠡᠭᠡᠳ ᠰᠤᠴᠢᠭᠰᠠᠨ ᠶᠤᠮ
ᠭᠠᠷ ᠳᠤᠨᠢ ᠪᠠᠷᠢᠭᠰᠠᠨ ᠮᠤᠳᠤᠨ ᠬᠠᠪᠳᠠᠰᠤᠨ ᠤ ᠡᠯᠡᠭ᠍ᠳᠡᠯ ᠢ ᠬᠠᠷᠠᠭᠠᠤᠨ
ᠭᠠᠵᠢᠬᠤ ᠶᠢ ᠮᠡᠳᠡᠭᠦ ᠦᠭᠡᠶ ᠴᠢᠭᠡ ᠠᠰᠬᠠᠨ ᠵᠤᠷᠢᠭ ᠢ ᠭᠠᠢ᠌ᠬᠠᠭᠰᠠᠨ ᠶᠤᠮ᠃
ᠦᠨᠡᠨ ᠪᠣᠷᠬᠠᠨ ᠤ ᠵᠠᠯᠠᠷᠠᠨ ᠰᠠᠭᠠᠳᠠᠳᠠᠭ ᠪᠣᠳᠠᠯᠠᠩ ᠤᠨ ᠣᠷᠳᠤᠨ ᠳ᠋ᠤ
ᠦᠯᠮᠡᠢ ᠳᠠᠯᠪᠢᠬᠤ ᠶᠢᠨ ᠳᠡᠷᠡᠭᠡᠨ ᠠᠭᠱᠠᠨ ᠳᠤ ᠣᠤᠯᠭ᠎ᠠ ᠠᠯᠳᠠᠭᠰᠠᠨ ᠶᠤᠮ
ᠡᠷᠭᠦᠯ ᠮᠦᠷᠭᠦᠯ ᠲᠡᠶ ᠰᠦᠮ᠎ᠡ ᠶᠢᠨ ᠪᠣᠶᠠᠨ ᠢ ᠥᠵᠡᠭ᠍ᠰᠡᠨ ᠯᠠ ᠪᠣᠯᠪᠠᠴᠤ
ᠦᠨᠳᠦᠷ ᠠᠭᠤᠯᠠᠨ ᠤ ᠪᠣᠳᠠᠯᠠᠩ ᠰᠢᠭ ᠪᠠᠶᠠᠨ ᠢ ᠰᠤᠨᠤᠰᠤᠭ᠎ᠠ ᠴᠤ ᠦᠭᠡᠶ ︕
ᠠᠳᠠᠷ ᠳᠡᠭᠡᠪᠦᠷ ᠬᠠᠶᠠᠭ᠎ᠠ ᠬᠠᠨ᠎ᠠ ᠦᠭᠡᠶ ᠠᠯᠳᠠ ᠪᠠᠷ ᠭᠢᠯᠪᠠᠵᠤ
ᠠᠷᠢᠶᠠᠪᠠᠯᠤ ᠱᠠᠭᠵᠠᠮᠤᠨᠢ ᠳᠠᠯᠠᠢ ᠪᠠᠠᠴᠢᠨ ᠨᠡᠷ ᠰᠢᠵᠢᠷ ᠶᠢᠡᠷ ᠭᠢᠯᠠᠰᠤᠭᠠᠤᠨ
ᠠᠯᠬᠤᠬᠤ ᠭᠠᠵᠠᠷ ᠬᠤᠯᠬᠤᠬᠤ ᠭᠤᠳᠤᠮ ᠡᠷᠳᠡᠨᠢ ᠪᠠᠷ ᠰᠢᠭᠢᠳᠭᠡᠵᠤ
ᠠᠯᠮᠠᠰ ᠪᠣᠯᠤᠷ ᠢᠠᠳᠠᠷᠨᠢᠯᠠ ᠪᠢᠨᠳᠠᠷᠢᠶ᠎ᠠ ᠳᠤᠨ ᠶᠢᠡᠷ ᠳᠤᠭᠠᠯᠠᠭᠠᠤᠨ ᠁
ᠥᠭᠯᠢᠭᠡ ᠶᠢᠨ ᠡᠵᠡᠳ ᠤᠨ ᠭᠡᠮᠨᠡᠯᠳᠤ ᠠᠮᠢᠳᠤᠷᠠᠯ ᠲᠡᠶ ᠶᠠᠭ ᠣᠠᠳᠤᠤ
ᠥᠭᠡᠢ᠌ᠭᠦᠤ ᠠᠷᠠᠤᠨ ᠤᠨ ᠵᠤᠪᠠᠯᠠᠩᠳᠤ ᠠᠮᠢᠳᠤᠷᠠᠯ ᠲᠡᠶ ᠶᠠᠷᠢᠶᠠᠨ ᠦᠭᠡᠶ ᠣᠠᠳᠤᠤ
ᠡᠭᠡᠯ ᠭᠦᠮᠤᠨ ᠤ ᠵᠢᠷᠭᠠᠯᠳᠤ ᠠᠮᠢᠳᠤᠷᠠᠯ ᠲᠡᠶ ᠪᠠᠰᠠ ᠣᠠᠳᠤᠤ
ᠡᠷᠭᠡ ᠳᠠᠷᠬᠠᠳᠠᠨ ᠤ ᠪᠦᠷᠢᠯᠭᠡᠳᠤ ᠠᠮᠢᠳᠤᠷᠠᠯ ᠲᠡᠶ ᠴᠤ ᠪᠠᠬᠠᠨ ᠣᠠᠳᠤᠤ ᠁
ᠪᠣᠶᠠᠨ ᠢ ᠢᠪᠠᠭᠡᠭ᠍ᠴᠢ ᠪᠣᠷᠬᠠᠨ ᠪᠣᠭᠳᠠ ᠪᠠᠨ ᠭᠦᠡᠳᠦᠯᠡᠨ᠎ᠡ ᠭᠡᠭ᠍ᠰᠡᠭᠡᠷ
ᠪᠣᠳᠤᠯ ᠶᠢᠡᠷ ᠪᠢᠰᠢ ᠪᠣᠳᠠᠰ ᠶᠢᠡᠷ ᠳᠠᠭᠢᠳᠠᠭ ᠨᠢ ᠳᠠᠮᠠᠢ ᠴᠤ ᠶᠤᠮ ᠦᠦ ︖
ᠪᠣᠳᠠᠩᠳᠤ ᠬᠤᠷᠸ᠎ᠠ ᠶᠢᠨ ᠬᠠᠷ᠎ᠠ ᠳᠡᠷᠢᠭᠦᠳᠡᠳ ᠥᠪᠠᠷ ᠤᠨ ᠰᠢᠨᠤᠯ ᠵᠢᠠᠷ
ᠪᠣᠷᠬᠠᠨ ᠪᠠᠭᠰᠢ ᠶᠢᠨ ᠣᠶᠤᠨ ᠢ ᠭᠡᠮᠵᠢᠳᠡᠭ᠌ ᠨᠢ ᠠᠯᠳᠠᠰ ᠴᠤ ᠶᠤᠮ ᠦᠦ ︕
2012.6.23
ᠵᠤᠬᠢᠶᠠᠭᠴᠢ ᠶᠢᠨ ᠬᠠᠶᠢᠭ ᠄ ᠪᠠᠭᠠᠷᠢᠨ ᠪᠠᠷᠠᠭᠤᠨ ᠬᠤᠰᠢᠭᠤᠨ ᠤ ᠣᠯᠤᠰ ᠳᠦᠷᠤ ᠶᠢᠨ ᠵᠥᠪᠯᠡᠯᠭᠡᠨ
ᠵᠤᠬᠢᠶᠠᠭᠴᠢ᠄ ᠡ᠊·ᠠᠯᠳᠠᠡᠰᠥ᠋ᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2012 ᠤᠨ ᠤ 06 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ