☆ ᠳᠡᠭ᠍ᠷᠢᠡᠰᠡᠯᠭᠢ
ᠦᠨ᠎ᠡ ᠦᠭᠡᠶ ᠬᠤᠩᠰᠢᠶᠠᠷ
ᠡᠷᠭᠡᠨ ᠤ ᠶᠡᠭᠡ ᠶᠢ ᠣᠯᠪᠠᠯ
ᠡᠭᠡᠯ ᠠᠷᠠᠤᠨ ᠶᠢᠡᠨ ᠬᠠᠢ᠌ᠷᠠᠯᠠ ︕
ᠡᠳ᠋ ᠤᠨ ᠡᠯᠪᠠᠭ᠌ ᠢ ᠣᠯᠪᠠᠯ
ᠥᠭᠡᠢ᠌ᠭᠦᠤ ᠶᠠᠳᠠᠭᠤ ᠶᠢ ᠳᠠᠮᠵᠢ︕
ᠡᠷᠳᠡᠮ ᠤᠨ ᠭᠦᠨ ᠢ ᠰᠤᠷᠪᠠᠯ
ᠦᠨᠳᠦᠰᠦᠳᠠᠨ ᠲᠦᠮᠡᠨ ᠳᠤ ᠪᠠᠨ ᠵᠢᠦᠡᠭᠦ︕
ᠰᠦ᠋ ᠲᠡᠶ ᠴᠠᠢ ᠣᠤᠭᠤᠪᠠᠯ
ᠡᠵᠢ ᠪᠠᠨ ᠤᠷᠢᠳ ᠶᠢᠡᠷ ᠰᠠᠨᠠᠭᠠᠯᠵᠠ︕
ᠰᠠᠢ᠌ᠨ ᠠᠷᠢᠭᠢ ᠪᠠᠯᠭᠤᠪᠠᠯ
ᠠᠪᠣ ᠪᠠᠨ ᠳᠡᠷᠢᠭᠦᠨ ᠳᠤ ᠳᠤᠷᠠᠰᠤ︕
ᠦᠨᠡᠨ ᠰᠠᠢ᠌ᠨ ᠥᠭᠡ ᠪᠠᠷ
ᠦᠷ᠎ᠡ ᠬᠡᠦᠬᠡᠳ ᠶᠢᠡᠨ ᠰᠤᠷᠭ᠎ᠠ︕
ᠦᠨᠳᠦᠷ ᠨᠠᠷᠢᠨ ᠳᠠᠰᠢᠭᠤᠷ ᠵᠢᠠᠷ
ᠦᠵᠡᠯ ᠮᠠᠭᠤᠳᠤ ᠶᠢ ᠵᠠᠯᠬᠠᠭ᠎ᠠ︕
ᠮᠦᠩᠭᠦ ᠪᠣᠯᠤᠨ ᠥᠩᠭᠡᠨ ᠳ᠋ᠤ
ᠮᠥᠭᠦᠵᠤ ᠰᠥᠨᠦᠭᠦ ᠪᠠᠨ ᠰᠡᠷᠭᠡᠢ᠌ᠯᠡ︕
ᠮᠥᠯᠵᠢᠭᠦ ᠪᠣᠯᠤᠨ ᠳᠠᠷᠤᠯᠠᠬᠤ ᠵᠢ
ᠮᠦᠨ ᠡᠭᠦᠷᠢᠳᠡ ᠴᠡᠭᠡᠷᠯᠡ︕
ᠠᠯᠪᠠᠨ ᠠᠵᠢᠯ ᠭᠢᠪᠠᠯ
ᠠᠷᠢᠭᠢᠨ ᠡᠴᠡ ᠪᠠᠭᠠᠬᠠᠨ ᠵᠠᠢ᠌ᠳᠠ︕
ᠠᠬᠤᠢ ᠪᠠᠢ᠌ᠭᠠᠯᠢ ᠳᠤ ᠣᠷᠤᠪᠠᠯ
ᠠᠪᠠ ᠶᠢᠨ ᠫᠣᠤ ᠪᠠᠨ ᠬᠤᠷᠢᠶ᠎ᠠ︕
ᠠᠭᠤᠷᠬᠠᠢ᠌ᠯᠠᠵᠤ ᠪᠠᠢ᠌ᠬᠤ ᠡᠴᠡ
ᠣᠰᠤ ᠶᠢ ᠢᠯᠡᠭᠦᠤ ᠭᠠᠮᠨᠠ︕
ᠣᠷᠭᠤᠵᠤ ᠪᠠᠢ᠌ᠬᠤ ᠡᠴᠡ
ᠮᠤᠳᠤ ᠶᠢ ᠢᠯᠡᠭᠦᠤ ᠬᠠᠢ᠌ᠷᠠᠯᠠ︕
ᠣᠯᠠᠨ ᠤ ᠬᠠᠷᠢᠶᠠᠯ ᠢ ᠢᠳᠠᠪᠠᠯ
ᠣᠯᠢᠭ ᠦᠭᠡᠶ ᠶᠠᠪᠣᠭᠰᠠᠨ ᠶᠢᠡᠨ ᠳᠠᠨᠢ︕
ᠣᠯᠠᠭᠠᠨ ᠳᠤᠭᠤᠰᠤ ᠳᠡᠭ᠍ᠳᠡᠪᠠᠯ
ᠣᠷᠴᠢᠯ ᠢ ᠡᠪᠳᠡᠭ᠍ᠰᠡᠨ ᠶᠢᠡᠨ ᠮᠠᠳᠠᠷᠠ︕
ᠥᠷᠢᠰᠦᠯᠳᠦᠭᠡᠨ ᠶᠡᠭᠡᠳᠡᠢ ᠨᠡᠢ᠌ᠭᠡᠮ ᠳ᠋ᠤ
ᠦᠯᠮᠠᠢ ᠳᠤᠭᠳᠠᠬᠤ ᠶᠢ ᠰᠤᠷ︕
ᠦᠨᠡᠨ ᠵᠢᠷᠤᠮ ᠬᠤᠶᠠᠷ ᠊ᠤᠨ
ᠦᠨ᠎ᠡ ᠪᠠᠨ᠎ᠠ ᠳᠤ ᠰᠢᠳᠤ︕
ᠳᠤᠩᠭ᠋ᠠᠯᠠᠭ ᠳᠦᠯᠭᠡᠨ ᠨᠠᠭᠤᠷ ᠳᠤ
ᠴᠢᠯᠠᠭᠤ ᠰᠢᠳᠡᠭᠦ ᠪᠠᠨ ᠪᠠᠢ︕
ᠳᠤᠭᠳᠠᠭᠤᠨ ᠠᠮᠤᠭᠤᠯᠠᠩ ᠨᠡᠢ᠌ᠭᠡᠮ ᠳ᠋ᠤ
ᠳᠤᠯᠤᠭᠠᠨ ᠭᠢᠭᠦ ᠪᠠᠨ ᠵᠤᠭᠰᠤ︕
ᠬᠤᠪᠯᠠᠵᠤ ᠪᠢᠯᠳᠠᠤᠴᠢᠯᠠᠬᠤ ᠵᠢ
ᠭᠡᠵᠢᠶ᠎ᠡ ᠴᠤ ᠪᠦᠷ ᠳᠠᠪᠴᠢ︕
ᠬᠤᠷᠤᠭᠤ ᠭᠢᠮᠤᠰᠤ ᠭᠦᠳᠡᠯᠭᠡᠭᠦ ᠵᠢ
ᠭᠡᠨ ᠴᠤ ᠪᠦᠷ ᠵᠢᠭ᠍ᠰᠢ︕
ᠬᠠᠷᠢᠯᠴᠠᠵᠤ ᠶᠠᠪᠣᠯᠴᠠᠬᠤ ᠳᠤᠮᠳᠠ ᠪᠠᠨ
ᠭᠦᠩᠭᠡᠨ ᠳᠠᠷᠤᠤ ᠪᠠᠢ︕
ᠬᠤᠳᠠᠯ ᠦᠨᠡᠨ ᠲᠡᠶ ᠬᠤᠷᠸ᠎ᠠ ᠳ᠋ᠤ
ᠭᠦᠮᠤᠨ ᠮᠦᠰᠤ ᠪᠠᠷ ᠠᠮᠢᠳᠤᠷᠠ︕
ᠭᠡᠯᠡ ᠪᠣᠯᠤᠨ ᠰᠤᠶᠤᠯ ᠶᠢᠡᠨ
ᠬᠣᠢ᠌ᠴᠢ ᠦᠶ᠎ᠡ ᠳᠤ ᠪᠠᠨ ᠵᠠᠭᠠᠮᠵᠢᠯᠠ︕
ᠭᠦᠭᠡ ᠮᠤᠩᠭ᠋ᠤᠯ ᠤᠨ ᠠᠯᠳᠠᠷ ᠵᠢᠠᠨ
ᠭᠦᠮᠤᠨ ᠤᠨ ᠣᠷᠴᠢᠯᠠᠩ ᠳᠤ ᠳᠠᠭᠤᠷᠢᠰᠤᠭᠤᠯ︕
ᠭᠡᠰᠡᠭ᠌ ᠬᠠᠷ᠎ᠠ ᠡᠭᠦᠯᠡᠨ ᠡᠴᠡ
ᠭᠡᠮᠵᠢᠶ᠎ᠡ ᠲᠡᠶ ᠪᠣᠷᠤᠭᠠᠨ ᠣᠷᠤᠨ᠎ᠠ᠂
ᠭᠡᠯᠡᠭᠡᠢ ᠴᠠᠯᠴᠢᠶ᠎ᠠ ᠠᠮᠠᠨ ᠡᠴᠡ
ᠭᠡᠷᠡᠭ᠌ ᠦᠭᠡᠶ ᠥᠭᠡ ᠭᠠᠷᠤᠨ᠎ᠠ︕
ᠪᠣᠷᠤᠭᠤ ᠲᠡᠶ ᠨᠤᠮ ᠪᠣᠯ ᠶᠠᠭᠠᠭᠢᠮᠠᠢ
ᠪᠣᠷᠬᠠᠨ ᠤ ᠪᠣᠯᠤᠭᠰᠠᠨ ᠴᠤ ᠣᠷᠭᠢ︕
ᠪᠦᠳᠦᠯ ᠦᠭᠡᠶ ᠳᠠᠷᠨᠢ ᠪᠣᠯ ᠶᠠᠭᠠᠭᠢᠮᠠᠢ
ᠪᠣᠩ ᠤᠨ ᠪᠣᠯᠤᠭᠰᠠᠨ ᠴᠤ ᠣᠩᠰᠢ︕
ᠵᠤᠬᠢᠶᠠᠭᠴᠢ ᠶᠢᠨ ᠬᠠᠶᠢᠭ ᠄ ᠵᠠᠰᠠᠭᠳᠤ ᠬᠤᠰᠢᠭᠤ
ᠵᠤᠬᠢᠶᠠᠭᠴᠢ᠄ ᠳᠡᠭ᠍ᠷᠢᠡᠰᠡᠯᠭᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2648
ᠴᠠᠭ᠄ 2010 ᠤᠨ ᠤ 01 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ