ᠨᠡᠪᠲᠡᠷᠡᠨ ᠤᠷᠤᠬᠤ
ᠴᠢᠮ᠎ᠠ ᠶᠢ ᠪᠠᠨ ᠥᠭᠡᠢ᠌ᠯᠡᠨ᠎ᠡ

ᠴᠢᠮ᠎ᠠ ᠶᠢ ᠪᠠᠨ ᠥᠭᠡᠢ᠌ᠯᠡᠨ᠎ᠡ᠂ ᠰᠢᠯᠦᠭ᠌ ᠮᠢᠨᠤ

ᠢᠩᠭᠡᠨ ᠪᠣᠢ᠌ᠯᠠᠭᠠᠨ ᠬᠤᠷᠸ᠎ᠠ ᠨᠡᠮᠡᠯᠵᠡᠭᠦᠯᠭᠦ

ᠭᠤᠪᠢ ᠶᠢᠨ ᠠᠮᠢᠰᠬᠤᠯ ᠳᠤ ᠬᠠᠢ᠌ᠷ᠎ᠠ ᠦᠷᠨᠢᠭᠦᠯᠵᠤ

ᠭᠤᠷᠤᠬ᠎ᠠ ᠨᠢᠯᠪᠣᠰᠤᠨ ᠢ ᠵᠡᠷᠭᠡ ᠳᠤ ᠨᠢ ᠢᠪᠢᠯᠭᠡᠭ᠍ᠰᠡᠨ

ᠮᠢᠨᠤ ᠡᠷ᠎ᠡ ᠰᠢᠠᠳᠠᠰᠤ ᠶᠢᠨ ᠨᠤᠭᠤᠭᠠᠨ ᠵᠡᠭᠦᠳᠤ᠂

ᠬᠤᠶᠠᠷᠬᠠᠨ ᠣᠳᠠᠰᠤᠨ ᠳᠡᠭᠡᠷ᠎ᠡ ᠳᠡᠯᠡᠭᠡᠢ ᠢᠯᠪᠢᠳᠡᠭ᠌

ᠮᠤᠷᠢᠨ ᠬᠤᠭᠤᠷ ᠤᠨ ᠭᠦᠪᠴᠢᠨ ᠳᠡᠭᠡᠷ᠎ᠡ ᠳᠤᠭᠯᠠᠵᠤ

ᠬᠠᠭᠤᠴᠢ ᠮᠠᠨᠠᠭᠰᠠᠨ ᠨᠤᠳᠤᠭ ᠤᠨ ᠱᠠᠩᠰᠢ᠂ ᠨᠠᠷ᠎ᠠ ᠲᠡᠶ ᠮᠠᠨᠢ

ᠭᠦᠮᠤᠨ ᠴᠢᠯᠠᠭᠤ ᠶᠢᠨ ᠣᠨᠢᠰᠤᠭ᠎ᠠ ᠪᠢᠰᠢ ᠠᠮᠢ ᠳᠠᠢ

ᠬᠤᠶᠠᠷ ᠵᠠᠭᠤᠨ ᠢ ᠠᠯᠳᠠᠯᠠᠨ ᠪᠠᠢ᠌ᠵᠤ ᠳᠦᠷᠤᠯ᠎ᠠ ᠊᠊᠊᠊᠊᠊᠊᠊᠊᠊᠊᠊᠊᠊᠊ ᠰᠢᠯᠦᠭ᠌ ᠮᠢᠨᠤ

ᠱᠤᠷᠤᠩ ᠤᠨ ᠠᠭᠤᠯᠠᠨ ᠳᠤ ᠪᠦᠷᠭᠦᠤᠨ ᠳᠠᠭᠰᠢᠨ

ᠠᠪᠠ ᠶᠢᠨ ᠭᠡᠢ ᠣᠢ ᠦᠷᠭᠦᠭᠡᠳᠡᠭ᠌ ᠭᠡᠯ᠎ᠡ᠂ ᠪᠢ ᠮᠡᠳᠡᠭᠦ ᠥᠭᠡᠢ

ᠮᠢᠨᠤ ᠡᠪᠦᠭᠡ ᠡᠭᠦᠨ ᠢ ᠠᠪᠣ ᠳᠤ ᠵᠥᠩᠳᠡᠭᠡᠨ ᠬᠠᠢ᠌ᠯᠠᠳᠠᠭ᠂

ᠳᠠᠷᠠ ᠦᠶ᠎ᠡ ᠳᠤ ᠪᠢ ᠥᠯᠦᠭᠡᠢ ᠳᠤ ᠪᠠᠢ᠌ᠵᠠᠢ᠃

ᠵᠢᠷᠤᠭ ᠰᠠᠢ᠌ᠬᠠᠨ ᠳᠠᠯ᠎ᠠ ᠶᠢᠨ ᠭᠦᠨ ᠳ᠋ᠤ

ᠠᠳᠤᠭᠤᠳ ᠤᠨ ᠳᠦᠪᠠᠷᠭᠡᠨ ᠡᠭᠦᠯᠡ ᠶᠢ ᠨᠡᠭᠦᠯᠭᠡᠳᠡᠭ᠌ ᠭᠡᠯ᠎ᠡ

ᠮᠢᠨᠤ ᠠᠪᠣ ᠶᠢᠨ ᠶᠠᠷᠢᠳᠠᠭ ᠠᠷᠢᠭᠢᠨ ᠤ ᠳᠠᠷᠠᠭᠠᠭᠢ ᠥᠯᠢᠭᠡᠷ ᠊᠊᠊᠊᠊᠊᠊᠊᠊᠊᠊᠊᠊᠊᠊

ᠪᠢ ᠱᠠᠯ ᠰᠤᠭᠳᠤᠳᠠᠭ ᠪᠠᠢ᠌ᠯ᠎ᠠ᠃

ᠰᠤᠯᠤᠩᠭ᠎ᠠ ᠳᠠᠳᠠᠳᠠᠭ ᠵᠤᠳᠤᠭ ᠵᠠᠩᠭᠢᠶ᠎ᠠ ᠶᠢᠨ ᠭᠡᠢ᠌ᠮᠦᠷᠢ ᠊᠊᠊᠊᠊᠊᠊᠊᠊᠊᠊᠊᠊᠊᠊

ᠨᠠᠷᠠ ᠶᠢ ᠡᠳᠦᠷᠵᠢᠨ ᠳᠤᠭᠤᠨᠤ ᠳᠤ ᠪᠠᠨ ᠬᠤᠷᠭᠤᠳᠠᠭᠤᠯᠳᠠᠭ ᠵᠤᠭᠰᠤᠭ᠎ᠠ ᠪᠦᠭᠡ ᠳᠤ

ᠪᠢ ᠠᠭᠤᠯᠵᠠᠭ᠎ᠠ ᠦᠭᠡᠶ᠂ ᠮᠢᠨᠤ ᠡᠯᠦᠡᠴᠡ 《ᠳᠠᠢ᠌ᠮᠤ ︕》 ᠭᠡᠰᠡᠨ ᠬᠠᠭᠤᠴᠢ ᠲᠡᠶ᠃

ᠠᠭᠢ ᠶᠢᠨ ᠦᠨᠦᠷ ᠶᠢᠡᠷ ᠡᠢ᠌ᠯᠦᠭ᠍ᠰᠡᠨ

ᠨᠢᠭᠡᠯᠭᠡᠨ ᠣᠨᠤᠭᠠᠨ ᠳᠤ ᠪᠠᠨ ᠶᠠᠪᠣᠭᠠᠤᠨ ᠢᠷᠡᠭᠡ ᠥᠭᠡᠢ

ᠠᠷᠤ ᠶᠢᠨ ᠪᠠᠷ᠎ᠠ ᠳᠤ ᠨᠢ ᠭᠡᠮᠰᠢᠯ ᠳᠠᠷᠢᠵᠤ

ᠠᠪᠣ ᠪᠠᠨ ᠥᠭᠡᠢ᠌ᠯᠡᠭ᠍ᠰᠡᠨ ᠣᠷᠳᠤ ᠰᠦᠨᠢ ᠶᠢᠨ ᠵᠤᠪᠠᠭᠤᠷᠢ

ᠴᠢ ᠪᠢ ᠠᠳᠠᠯᠢᠬᠠᠨ ᠪᠠᠯᠴᠢᠷ ᠊᠊᠊᠊᠊᠊᠊᠊᠊᠊᠊᠊᠊᠊᠊

ᠪᠢ ᠬᠠᠷᠢᠨ ᠪᠣᠭᠤᠷᠤᠯ ᠰᠢᠠᠵᠢ ᠲᠡᠶ ᠪᠣᠯᠴᠢᠬᠠᠯ᠎ᠠ ᠊᠊᠊᠊᠊᠊᠊᠊᠊᠊᠊᠊᠊᠊᠊ ᠰᠢᠯᠦᠭ᠌ ᠮᠢᠨᠤ

ᠠᠪᠣ ᠳᠤ ᠪᠠᠨ ᠣᠰᠤᠯ ᠲᠡᠶ

《ᠪᠣᠰ ᠡ》 ᠭᠡᠭᠦ ᠳᠤ ᠦᠳᠡ ᠪᠣᠯᠳᠠᠯ᠎ᠠ ᠣᠠᠳᠠᠳᠠᠭ ᠪᠠᠢ᠌ᠯ᠎ᠠ᠂

ᠠᠩ ᠳᠤ ᠴᠤ ᠶᠠᠪᠣᠬᠤ ᠳᠠᠮ ᠢ ᠰᠤᠷᠤᠶ᠎ᠠ ᠳ᠋ᠠ ᠊᠊᠊᠊᠊᠊᠊᠊᠊᠊᠊᠊᠊᠊᠊

ᠠᠷᠪᠠᠨ ᠨᠢ᠋ᠮᠠᠳᠠᠢ ᠴᠠᠯᠠᠭᠠᠢ ᠨᠠᠰᠤ ᠮᠢᠨᠢ᠂

ᠪᠢ ᠦᠪᠡᠷ ᠢ ᠪᠠᠨ ᠠᠭᠤᠴᠢᠯᠠᠬᠤ ᠦᠭᠡᠶ ︕

ᠭᠦᠤ ᠮᠢᠨᠢ ᠡᠯᠦᠡᠴᠡ ᠳᠤ ᠪᠠᠨ ᠵᠠᠪᠠᠯ ᠨᠢᠭᠡ ᠶᠢ ᠵᠢᠷᠤᠳᠠᠭ ᠭᠡᠨ᠎ᠡ᠂

ᠬᠠᠨ᠎ᠠ ᠶᠢᠨ ᠭᠤᠤᠯ ᠳᠤ ᠡᠯᠭᠦᠭᠡᠳᠡᠢ ᠭᠠᠭᠴᠠ ᠭᠦᠷᠦᠭ᠌ ᠢ ᠨᠢ

ᠳᠤᠯᠭ᠎ᠠ ᠳᠤ ᠪᠠᠨ ᠲᠦᠯᠦᠭ᠍ᠰᠡᠨ ᠡ᠂

ᠰᠦᠨᠠᠰᠤ ᠪᠠᠨ ᠠᠯᠳᠠ ᠭᠢᠷᠢ ᠳᠠᠷᠠ ᠰᠦᠨᠢ ᠊᠊᠊᠊᠊᠊᠊᠊᠊᠊᠊᠊᠊᠊᠊

ᠳᠡᠭᠡᠳᠦᠰ ᠲᠤ ᠪᠠᠨ ᠪᠢ ᠶᠠᠯ᠎ᠠ ᠨᠡᠮᠡᠷᠢᠯᠡᠭ᠍ᠰᠡᠨ ᠳᠤᠯᠤᠭᠠᠢ ᠊᠊᠊᠊᠊᠊᠊᠊᠊᠊᠊᠊᠊᠊᠊ ᠰᠢᠯᠦᠭ᠌ ᠮᠢᠨᠤ

ᠰᠦ᠋ ᠶᠢᠨ ᠦᠨᠦᠷ ᠲᠡᠶ ᠬᠤᠭᠤᠯᠠᠨ ᠭᠡᠷ ᠲᠤ

ᠬᠠᠭᠤᠷᠠᠢ ᠪᠠᠷ ᠪᠢ ᠭᠦᠯᠴᠦᠷᠡᠵᠤ

ᠳᠠᠨᠢᠳᠠᠭ ᠦᠭᠡᠶ ᠳᠠᠷᠠ ᠣᠯᠠᠨ ᠳᠤ

ᠡᠷᠡᠭᠡᠢ᠂ ᠳᠠᠭᠤᠨ ᠢ ᠰᠦᠷ ᠲᠡᠶ ᠴᠢᠯᠠᠭᠤᠳᠠᠭᠠᠤᠨ

《ᠢᠮᠠᠭ᠎ᠠ》 ᠶ᠋ᠢ 《ᠢᠯᠠᠭ᠎ᠠ》 ᠭᠡᠵᠤ ᠭᠤᠷᠪᠠ ᠳᠠᠪᠣ ᠳᠠᠪᠳᠠᠭᠠᠤᠨ

ᠰᠢᠷ᠎ᠠ ᠵᠠᠩᠭ᠋ᠣᠢ᠌ᠳᠠ ᠶᠢᠨ ᠦᠷᠢ ᠶᠢᠨ ᠬᠠᠭᠤᠳᠠᠰᠤᠨ ᠳ᠋ᠤ

ᠨᠠᠷ᠎ᠠ ᠪᠠᠨ ᠪᠦᠳᠦᠭᠦᠨ ᠳᠠᠷᠤᠭᠠᠤᠨ

ᠡᠨᠡ ᠡᠳᠦᠷ ᠤᠨ ᠨᠠᠷᠠ ᠲᠡᠶ ᠴᠠᠭ ᠢ ᠦᠳᠡᠨ᠎ᠠ ᠊᠊᠊᠊᠊᠊᠊᠊᠊᠊᠊᠊᠊᠊᠊ ᠰᠢᠯᠦᠭ᠌ ᠮᠢᠨᠤ

ᠳᠠᠯᠠᠩ ᠲᠡᠶ ᠠᠷᠭᠠᠯ ᠬᠤᠪᠣᠷᠳᠤᠭᠠᠤᠨ

ᠥᠭᠡᠰ ᠤᠨ ᠳᠤᠯᠢ ᠳᠤ ᠬᠠᠳᠠᠭᠳᠠᠵᠤ

ᠪᠠᠯᠴᠢᠭᠡᠷ ᠶᠢᠡᠨ ᠥᠭᠡᠢ᠌ᠯᠡᠭ᠍ᠰᠡᠨ ᠥᠨᠦᠴᠢᠨ ᠪᠢᠷᠠᠭᠤ

ᠰᠠᠷᠠᠯᠵᠢ ᠲᠡᠶ ᠳᠠᠷᠢᠶᠠᠨ ᠳᠤ ᠳᠤᠷᠭᠠᠭᠤᠭᠳᠠᠨ᠎ᠠ᠃

ᠬᠤᠳᠠ ᠡᠴᠠ ᠦᠷᠭᠦᠭᠡᠳ ᠵᠡᠭᠡᠯᠢ ᠳᠦᠭᠦᠷᠭᠡᠳᠡᠭ᠌

ᠶᠠᠪᠣᠳᠠᠭ ᠰᠠᠭᠤᠳᠠᠭ ᠠᠶᠠᠰ ᠊᠊᠊᠊᠊᠊᠊᠊᠊᠊᠊᠊᠊᠊᠊ ᠠᠶᠠᠰ ᠲᠡᠶ

ᠭᠦᠤ ᠊᠊᠊᠊᠊᠊᠊᠊᠊᠊᠊᠊᠊᠊᠊ ᠬᠡᠦᠬᠡᠳ ᠶᠢᠡᠨ ᠳᠠᠨᠢᠵᠤ ᠶᠠᠳᠠᠭᠠᠤᠨ

ᠬᠤᠯᠢᠮᠠᠭ ᠭᠡᠯᠡ ᠲᠡᠶ ᠭᠡᠳᠦᠭᠡᠨ ᠥᠭᠡᠨ ᠤ ᠭᠢᠨ

ᠰᠠᠨᠠᠭ᠎ᠠ ᠶᠢ ᠨᠢ ᠣᠯᠤᠭ᠎ᠠ ᠦᠭᠡᠶ ᠪᠢ ᠬᠤᠴᠤᠷᠤᠨ᠎ᠠ ᠊᠊᠊᠊᠊᠊᠊᠊᠊᠊᠊᠊᠊᠊᠊ ᠰᠢᠯᠦᠭ᠌ ᠮᠢᠨᠤ


ᠠᠰᠠᠷ ᠤᠨ ᠭᠤᠳᠤᠮ ᠳᠤ ᠥᠢᠮᠡᠭᠡᠨ ᠦᠷᠭᠦᠯᠵᠢᠯᠡᠭᠦ ᠳ᠋ᠤ

ᠨᠣᠢ᠌ᠷ ᠤᠨ ᠴᠢᠳᠭᠦᠷ ᠵᠢᠯᠢ᠌ᠭᠡᠳ

ᠳᠠᠷ᠎ᠠ ᠶᠢᠨ ᠬᠠᠵᠠᠭᠤ ᠳᠤ ᠭᠤᠯᠢᠶ᠎ᠠ ᠵᠢᠷᠭᠢᠭᠦ ᠪᠠᠷ

ᠨᠠᠮᠤᠷ ᠴᠠᠭ ᠢ ᠮᠠᠳᠠᠪᠠ᠃

ᠡᠮᠦᠨᠡᠳᠤ ᠶᠢᠨ ᠭᠠᠯᠠᠭᠤ ᠪᠣᠴᠠᠳᠠᠭ ᠪᠠᠢ᠌ᠭᠰᠠᠨ ᠵᠦᠪ᠂

ᠮᠢᠨᠤ ᠠᠯᠠᠭ᠎ᠠ ᠭᠢᠷᠢ ᠨᠠᠭᠤᠷ ᠳᠤ

ᠵᠤᠯᠵᠠᠭ᠎ᠠ ᠳᠠᠷᠤᠭᠠᠤᠨ ᠪᠣᠰᠬᠤ ᠪᠠᠨ ᠪᠠᠢ᠌ᠯ᠎ᠠ ᠊᠊᠊᠊᠊᠊᠊᠊᠊᠊᠊᠊᠊᠊᠊

ᠳᠡᠭ᠍ᠷᠢ ᠮᠢᠨᠢ ᠡ᠂ ᠪᠢ ᠴᠢᠮ᠎ᠠ ᠶᠢ ᠶᠠᠭᠠᠭᠢᠵᠤ ᠠᠷᠠᠴᠢᠯᠠᠶ᠎ᠠ ᠳ᠋ᠠ

ᠭᠠᠷ ᠳᠠᠳᠠᠭᠤ᠂ ᠠᠮᠢᠳᠠᠤᠨ ᠲᠤ ᠡᠭᠡᠯᠢ ᠲᠡᠶ ᠮᠢᠨᠤ

ᠵᠠᠯᠠᠭᠤ ᠠᠷᠠᠠᠰᠢᠨ ᠤ ᠠᠷᠳᠠᠭ ᠭᠦᠯᠦᠭ᠌ ᠊᠊᠊᠊᠊᠊᠊᠊᠊᠊᠊᠊᠊᠊᠊

ᠰᠢᠯᠦᠭ᠌ ᠮᠢᠨᠢ᠂ ᠰᠢᠯᠦᠭ᠌ ᠮᠢᠨᠤ ︕


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠪᠤᠶᠠᠨ‍ᠬᠡᠰᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2011 ᠤᠨ ᠤ 08 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ