☆ ᠭᠤᠨᠢᠨᠤᠳ·ᠨᠠ᠊·ᠰᠥᠭᠡᠪᠠᠭᠠᠲᠤᠷ
ᠮᠤᠩᠭ᠋ᠤᠯ ᠤᠨ ᠦᠨᠦᠷᠳᠠᠢ ᠰᠠᠯᠭᠢ
ᠵᠢᠷᠭᠢᠭᠡᠨ ᠡᠪᠦᠷᠯᠡᠭ᠍ᠰᠡᠨ ᠦᠣᠷ ᠤᠨ ᠰᠠᠯᠭᠢ ᠨᠢ
ᠰᠢᠪᠠᠭᠤᠳ ᠶᠢᠡᠨ ᠡᠩᠭᠦᠷᠡᠢ᠌ᠯᠡᠵᠤ ᠳᠠᠭᠤᠳᠠᠳᠠᠭ
ᠵᠡᠷᠭᠡᠯᠭᠡᠨ ᠰᠤᠠᠳᠠᠯᠠᠭᠰᠠᠨ ᠥᠷᠯᠦᠭᠡᠨ ᠤ ᠰᠠᠯᠭᠢ ᠨᠢ
ᠦᠨᠢᠶᠠᠨ ᠵᠠᠯᠠᠨ ᠳᠡᠭᠡᠷ᠎ᠡ ᠮᠠᠠᠳᠤᠳᠠᠭ
ᠳᠤᠯᠭ᠎ᠠ ᠶᠢᠨ ᠭᠠᠯ ᠢ ᠪᠠᠳᠠᠷᠭᠠᠭᠰᠠᠨ
ᠮᠤᠩᠭ᠋ᠤᠯ ᠤᠨ ᠦᠨᠦᠷᠳᠠᠢ ᠰᠠᠯᠭᠢ ᠡ᠃
ᠳᠤᠭᠤᠨᠤ ᠶᠢᠨ ᠵᠤᠯᠠᠢ ᠳᠤ ᠥᠷᠭᠡᠯᠡᠭ᠍ᠰᠡᠨ ᠴᠠᠭᠠᠨ ᠰᠠᠯᠭᠢ ᠨᠢ
ᠡᠳᠦᠷ ᠤᠨ ᠭᠤᠤᠯ ᠢ ᠣᠭᠳᠤᠳᠠᠭ
ᠣᠭᠤᠨᠤ ᠶᠢᠨ ᠰᠥᠷᠦᠭ᠌ ᠬᠠᠷᠢᠭᠤᠯᠤᠭᠰᠠᠨ ᠴᠡᠩᠭᠡᠷ ᠰᠠᠯᠭᠢ ᠨᠢ
ᠠᠭᠢ ᠶᠢᠨ ᠳᠤᠯᠤᠭᠠᠢ ᠶᠢ ᠢᠯᠪᠢᠳᠡᠭ᠌
ᠳᠠᠯ᠎ᠠ ᠶᠢᠨ ᠭᠠᠯ ᠢ ᠪᠠᠳᠠᠷᠭᠠᠭᠰᠠᠨ
ᠮᠤᠩᠭ᠋ᠤᠯ ᠤᠨ ᠦᠨᠦᠷᠳᠠᠢ ᠰᠠᠯᠭᠢ ᠡ᠃
ᠰᠢᠭᠦᠳᠡᠷᠢ ᠶᠢᠨ ᠦᠨᠦᠷᠳᠠᠢ ᠰᠠᠯᠭᠢ ᠨᠢ ᠰᠡᠳᠭᠢᠯ ᠢ ᠠᠭᠤᠳᠠᠯᠯᠠᠬᠤ ᠪᠠᠷ
ᠮᠤᠷᠢᠨ ᠨᠢᠷᠤᠭᠤᠨ ᠳᠡᠭᠡᠷ᠎ᠡ ᠭᠡᠢ᠌ᠮᠦᠷᠢ ᠰᠡᠷᠭᠦᠳᠡᠭ᠌
ᠰᠢᠯᠦᠭ᠌ ᠤᠨ ᠣᠩᠭ᠋ᠤᠳ ᠲᠡᠶ ᠰᠠᠯᠭᠢ ᠨᠢ ᠢᠳᠡᠭᠡᠯ ᠳᠤ ᠭᠦᠪᠦᠷᠢᠭᠦ ᠪᠠᠷ
ᠡᠮᠡᠭᠡᠯ ᠤᠨ ᠳᠡᠭᠡᠷ᠎ᠡ ᠰᠢᠯᠦᠭ᠌ ᠲᠡᠶ ᠪᠠᠨ ᠪᠢ ᠠᠰᠠᠳᠠᠭ
ᠰᠡᠳᠭᠢᠯ ᠤᠨ ᠭᠠᠯ ᠢ ᠪᠠᠳᠠᠷᠭᠠᠭᠰᠠᠨ
ᠮᠤᠩᠭ᠋ᠤᠯ ᠤᠨ ᠦᠨᠦᠷᠳᠠᠢ ᠰᠠᠯᠭᠢ ᠡ᠃
ᠴᠢᠨᠤ ᠦᠨᠦᠰᠤᠯ ᠮᠢᠨᠤ
ᠳᠠᠩᠭ᠋ᠠᠷᠢᠭ ᠪᠠᠢ᠌ᠭᠰᠠᠨ ᠡᠴᠡ
ᠪᠢ
ᠨᠢᠴᠤᠵᠤ ᠴᠢᠳᠠᠭ᠎ᠠ ᠥᠭᠡᠢ
ᠴᠢᠨᠤ ᠦᠨᠦᠷ ᠮᠢᠨᠤ
ᠠᠮᠢ ᠪᠠᠢ᠌ᠭᠰᠠᠨ ᠡᠴᠡ
ᠪᠢ
ᠥᠭᠦᠵᠤ ᠴᠢᠳᠠᠭ᠎ᠠ ᠥᠭᠡᠢ
ᠮᠤᠩᠭ᠋ᠤᠯ ᠤᠨ ᠦᠨᠦᠷᠳᠠᠢ ᠰᠠᠯᠭᠢ ᠮᠢᠨᠤ︕
᠊᠊᠊᠊᠊᠊᠊᠊᠊᠊᠊᠊᠊᠊᠊ ᠰᠢᠯᠢ ᠶᠢᠨ ᠬᠤᠳᠠᠨ᠎ᠠ
2007.03.31
ᠵᠤᠬᠢᠶᠠᠭᠴᠢ ᠶᠢᠨ ᠬᠠᠶᠢᠭ ᠄ ᠯᠢᠶᠤᠤᠨᠢᠩ ᠶᠡᠭᠡ ᠰᠤᠷᠭᠠᠭᠤᠯᠢ
ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2009 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ