☆ ᠰᠢᠶᠧ ᠴᠢᠩ ᠱᠠᠨ
ᠰᠤᠯᠠ ᠳᠠᠳᠠᠯᠭ᠎ᠠ
1
ᠪᠣᠰᠤᠭ᠎ᠠ ᠥᠰᠦᠭ᠌ ᠢ
ᠭᠡᠪᠳᠡᠭᠦᠯᠵᠤ ᠪᠢᠴᠢᠭ᠍ᠰᠡᠨ ᠳᠤ
ᠪᠣᠳᠤᠯ ᠪᠣᠯᠵᠤ ᠪᠢ
ᠪᠦᠳᠦᠷᠢᠵᠤ ᠳᠡᠭᠡᠷ᠎ᠡ ᠨᠢ ᠣᠢ᠌ᠴᠢᠪᠠ
2
ᠡᠭᠡ ᠭᠡᠯᠡᠨ ᠤ ᠪᠠᠨ ᠭᠦᠡᠳᠦᠴᠡ ᠶᠢ
ᠭᠡᠮᠵᠢᠵᠤ ᠥᠵᠡᠭᠦ ᠭᠡᠳ
ᠭᠡᠳᠥᠴᠢᠨᠡᠭᠡᠨ ᠡᠷᠢᠭᠡᠳ
ᠭᠡᠮᠵᠢᠭᠦᠷ ᠣᠯᠤᠭᠰᠠᠨ ᠦᠭᠡᠶ
3
ᠥᠴᠦᠭᠡᠳᠦᠷ ᠶᠠᠮᠠᠷ ᠪᠣᠢ︖ ᠭᠡᠵᠤ
ᠦᠨᠦᠳᠤᠷ ᠡᠴᠡ ᠠᠰᠠᠭᠤᠬᠤ ᠳᠤ
ᠦᠨᠦᠳᠤᠷ ᠪᠣᠷᠤᠭᠤ ᠬᠠᠠᠳᠤᠵᠤ ᠣᠭᠢᠯᠠᠪᠠ
ᠣᠨᠠᠬᠤ ᠨᠢᠯᠪᠣᠰᠤ ᠪᠠᠷ ᠨᠢ ᠮᠠᠷᠭᠠᠰᠢ
ᠡᠮ ᠤᠨ ᠭᠦᠯᠭᠡ ᠭᠢᠭᠦ ᠭᠡᠵᠤ
ᠵᠢᠷᠦᠭᠡᠨ ᠴᠢᠰᠤ ᠪᠠᠷ ᠶᠢᠡᠨ ᠰᠢᠩᠭᠡᠯᠡᠨ᠎ᠡ
4
ᠥᠴᠦᠭᠡᠳᠦᠷ ᠤᠨ ᠵᠠᠮ ᠶᠢᠡᠨ
ᠨᠢᠯᠪᠣᠰᠤ ᠪᠠᠷ ᠪᠢᠴᠢᠭ᠍ᠰᠡᠨ ᠭᠦᠮᠤᠨ
ᠮᠠᠷᠭᠠᠰᠢ ᠶᠢᠨ ᠠᠶᠠᠨ ᠶᠢᠡᠨ
ᠢᠨᠢᠶᠠᠳᠤ ᠪᠠᠷ ᠣᠩᠰᠢᠨ᠎ᠠ
5
ᠥᠭᠡᠷ ᠳᠡᠷᠭᠡ ᠪᠠᠷ
ᠳᠠᠤᠯᠠᠢ ᠭᠦᠭᠡᠭᠡᠭᠦ ᠳᠤ
ᠡᠮᠦᠨᠡᠭᠢ ᠠᠩ ᠴᠢᠨᠢ
ᠥᠷᠦᠭᠡᠯ ᠤᠨ ᠭᠠᠠᠵᠤᠭᠠᠨ ᠳᠤ
ᠦᠨᠢ ᠮᠥᠩᠭᠡ ᠶᠢᠨ
ᠬᠠᠷᠠᠮᠰᠠᠯ ᠶᠢᠡᠨ ᠭᠡᠯᠡᠵᠤ ᠵᠠᠪᠳᠤᠯ ᠦᠭᠡᠶ
ᠴᠢᠮ᠎ᠠ ᠶᠢ ᠬᠠᠷᠠᠵᠤ
ᠴᠢᠰᠤ ᠪᠠᠷ ᠣᠭᠢᠯᠠᠨ᠎ᠠ
6
ᠠᠷᠤᠠᠰᠢ ᠪᠠᠨ ᠡᠷᠭᠢᠵᠤ
ᠠᠯᠬᠤᠭᠰᠠᠨ ᠮᠦᠷ ᠶᠢᠡᠨ ᠬᠠᠷᠠᠬᠤ ᠳᠤ
ᠨᠠᠮ᠎ᠠ ᠶᠢ ᠡᠭᠦᠷᠴᠤ ᠳᠡᠢ᠌ᠯᠭᠦ ᠦᠭᠡᠶ
ᠠᠮᠢᠰᠬᠤᠯ ᠳᠠᠪᠬᠤᠴᠠᠨ᠎ᠠ
7
ᠬᠠᠤᠯᠢ ᠶᠢ ᠪᠢ
ᠬᠤᠷᠢᠮ ᠳᠠᠭᠠᠨ ᠵᠠᠯᠠᠭᠰᠠᠨ ᠳᠤ
ᠬᠠᠬᠤᠤᠯᠢ ᠶᠢᠨ ᠳᠡᠷᠭᠡ ᠪᠠᠷ
ᠬᠣᠢ᠌ᠨ᠎ᠠ ᠬᠣᠢ᠌ᠨ᠎ᠠ ᠡᠴᠡ ᠪᠠᠨ ᠴᠤᠪᠣᠷᠠᠵᠤ
ᠬᠤᠷᠤᠭ᠎ᠠ ᠪᠠᠭᠳᠠᠬᠤ ᠦᠭᠡᠶ ᠪᠣᠯᠪᠠ
8
ᠪᠣᠷᠬᠠᠨ ᠳᠤ
ᠠᠷᠢᠭᠢ ᠰᠥᠩᠨᠡᠭᠦ ᠳᠤ
ᠴᠢᠦᠡᠭᠦᠷ ᠣᠷᠢᠳᠠᠪᠠᠷ
ᠰᠤᠭᠳᠤᠪᠠ
ᠪᠣᠳᠤᠯ ᠪᠣᠯᠵᠤ ᠪᠢ
ᠪᠣᠰᠴᠤ ᠳᠡᠢ᠌ᠯᠭᠦ ᠦᠭᠡᠶ
ᠰᠤᠭᠳᠤᠪᠠ
13
ᠦᠨᠡᠨ ᠤ ᠡᠭᠦᠳᠡ ᠳᠤ
ᠣᠨᠢᠰᠤ ᠲᠡᠶ
ᠬᠤᠳᠠᠯ ᠤᠨ ᠬᠠᠭᠠᠯᠭ᠎ᠠ ᠳᠤ
ᠳᠦᠯᠭᠢᠭᠦᠷ ᠲᠡᠶ
14
ᠦᠨᠡᠨ ᠢ ᠭᠡᠯᠡᠭ᠍ᠰᠡᠨ ᠭᠦᠮᠤᠨ ᠳᠤ
ᠥᠭᠦᠭᠦ ᠶᠠᠯ᠎ᠠ ᠦᠭᠡᠶ
ᠡᠳᠦᠷ ᠪᠦᠷᠢ
ᠬᠠᠷ᠎ᠠ ᠣᠰᠤ ᠪᠠᠷ ᠬᠤᠭᠤᠯᠠᠯᠠᠨ᠎ᠠ
15
ᠴᠠᠭ ᠤᠨ ᠥᠩᠭᠡ
ᠭᠦᠨᠡᠢ᠌ᠭᠢ
ᠴᠢᠷᠠᠢ ᠶᠢᠨ ᠥᠩᠭᠡ
ᠮᠢᠨᠤᠭᠢ
ᠵᠤᠬᠢᠶᠠᠭᠴᠢ᠄ ᠰᠢᠶᠧ ᠴᠢᠩ ᠱᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2009 ᠤᠨ ᠤ 06 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ