ᠨᠡᠪᠲᠡᠷᠡᠨ ᠤᠷᠤᠬᠤ
ᠰᠡᠭᠦᠳᠡᠷ

    ᠨᠢᠭᠡ


ᠪᠠᠯᠭᠠᠷ ᠭᠤᠸᠠᠢ ᠠᠭᠠᠯᠵᠢ ᠶᠢᠨ ᠥᠭᠡᠰᠢ ᠳᠤ ᠣᠷᠢᠶᠠᠭᠳᠠᠴᠢᠬᠠᠭᠠᠤᠨ ᠰᠠᠯᠵᠤ ᠪᠣᠯᠬᠤ ᠦᠭᠡᠶ ᠵᠤᠪᠠᠵᠤ ᠪᠠᠢ᠌ᠨ᠎ᠠ ᠭᠡᠮᠡᠨ ᠵᠡᠭᠦᠳᠦᠯᠡᠭᠡᠳ ᠰᠤᠴᠢᠨ ᠰᠠᠷᠠᠪᠠ᠃ ᠭᠡᠷ ᠳᠤᠳᠤᠷ᠎ᠠ ᠨᠢᠳᠤᠨ ᠳᠤ ᠬᠤᠷᠤᠭᠤ ᠳᠦᠷᠤᠪᠠᠴᠤ ᠥᠵᠡᠭ᠍ᠳᠡᠭᠦ ᠦᠭᠡᠶ ᠭᠡᠮᠡᠷ ᠬᠠᠪ ᠬᠠᠷᠠᠩᠭ᠋ᠤᠢ᠃ ᠪᠣᠳᠤᠪᠠᠯ ᠪᠠᠷᠤᠭ ᠦᠣᠷ ᠰᠦᠨᠢ ᠶᠢᠨ ᠥᠨᠡᠭᠡᠨ ᠬᠠᠷᠠᠩᠭ᠋ᠤᠢ ᠪᠣᠯᠤᠭᠠᠤᠨ ᠪᠠᠢ᠌ᠬ᠎ᠠ᠃ ᠡᠯᠳᠡᠪ ᠤᠨ ᠪᠣᠳᠤᠯ ᠳᠤ ᠠᠪᠳᠠᠨ ᠪᠠᠢ᠌ᠭᠰᠠᠭᠠᠷ ᠣᠷᠣᠢ᠌ᠳᠠᠵᠤ ᠣᠠᠳᠠᠭᠰᠠᠨ ᠶᠢᠡᠨ ᠮᠠᠳᠠᠨ᠎ᠡ᠃ ᠭᠠᠳᠠᠨᠠᠭᠢ ᠪᠦᠭᠦᠢᠯᠡ ᠶ‍ᠢᠷᠳᠢᠠᠴᠤ ᠳᠤᠭ ᠨᠣᠢ᠌ᠷ ᠲᠠᠭᠠᠨ ᠳᠠᠷᠤᠭᠳᠠᠭᠠᠤᠨ ᠪᠦᠭᠡᠰᠤ ᠨᠢᠰᠠᠯᠪᠠᠴᠤ ᠰᠤᠨᠤᠰᠳᠠᠮᠠᠷ ᠲᠤᠢ᠌ᠯ ᠤᠨ ᠨᠠᠮ ᠰᠡᠯᠡᠭᠦᠨ᠃ ᠪᠦᠰᠡᠭᠦᠢ ᠨᠢ ᠬᠠᠵᠠᠭᠤ ᠳᠤ ᠨᠢ ᠵᠥᠭᠡᠯᠡᠨ ᠠᠮᠢᠰᠬᠤᠨ ᠳᠠᠢ᠌ᠪᠣᠩ ᠣᠠᠳᠠᠨ᠎ᠠ᠃ ᠰᠡᠳᠭᠢᠯ ᠠᠮᠤᠷ ᠪᠣᠯ ᠪᠠᠶ᠎ᠠ ᠠᠮᠤᠷ ᠭᠡᠵᠤ ᠭᠡᠯᠡᠳᠡᠭ᠌ ᠳ᠋ᠠ᠂ ᠰᠡᠳᠭᠢᠯ ᠤᠨ ᠡᠪᠡᠳᠴᠢᠨ ᠦᠭᠡᠶ ᠭᠦᠮᠤᠨ ᠢᠩᠭᠡᠵᠤ ᠣᠠᠳᠠᠵᠤ ᠠᠮᠠᠷᠠᠬᠤ ᠨᠢ ᠵᠦᠪ ᠡ᠃ ᠪᠠᠯᠭᠠᠷ ᠭᠤᠸᠠᠢ ᠰᠠᠶ‍ᠢ ᠶᠢᠨ ᠵᠡᠭᠦᠳᠤ ᠪᠠᠨ ᠡᠷᠭᠢᠴᠡᠭᠦᠯᠤᠨ ᠪᠣᠳᠤᠪᠠ᠃ ᠶᠠᠭᠠᠭᠢᠵᠤ ᠪᠣᠳᠤᠭᠰᠠᠨ ᠴᠤ ᠨᠢᠭᠡ ᠯᠠ ᠮᠠᠭᠤ ᠢᠷᠸ᠎ᠠ ᠶᠢᠨ ᠰᠤᠪᠢᠩ ᠳᠠᠳᠠᠭᠠᠤᠨ ᠪᠣᠯᠵᠤ ᠥᠭ᠍ᠳᠡᠭ᠌ ᠦᠭᠡᠶ᠃ ᠮᠤᠩᠭ᠋ᠤᠯ ᠭᠦᠮᠤᠨ ᠠᠭᠠᠯᠵᠢ ᠶᠢᠨ ᠳᠤᠬᠠᠢ ᠵᠡᠭᠦᠳᠦᠯᠡᠪᠠᠯ ᠮᠠᠭᠤ ᠣᠴᠢᠷ ᠳᠠᠭᠠᠷᠠᠬᠤ ᠶᠢᠨ ᠳᠤᠭᠢᠶ᠎ᠠ ᠭᠡᠵᠤ ᠭᠡᠯᠡᠳᠡᠭ᠌᠃ ᠡᠭᠦᠨ ᠡᠴᠡ ᠥᠵᠡᠭᠦ ᠳᠤ ᠦᠨᠦᠭᠢ ᠡᠮ᠎ᠡ ᠶᠢᠨ ᠦᠴᠦᠭᠡᠳᠦᠷ ᠢᠷᠡᠭᠦᠯᠦᠭ᠍ᠰᠡᠨ ᠣᠳᠠᠰᠤ ᠯᠠᠪ ᠵᠥᠭᠡᠷ ᠶᠠᠭᠤᠮ᠎ᠠ ᠪᠢᠰᠢ᠂ ᠰᠠᠨᠠᠭ᠎ᠠ ᠶᠢ ᠨᠢ ᠢᠳᠡᠭᠦ ᠰᠠᠭᠠᠤᠨ ᠲᠡᠶ ᠣᠴᠢᠷ ᠲᠤ ᠣᠷᠢᠶᠠᠭᠳᠠᠭᠠᠤᠨ ᠪᠠᠢ᠌ᠬᠤ ᠨᠢ ᠢᠯᠡᠭᠡᠨ ᠪᠠᠢ᠌ᠨ᠎ᠠ᠃ ᠣᠯᠠᠨ ᠥᠭᠡ ᠭᠡᠭᠡᠷ᠎ᠡ ᠬᠤᠨᠤᠭᠤᠯᠤᠨ᠎ᠡ᠂ ᠣᠰᠤᠨ ᠪᠦᠭ᠍ᠰᠡ ᠭᠡᠷᠡᠭ᠌ ᠲᠤ ᠣᠨᠠᠭᠠᠨ᠎ᠠ ᠭᠡᠳᠡᠭ᠌ ᠦᠨᠡᠨ ᠠᠵᠢ ︕ ᠶᠠᠮᠠᠷ ᠮᠠᠭᠤ ᠭᠠᠢ ᠪᠠᠷ ᠴᠢᠳᠭᠦᠷ ᠤᠨ ᠳᠠᠷᠠ ᠡᠮ᠎ᠡ ᠲᠡᠶ ᠨᠥᠭᠦᠴᠡᠪᠡ ᠭᠡᠵᠤ ᠪᠣᠳᠤᠬᠤ ᠳᠤ ᠪᠠᠯᠭᠠᠷ ᠤᠨ ᠰᠡᠳᠭᠢᠯ ᠳᠤ ᠬᠠᠷ᠎ᠠ ᠪᠠᠭᠤᠨ ᠪᠠᠭᠠᠯᠵᠤᠷ ᠲᠤ ᠨᠢ ᠰᠢᠯᠤᠰᠤ ᠴᠤ ᠣᠷᠤᠬᠤ ᠵᠠᠢ ᠦᠭᠡᠶ ᠵᠠᠩᠭᠢᠷᠴᠤ ᠬᠠᠭᠤᠷᠠᠢ ᠭᠠᠰᠠᠯᠪᠠ᠃ ᠶᠠᠪᠣᠵᠤ ᠶᠠᠪᠣᠵᠤ ᠥᠳᠡᠯᠭᠦ ᠶᠢᠨ ᠳᠠᠪᠠᠭᠠᠨ ᠳᠡᠭᠡᠷ᠎ᠡ ᠡᠮ᠎ᠡ ᠶᠢᠨ ᠭᠡᠷᠡᠭ᠌ ᠲᠤ ᠣᠨᠠᠵᠤ᠂ ᠨᠠᠷ᠎ᠠ ᠨᠢᠭᠤᠷ ᠶᠢᠡᠨ ᠪᠠᠷᠠᠬᠤ ᠰᠢᠭ ᠰᠢᠪᠰᠢᠭ᠍ᠳᠡᠢ ᠣᠴᠢᠷ ᠪᠠᠢ᠌ᠬᠤ ᠦᠭᠡᠶ᠃ ᠵᠠᠯᠠᠭᠤ ᠪᠠᠢ᠌ᠭᠰᠠᠨ ᠪᠣᠯ ᠶᠠᠭᠠᠭᠢᠬᠤ ᠪᠣᠢ᠂ ᠴᠠᠭ ᠵᠠᠭᠤᠷ᠎ᠠ ᠶᠢᠨ ᠡ᠊ᠨᠳᠡᠭᠦᠷᠡᠯ ᠡᠴᠡ ᠪᠣᠯᠤᠭᠠᠤᠨ ᠭᠦᠯ ᠠᠯᠳᠠᠭᠰᠠᠨ ᠪᠠᠢ᠌ᠵᠤ ᠪᠣᠯᠤᠨ᠎ᠡ᠃ ᠭᠡᠳᠡᠯ᠎ᠡ ᠮᠠᠯᠠᠭᠠᠢ ᠪᠠᠨ ᠳᠠᠭᠠᠭᠠᠵᠤ ᠶᠠᠳᠠᠮᠠᠷ ᠭᠦᠭ᠍ᠰᠢᠨ ᠡᠪᠦᠭᠡᠨ ᠪᠣᠯᠴᠢᠬᠠᠭᠠᠤᠨ ᠡᠮ᠎ᠡ ᠶᠢᠨ ᠡᠪᠦᠷ ᠲᠤ ᠰᠢᠷᠭᠤᠵᠤ᠂ ᠬᠡᠦᠬᠡᠳ ᠤᠨ ᠨᠠᠭᠠᠳᠤᠮ ᠪᠣᠯᠤᠯ᠎ᠠ ᠭᠡᠪᠠᠯ ᠭᠡᠨ ᠢᠳᠡᠭᠡᠭᠦ ᠪᠢᠯᠠ ⁈ ᠢᠳᠡᠭᠡᠭᠦ ᠪᠠᠷ ᠪᠣᠳᠤᠪᠠᠴᠤ ᠵᠠᠯᠠᠭᠤ ᠳᠠᠭᠠᠨ ᠵᠠᠮ ᠶᠢᠡᠨ ᠭᠡᠭᠡᠭ᠍ᠰᠡᠨ ᠦᠭᠡᠶ ᠪᠠᠯᠭᠠᠷ ᠭᠦᠭ᠍ᠰᠢᠷᠡᠭᠡᠳ ᠵᠦᠨᠤᠵᠤ᠂ ᠭᠦᠮᠤᠨ ᠡᠴᠡ ᠪᠠᠨ ᠭᠠᠷᠤᠯ᠎ᠠ ᠭᠡᠵᠤ ᠬᠤᠰᠢᠭᠤ ᠪᠠᠷ ᠶᠢᠡᠨ ᠱᠤᠤᠭᠢᠬᠤ ᠪᠢᠵᠠ᠃ ᠱᠤᠤᠭᠢᠭᠠᠤᠨ ᠵᠤᠭᠰᠤᠬᠤ ᠦᠭᠡᠶ ᠪᠠᠯᠭᠠᠷ ᠪᠢ ᠦᠪᠡᠷ ᠤᠨ ᠨᠢᠭᠤᠷ ᠶᠢᠡᠨ ᠦᠪᠡᠷ ᠶᠢᠡᠨ ᠭᠦᠳᠡᠨ ᠣᠯᠠᠨ ᠤ ᠳᠤᠮᠳᠠ ᠢᠳᠡᠭᠡᠯ ᠭᠦᠡᠳᠤ ᠪᠠᠨ ᠭᠠᠭᠴᠠᠮᠤᠰᠤᠨ ᠪᠠᠷᠠᠵᠤ ᠭᠦᠢᠴᠡᠭᠦ ᠨᠢ ᠳᠠᠷᠠ ᠡ᠃ ᠪᠣᠳᠤᠬᠤ ᠳᠤᠰᠤᠮ ᠡᠭᠡᠳᠡᠷᠡᠭᠡ ᠨᠢ ᠳᠠᠢ᠌ᠯᠤᠭᠳᠠᠬᠤ ᠦᠭᠡᠶ ᠪᠢᠳᠡᠭᠦᠤ ᠣᠨᠢᠰᠤᠭ᠎ᠠ ᠰᠢᠭ ᠶᠠᠭᠤᠮ᠎ᠠ ᠬᠣᠢ᠌ᠨ᠎ᠡ ᠬᠣᠢ᠌ᠨ᠎ᠡ ᠡᠴᠡ ᠪᠠᠨ ᠰᠤᠪᠣᠷᠠᠵᠤ ᠳᠡᠭᠦᠨ ᠤ ᠳᠠᠷᠢᠭᠢ ᠶᠢ ᠪᠣᠴᠠᠯᠭᠠᠨ ᠰᠡᠳᠭᠢᠯ ᠢ ᠳᠠᠷᠴᠢᠯᠭᠠᠨ᠎ᠠ᠃

ᠪᠠᠯᠭᠠᠷ ᠬᠠᠷᠠᠩᠭ᠋ᠤᠢ ᠶᠢᠨ ᠳᠤᠮᠳᠠ ᠳᠤᠷᠰᠢᠨ ᠪᠠᠢ᠌ᠵᠤ᠂ ᠣᠷᠤᠨ ᠤ ᠳᠤᠯᠤᠭᠠᠢ ᠳᠡᠭᠡᠷᠡᠭᠢ ᠳ᠋ᠸᠩ ᠶᠢᠡᠨ ᠨᠤᠴᠤᠭᠠᠭᠠᠤᠨ ᠳᠠᠮᠠᠭᠢ ᠠᠪᠤᠨ ᠭᠠᠯᠯᠠᠯ᠎ᠠ᠃

᠊᠊᠊᠊᠊᠊᠊᠊᠊᠊᠊᠊᠊᠊᠊ ᠵᠥᠭᠡᠷ ᠲᠤ ᠳᠠᠷ᠎ᠠ ᠳᠤᠯᠤᠭᠠᠢ ᠨᠡᠢ᠌ᠯᠡᠮᠡᠭ᠍ᠴᠡ ᠥᠭᠦᠰᠢᠷᠡᠭᠡᠳ ᠪᠠᠢ᠌ᠳᠠᠭ ᠭᠦᠮᠤᠨ ᠶᠠᠭᠤ ᠪᠣᠯᠴᠢᠬᠠᠭᠠᠤᠨ ᠰᠢᠷ᠎ᠠ ᠰᠢᠪᠠᠭᠤᠨ ᠰᠢᠭ ᠬᠠᠷᠠᠩᠭ᠋ᠤᠢ ᠰᠦᠨᠢ ᠪᠠᠷ ᠭᠦᠮᠤᠨ ᠢ ᠠᠮᠤᠷ ᠣᠠᠳᠠᠭᠤᠯᠬᠤ ᠦᠭᠡᠶ ᠥᠢᠮᠡᠭᠦᠯᠦᠭᠡᠳ ᠪᠠᠢ᠌ᠨ᠎ᠠ ᠭᠡᠴᠢᠭᠡᠭᠡᠳ ᠪᠦᠰᠡᠭᠦᠢ ᠨᠢ ᠨᠣᠢ᠌ᠷᠮᠤᠭ ᠣᠴᠠᠭᠠᠷᠯᠠᠨ ᠡᠷᠭᠢᠪᠡ᠃

ᠪᠦᠰᠡᠭᠦᠢ ᠶᠢᠨ ᠶᠢᠡᠨ ᠣᠴᠠᠭᠠᠷᠯᠠᠨ ᠶᠠᠷᠪᠢᠭᠯᠠᠬᠤ ᠶᠢ ᠰᠤᠨᠤᠰᠤᠭᠠᠤᠨ ᠪᠠᠯᠭᠠᠷ ᠶᠠᠭᠤ ᠴᠤ ᠳᠤᠤᠭᠠᠷᠴᠤ ᠴᠢᠳᠠᠭ᠎ᠠ ᠦᠭᠡᠶ ᠪᠦᠭᠡᠳ ᠭᠡᠳᠡᠷᠭᠦ ᠡᠷᠭᠢᠨ ᠦᠪᠡᠷ ᠤᠨ ᠪᠠᠶ᠎ᠠ ᠡᠴᠡ ᠪᠠᠨ ᠦᠪᠡᠷ ᠶᠢᠡᠨ ᠦᠷᠭᠦᠨ ᠰᠤᠴᠢᠯ᠎ᠠ᠃ ᠥᠨᠡᠭᠡᠷ ᠴᠤ ᠪᠢ ᠶᠠᠭᠠᠭᠢᠴᠢᠬᠠᠪᠠ ᠭᠡᠵᠤ ᠪᠠᠶ᠎ᠠ ᠡᠴᠡ ᠪᠠᠨ ᠠᠰᠠᠭᠤᠬᠤ ᠳᠤ ᠭᠦᠷᠴᠡᠢ᠃ ᠰᠡᠮᠡᠭᠡᠷᠭᠡᠨ ᠭᠠᠷ ᠶᠢᠡᠨ ᠶᠠᠪᠣᠭᠤᠯᠤᠨ ᠭᠦᠡᠵᠢᠯᠡ ᠶᠢ ᠨᠢ ᠡᠪᠯᠡᠨ ᠬᠤᠴᠢᠭᠠᠤᠨ ᠮᠦᠷᠤ ᠳᠡᠭᠡᠭᠦᠷ ᠨᠢ ᠠᠰᠬᠠᠷᠠᠨ ᠪᠠᠭᠤᠭᠰᠠᠨ ᠭᠦ ᠬᠠᠷ᠎ᠠ ᠭᠡᠵᠢᠭᠡ ᠨᠢ ᠰᠢᠨᠠ ᠡᠴᠡ ᠪᠠᠨ ᠡᠭᠢᠯᠡᠨ ᠪᠣᠭᠤᠷᠤᠯᠳᠤᠭ᠎ᠠ ᠶᠢ ᠪᠠᠬᠠᠨ ᠠᠵᠢᠭᠯᠠᠨ ᠭᠦᠨ ᠰᠠᠨᠠᠭ᠎ᠠ ᠠᠯᠳᠠᠯ᠎ᠠ᠃ ᠵᠠᠯᠠᠭᠤ ᠳᠠᠭᠠᠨ ᠶᠠᠮᠠᠷ ᠰᠠᠢ᠌ᠬᠠᠨ ᠭᠡᠦᠭᠡᠨ ᠪᠠᠢ᠌ᠭᠰᠠᠨ ᠭᠡᠵᠤ ᠰᠠᠨᠠᠨ᠎ᠠ᠃ ᠡᠷᠪᠠᠭᠡᠢ ᠭᠦᠷᠳᠡᠯ᠎ᠡ ᠳᠡᠭᠡᠷ᠎ᠡ ᠨᠢ ᠪᠠᠭᠤᠵᠤ ᠶᠠᠳᠠᠭᠠᠤᠨ ᠬᠤᠯᠠᠭᠤᠷ ᠳᠤᠭᠤᠷᠢᠨ ᠡᠷᠭᠢᠮᠡᠷ ᠭᠡᠭᠡᠷ᠎ᠡ ᠶᠢᠨ ᠴᠡᠪᠠᠷᠭᠡᠨ ᠴᠡᠴᠡᠭ᠌ ᠪᠠᠢ᠌ᠭᠰᠠᠨ ᠭᠡᠪᠠᠯ ᠨᠢᠭᠡ ᠯᠠ ᠥᠭᠡ᠃ ᠭᠡᠳᠡᠯ᠎ᠡ ᠣᠳᠤ ᠳᠠᠢ᠌ᠮᠤ ᠪᠠᠢ᠌ᠯ᠎ᠠ ᠭᠡᠪᠠᠯ ᠭᠡᠨ ᠢᠳᠡᠭᠡᠭᠦ ᠪᠣᠢ᠂ ᠬᠤᠳᠠᠯ ᠭᠡᠮᠡᠷ᠃ ᠬᠠᠢ᠌ᠷᠬᠠᠨ ᠠᠭᠤᠯᠠ ᠶᠢ ᠴᠠᠰᠤ ᠳᠠᠷᠤᠵᠤ᠂ ᠬᠠᠢ᠌ᠷᠠᠨ ᠪᠠᠶ᠎ᠠ ᠶᠢ ᠨᠠᠰᠤ ᠳᠠᠷᠤᠨ᠎ᠡ ᠭᠡᠳᠡᠭ᠌ ᠡᠨᠡ ᠪᠢᠯᠠ ᠦᠦ ︖ ᠪᠠᠯᠭᠠᠷ ᠪᠠᠶ᠎ᠠ ᠪᠠᠨ ᠵᠢᠭᠠᠬᠠᠨ ᠡᠪᠯᠡᠨ ᠭᠡᠪᠳᠡᠭᠡᠳ ᠪᠦᠰᠡᠭᠦᠢ ᠰᠡᠷᠭᠦᠯᠡᠩᠮ᠎ᠡ ᠲᠡᠶ ᠪᠠᠨ ᠠᠩᠬ᠎ᠠ ᠵᠤᠯᠭᠠᠨ ᠳᠠᠨᠢᠯᠴᠠᠵᠤ ᠪᠠᠢ᠌ᠭᠰᠠᠨ ᠶᠢᠡᠨ ᠳᠤᠷᠠᠰᠤᠨ ᠰᠠᠨᠠᠭᠠᠯᠵᠠᠪᠠ᠃ ᠳᠠᠷᠠ ᠨᠢ ᠳᠦᠴᠢᠭᠡᠳ ᠵᠢᠯ ᠤᠨ ᠡᠮᠦᠨᠡᠭᠢ ᠣᠴᠢᠷ ᠪᠣᠯᠵᠠᠢ᠃ ᠪᠠᠯᠭᠠᠷ ᠢ ᠪᠠᠭᠰᠢ ᠶᠢᠨ ᠰᠤᠷᠭᠠᠭᠤᠯᠢ ᠪᠠᠨ ᠳᠡᠭᠦᠰᠦᠮᠡᠭ᠍ᠴᠡ ᠳᠡᠭᠡᠳᠤ ᠱᠠᠳᠤᠨ ᠡᠴᠡ ᠪᠠᠯᠪᠠᠷᠬᠠᠢ ᠪᠠᠢ᠌ᠰᠢᠩᠳᠤ ᠳᠤ ᠳᠤᠮᠢᠯᠠᠨ ᠣᠴᠢᠭᠤᠯᠵᠤ ᠣᠬᠠᠭᠤᠯᠭ᠎ᠠ ᠶᠢᠨ ᠠᠵᠢᠯ ᠭᠢᠯᠭᠡᠭ᠍ᠰᠡᠨ ᠶᠤᠮ᠃ ᠪᠠᠯᠪᠠᠷᠬᠠᠢ ᠪᠠᠢ᠌ᠰᠢᠩᠳᠤ ᠭᠡᠵᠤ ᠥᠨᠡᠭᠡᠷ ᠴᠤ ᠨᠠᠷ᠎ᠠ ᠳᠡᠭᠡᠨ ᠳᠤᠭᠢᠷᠠᠵᠤ ᠭᠤᠶ᠎ᠠ ᠪᠠᠨ ᠪᠠᠷᠢᠭᠰᠠᠨ ᠶᠠᠳᠠᠭᠤ ᠭᠠᠴᠠᠭ᠎ᠠ ᠪᠠᠢ᠌ᠯ᠎ᠠ᠃ ᠬᠠᠶᠠᠭ᠎ᠠ ᠬᠠᠶᠠᠭ᠎ᠠ ᠪᠠᠨ ᠲᠦᠰᠢᠵᠤ ᠰᠠᠭᠤᠭᠰᠠᠨ ᠭᠤᠴᠢᠭᠠᠤᠨ ᠠᠢ᠌ᠯ᠂ ᠮᠠᠭᠤ ᠰᠢᠪᠠᠷ ᠭᠡᠷ ᠨᠢ ᠪᠣᠷᠤᠭ᠎ᠠ ᠰᠠᠯᠭᠢᠨ ᠳᠤ ᠨᠤᠷᠠᠮᠠᠷ ᠪᠣᠯᠤᠭᠰᠠᠨ ᠶᠠᠳᠠᠭᠤ ᠰᠤᠷᠭᠠᠭᠤᠯᠢ ᠶᠢ ᠭᠠᠷᠭᠠᠪᠠᠯ ᠡ᠊ᠨᠳᠡ ᠥᠭᠡᠷ᠎ᠡ ᠬᠠᠷᠠᠭᠠᠨ ᠳᠤ ᠳᠤᠷᠴᠤ᠂ ᠰᠡᠳᠭᠢᠯ ᠳᠤ ᠦᠯᠠᠳᠠᠮᠠᠷ ᠶᠠᠭᠤᠮ᠎ᠠ ᠠᠯᠠᠭ᠎ᠠ᠃ ᠣᠰᠤ ᠴᠠᠭᠢᠯᠭᠠᠨ ᠴᠤ ᠦᠭᠡᠶ ᠳᠡᠭᠡᠷ᠎ᠡ ᠠᠳᠠᠭᠯᠠᠬᠤ ᠳᠤ ᠭᠦᠯ ᠳᠡᠭᠦᠵᠢᠯᠡᠭᠦ ᠳᠡᠷᠭᠡ ᠣᠨᠤᠭ᠎ᠠ ᠪᠠᠰᠠ ᠣᠯᠳᠠᠳᠠᠭ ᠦᠭᠡᠶ ᠨᠢ ᠬᠠᠷ᠎ᠠ ᠵᠤᠪᠠᠯᠠᠩ᠃ ᠭᠡᠪᠠᠴᠤ ᠨᠤᠳᠤᠭ ᠨᠢ ᠶᠠᠭᠠᠭᠢᠬᠤ ᠠᠷᠭ᠎ᠠ ᠦᠭᠡᠶ ᠶᠠᠳᠠᠭᠤ ᠴᠤ ᠳᠠᠠᠳᠠᠭᠢ ᠭᠦᠮᠤᠨ ᠵᠤᠨ ᠨᠢ ᠦᠨᠡᠠᠴᠢ ᠴᠠᠢ᠌ᠯᠭᠠᠨ᠂ ᠥᠭ᠍‍ᠭᠢᠶᠡᠮᠦᠷ ᠬᠠᠯᠠᠭᠤᠮᠰᠤᠭ ᠪᠠᠢ᠌ᠭᠰᠠᠨ ᠨᠢ ᠪᠠᠯᠭᠠᠷ ᠤᠨ ᠰᠡᠳᠭᠢᠯ ᠢ ᠭᠡᠰᠭᠡᠵᠤ ᠪᠢᠯᠠ᠃ ᠦᠭᠡᠶ ᠪᠣᠯ ᠭᠦᠡᠵᠢᠯᠡ ᠳᠡᠪᠢᠰᠭᠡᠷ ᠶᠢᠡᠨ ᠡᠭᠦᠷᠦᠭᠡᠳ ᠭᠡᠳᠡᠷᠭᠦ ᠪᠣᠴᠠᠬᠤ ᠳᠤ ᠪᠠᠯᠡᠭᠡᠨ ᠪᠠᠢ᠌ᠭᠰᠠᠨ᠃ ᠡᠭᠦᠨ ᠳᠡᠭᠡᠷ᠎ᠡ ᠭᠡᠨᠡᠳᠲᠡ ᠶᠢᠨ ᠲᠤᠬᠢᠶᠠᠯᠳᠤᠯ ᠶᠢᠡᠷ ᠰᠡᠷᠭᠦᠯᠡᠩᠮ᠎ᠡ ᠲᠡᠶ ᠵᠤᠯᠭᠠᠨ ᠳᠠᠨᠢᠯᠴᠠᠭᠰᠠᠨ ᠨᠢ ᠪᠠᠯᠭᠠᠷ ᠤᠨ ᠬᠤᠪᠢ ᠵᠠᠶᠠᠭᠠᠨ ᠳᠤ ᠡᠷᠭᠢᠯᠳᠡ ᠭᠠᠷᠴᠠᠢ᠃ ᠠᠮᠢᠳᠤᠷᠠᠯ ᠳᠤ ᠵᠠᠷᠢᠮ ᠵᠣᠢ᠌ᠯ ᠢ ᠨᠠᠰᠤ ᠪᠠᠷ ᠭᠦᠰᠡᠭᠡᠳ ᠣᠯᠬᠤ ᠦᠭᠡᠶ ᠪᠠᠢ᠌ᠬᠤ ᠳᠤ ᠵᠠᠷᠢᠮ ᠵᠣᠢ᠌ᠯ ᠬᠠᠷᠢᠨ ᠦᠪᠡᠷ ᠶᠢᠡᠨ ᠵᠥᠩᠳᠡᠭᠡᠨ ᠪᠦᠮᠪᠦᠷᠢᠭᠡᠳ ᠢᠷᠡᠴᠢᠭᠡᠳᠡᠭ᠌ ᠨᠢ ᠰᠤᠨᠢᠨ᠃

ᠨᠢᠭᠡ ᠣᠳᠠᠭ᠎ᠠ ᠪᠠᠯᠭᠠᠷ ᠠᠵᠢᠯ ᠶᠢᠡᠷ ᠳᠤᠷᠤᠭᠰᠢ ᠪᠠᠭᠤᠭᠠᠤᠨ ᠬᠠᠷᠢᠬᠤ ᠵᠠᠮ ᠳᠤ ᠪᠣᠷᠤᠭᠤ ᠳᠠᠯ᠎ᠠ ᠶᠢᠨ ᠪᠣᠳᠠᠷᠭᠠᠨ᠎ᠠ ᠶᠢᠨ ᠢᠷᠤᠭᠠᠷ ᠡᠴᠡ ᠪᠣᠰᠤᠨ ᠬᠠᠷᠠᠢ᠌ᠭᠰᠠᠨ ᠳᠠᠤᠯᠠᠢ ᠡᠴᠡ ᠮᠤᠷᠢ ᠨᠢ ᠦᠷᠭᠦᠨ ᠣᠢ᠌ᠭᠠᠤᠨ ᠰᠠᠨᠠᠭᠠᠨ ᠳᠤ ᠦᠭᠡᠶ ᠶᠠᠪᠣᠭᠰᠠᠨ ᠠᠴᠢᠳᠤ ᠶᠢ ᠰᠢᠷᠤᠢ ᠡᠮᠭᠦᠭᠦᠯᠤᠨ ᠭᠠᠬᠠᠢ ᠶᠠᠪᠠᠭᠠᠨ ᠬᠤᠴᠤᠷᠤᠭᠠᠵᠠᠢ᠃ ᠭᠠᠵᠠᠷ ᠣᠰᠤ ᠮᠡᠳᠡᠭᠦ ᠦᠭᠡᠶ ᠳᠠᠷᠠ᠂ ᠢᠩᠭᠢᠵᠤ ᠯᠠ ᠡᠵᠡᠭᠦᠢ ᠭᠡᠭᠡᠷ᠎ᠡ ᠠᠢ᠌ᠯ ᠤᠨ ᠨᠤᠳᠤᠭ ᠲᠤ ᠴᠢᠨ᠋ᠸ᠎ᠠ ᠶᠢᠨ ᠪᠠᠭᠠᠰᠤ ᠪᠣᠯᠳᠠᠭ ᠪᠠᠢ᠌ᠵᠤ ᠭᠡᠮᠡᠨ ᠭᠠᠰᠠᠯᠤᠨ ᠳᠠᠨᠤᠵᠤ ᠶᠠᠪᠣᠳᠠᠯ᠎ᠠ ᠵᠦᠢ ᠪᠣᠯᠵᠤ᠂ ᠢᠷᠦᠭᠡᠯ ᠶᠢᠡᠷ ᠲᠦᠯᠡᠭᠡ ᠠᠴᠢᠭᠠᠤᠨ ᠪᠣᠴᠠᠵᠤ ᠶᠠᠪᠣᠭᠰᠠᠨ ᠰᠡᠷᠭᠦᠯᠡᠩᠮ᠎ᠡ ᠲᠡᠶ ᠳᠠᠭᠠᠷᠠᠯᠳᠤᠨ ᠳᠦᠭᠡᠷᠢᠵᠤ ᠪᠣᠳᠤᠯᠢᠬᠤ ᠭᠠᠢ ᠡᠴᠡ ᠮᠥᠯᠳᠦᠷᠡᠭ᠍ᠰᠡᠨ ᠶᠤᠮ᠃

ᠣᠴᠠᠷᠠᠬᠤ ᠬᠤᠶᠠᠷ ᠢ ᠳᠠᠯᠳᠠ ᠶᠢᠨ ᠰᠢᠵᠢᠮ ᠶᠢᠡᠷ ᠣᠭᠤᠰᠤᠷᠯᠠᠭᠰᠠᠨ ᠣᠷᠢᠳᠤ ᠶᠢᠨ ᠣᠯᠠᠭᠠᠨ ᠣᠳᠠᠰᠤᠨ ᠤ ᠬᠤᠯᠪᠣᠭ᠎ᠠ ᠭᠡᠳᠡᠭ᠌ ᠡᠨᠡ ᠪᠠᠢ᠌ᠪᠠ ᠦᠦ ︖ ᠴᠢᠷᠠᠢ᠌ᠯᠢᠭ ᠭᠦᠭᠡᠷᠦᠭᠦᠨ ᠳᠦᠷᠦᠭ᠍ᠰᠡᠨ ᠡᠨᠡ ᠭᠡᠦᠭᠡᠨ ᠲᠡᠶ ᠪᠠᠯᠭᠠᠷ ᠡᠮᠤᠨ᠎ᠡ ᠨᠢ ᠣᠯᠠᠨ ᠣᠳᠠᠭ᠎ᠠ ᠣᠴᠠᠷᠠᠭᠰᠠᠨ ᠪᠣᠯᠪᠠᠴᠤ ᠥᠭᠡ ᠰᠤᠯᠢᠵᠤ ᠳᠠᠨᠢᠯᠴᠠᠬᠤ ᠵᠠᠪᠰᠢᠶᠠᠨ ᠣᠯᠳᠠᠭ᠎ᠠ ᠦᠭᠡᠶ᠃ ᠬᠠᠷᠢᠨ ᠥᠵᠡᠭ᠍ᠰᠡᠨ ᠴᠠᠭ ᠡᠴᠡ ᠰᠡᠳᠭᠢᠯ ᠳᠤ ᠪᠠᠨ ᠰᠡᠮᠡᠭᠡᠷᠭᠡᠨ ᠬᠠᠢ᠌ᠷᠠᠯᠠᠨ ᠳᠤᠭᠤᠵᠤ᠂ ᠶᠠᠮᠠᠷ ᠠᠷᠭ᠎ᠠ ᠪᠠᠷ ᠤᠢ᠌ᠷᠠᠳᠤᠨ ᠳᠠᠨᠢᠯᠴᠠᠳᠠᠭ ᠪᠢᠯᠠ ᠭᠡᠵᠤ ᠵᠠᠪᠰᠢᠶᠠᠨ ᠬᠠᠢ᠌ᠨ ᠪᠠᠢ᠌ᠭᠰᠠᠨ ᠭᠦᠮᠤᠨ ᠳᠤ ᠳᠡᠭ᠍ᠷᠢ ᠡᠴᠡ ᠬᠠᠢ᠌ᠷᠠᠯᠠᠪᠠ ᠦᠦ ᠭᠡᠮᠡᠷ ᠬᠤᠪᠣᠷᠬᠠᠨ ᠲᠤᠬᠢᠶᠠᠯ ᠭᠡᠨᠡᠳᠲᠡ ᠢᠷᠡᠭᠦ ᠳᠤ ᠨᠠᠷ᠎ᠠ ᠪᠠᠨ ᠭᠦᠷᠳᠡᠯ᠎ᠡ ᠮᠠᠷᠳᠠᠨ ᠭᠠᠢ᠌ᠬᠠᠨ ᠬᠤᠴᠤᠷᠤᠭᠰᠠᠨ ᠨᠢ ᠦᠨᠡᠨ᠃ ᠬᠤᠯᠠ ᠠᠯᠬᠤᠳᠠᠯ ᠲᠡᠶ ᠨᠤᠮᠤᠬᠠᠨ ᠭᠦᠷᠡᠩ ᠢᠩᠭᠡᠨ ᠤ ᠠᠭᠤᠵᠢᠮ ᠪᠦᠭᠦᠨ ᠵᠠᠪᠰᠠᠷ ᠬᠤᠶᠠᠭᠤᠯᠠ ᠰᠤᠠᠳᠠᠯᠠᠭᠳᠠᠨ ᠶᠠᠪᠣᠵᠤ ᠪᠠᠢ᠌ᠬᠤ ᠳᠤ ᠪᠦᠮᠪᠦᠷᠴᠡᠭ᠌ ᠳᠠᠷᠠ ᠴᠢᠭ᠌ ᠶᠢᠡᠷ ᠶᠢᠡᠨ ᠡᠷᠭᠢᠭᠦ ᠪᠠᠨ ᠵᠤᠭᠰᠤᠴᠢᠬᠠᠭᠰᠠᠨ ᠭᠡᠯᠳᠡᠢ ᠨᠢᠭᠡ ᠯᠠ ᠬᠠᠴᠢᠨ᠃ ᠡᠢ᠌ᠮᠤ ᠴᠠᠭ ᠲᠤ ᠪᠠᠯᠭᠠᠷ ᠲᠤ ᠡᠨᠡ ᠳᠠᠷᠠ ᠶᠢ ᠪᠣᠳᠤᠬᠤ ᠬᠠᠮᠢᠶᠠᠷᠠᠬᠤ ᠵᠠᠪ ᠴᠤ ᠦᠭᠡᠶ᠂ ᠰᠠᠨᠠᠭ᠎ᠠ ᠴᠤ ᠦᠭᠡᠶ ᠪᠠᠢ᠌ᠵᠠᠢ᠃ ᠨᠢᠭᠡ ᠯᠠ ᠮᠡᠳᠡᠭᠦ ᠳᠤ ᠦᠪᠡᠷ ᠤᠨ ᠡᠷᠭᠡ ᠦᠭᠡᠶ ᠠᠢ᠌ᠯ ᠤᠨ ᠭᠡᠦᠭᠡᠨ ᠤ ᠨᠠᠷᠢᠬᠠᠨ ᠴᠡᠭᠡᠵᠢ ᠪᠠᠷ ᠳᠠᠰᠤ ᠳᠡᠪᠠᠷᠢᠭᠡᠳ ᠠᠪᠴᠤ ᠪᠠᠢ᠌ᠭᠰᠠᠨ ᠶᠢᠡᠨ ᠮᠠᠷᠳᠠᠳᠠᠭ ᠦᠭᠡᠶ᠃ ᠭᠠᠯᠵᠠᠭᠤ ᠲᠡᠶ ᠶᠤᠮ ᠰᠢᠭ ᠭᠡᠨᠡᠳᠲᠡ ᠳᠡᠪᠠᠷᠢᠭᠡᠳ ᠠᠪᠬᠤ ᠳᠤ ᠰᠡᠷᠭᠦᠯᠡᠩᠮ᠎ᠡ ᠦᠷᠭᠦᠭ᠍ᠰᠡᠨ ᠳᠤᠷᠤᠮ ᠤᠨ ᠨᠢᠳᠤ ᠪᠠᠷ ᠰᠤᠴᠢᠮᠠᠭ ᠬᠠᠷᠠᠭᠠᠤᠨ ᠠᠪᠣᠭᠰᠠᠨ ᠶᠢᠡᠨ ᠴᠢᠨᠠᠭᠰᠢ ᠶᠠᠭᠤ ᠴᠤ ᠭᠡᠯᠡᠭᠡ ᠦᠭᠡᠶ᠃ ᠡᠭᠦᠨ ᠢ ᠬᠠᠷᠠᠭᠠᠤᠨ ᠪᠠᠯᠭᠠᠷ ᠣᠯᠠᠮ ᠡᠷᠡᠮ ᠠᠪᠴᠤ᠂ ᠡᠷ᠎ᠡ ᠶᠢᠨ ᠭᠠᠯ ᠨᠢ ᠰᠢᠳᠠᠭ᠎ᠠ ᠪᠠᠶ᠎ᠠ ᠪᠠᠨ ᠪᠠᠷᠢᠵᠤ ᠴᠢᠳᠠᠯ ᠦᠭᠡᠶ ᠭᠦᠳᠡᠭᠡ ᠳᠤ ᠣᠷᠭᠤᠭᠰᠠᠨ ᠭᠦᠭᠡᠷᠦᠭᠦᠨ ᠴᠡᠴᠡᠭ᠌ ᠲᠤ ᠭᠦ᠋ ᠭᠦᠷᠭᠡᠨ ᠳᠠᠰᠤᠯᠤᠨ ᠨᠠᠭᠠᠳᠴᠠᠢ᠃ ᠭᠦᠮᠤᠨ ᠵᠠᠷᠢᠮ ᠳᠠᠭᠠᠨ ᠦᠪᠡᠷ ᠤᠨ ᠳᠤᠷ᠎ᠠ ᠭᠦᠰᠡᠯ ᠶᠢᠡᠨ ᠬᠠᠩᠭ᠋ᠠᠬᠤ ᠶᠢᠨ ᠲᠦᠯᠦᠭᠡ ᠠᠮᠢᠳᠠᠨ ᠢ ᠴᠤ ᠭᠦᠷᠭᠦ ᠦᠭᠡᠶ ᠪᠣᠯᠳᠠᠭ ᠨᠢ ᠢᠨᠢᠶᠠᠳᠤᠮ ᠲᠡᠶ᠃ ᠪᠠᠯᠭᠠᠷ ᠢᠩᠭᠡᠵᠤ ᠯᠠ ᠰᠡᠷᠭᠦᠯᠡᠩᠮ᠎ᠡ ᠶᠢᠨ ᠰᠡᠳᠭᠢᠯ ᠪᠠᠶ᠎ᠠ ᠶᠢ ᠳᠠᠰᠢᠷ ᠣᠯᠵᠠᠯᠠᠭᠠᠤᠨ ᠡᠭᠡᠨᠡᠷ ᠶᠢᠡᠨ ᠪᠣᠯᠭᠠᠨ ᠠᠪᠴᠠᠢ᠃ ᠰᠡᠷᠭᠦᠯᠡᠩᠮ᠎ᠡ ᠪᠠᠯᠭᠠᠷ ᠲᠡᠶ ᠰᠠᠭᠤᠭᠠᠤᠨ ᠴᠤᠬᠤᠮ ᠣᠯᠪᠠ ᠦᠦ ᠠᠯᠳᠠᠪᠠ ᠦᠦ ᠭᠡᠳᠡᠭ᠌ ᠢ ᠳᠡᠭ᠍ᠷᠢ ᠯᠠ ᠮᠡᠳᠡᠭ᠍ᠰᠡᠨ ᠭᠡᠷᠡᠭ᠌᠃ ᠭᠦᠮᠤᠨ ᠭᠡᠭ᠍ᠴᠢ ᠠᠮᠢᠳᠠᠨ ᠴᠠᠭᠠᠨ᠎ᠠ ᠡᠴᠡ ᠪᠠᠨ ᠡᠢ᠌ᠮᠤ᠂ ᠦᠪᠡᠷ ᠶᠢᠡᠨ ᠣᠯᠳᠠᠭ ᠶᠢᠡᠨ ᠣᠯᠤᠭᠠᠤᠨ ᠠᠪᠳᠠᠭ ᠶᠢᠡᠨ ᠠᠪᠴᠤ ᠪᠠᠢ᠌ᠪᠠᠯ ᠦᠷᠦᠭᠡᠯ ᠢ ᠪᠣᠳᠤᠳᠠᠭ ᠨᠢ ᠳᠤᠩ ᠬᠤᠪᠣᠷ᠃ ᠪᠠᠯᠭᠠᠷ ᠴᠤ ᠠᠳᠠᠯᠢᠬᠠᠨ᠂ ᠦᠪᠡᠷ ᠶᠢᠡᠨ ᠣᠯᠤᠰ ᠤᠨ ᠠᠵᠢᠯ ᠭᠡᠳ ᠣᠠᠳᠠᠬᠤ ᠠᠮᠠᠷᠠᠬᠤ ᠪᠠᠨ ᠮᠠᠷᠳᠠᠨ ᠴᠢᠷᠮᠠᠢ᠌ᠵᠤ ᠶᠠᠪᠣᠭᠰᠠᠨ ᠡᠴᠡ ᠪᠢᠰᠢ ᠡᠭᠡᠨᠡᠷ ᠬᠡᠦᠬᠡᠳ ᠤᠨ ᠬᠠᠯᠠᠭᠤᠨ ᠭᠦᠢᠳᠡᠨ ᠳᠤ ᠰᠠᠨᠠᠭ᠎ᠠ ᠪᠣᠯᠤᠨ ᠰᠡᠳᠭᠢᠯ ᠶᠢᠡᠨ ᠴᠢᠯᠡᠭᠡᠭ᠍ᠰᠡᠨ ᠣᠳᠠᠭ᠎ᠠ ᠶᠠᠷᠤ ᠳᠡᠭᠡᠨ ᠪᠠᠢ᠌ᠬᠤ ᠦᠭᠡᠶ᠃ ᠰᠡᠷᠭᠦᠯᠡᠩᠮ᠎ᠡ ᠯᠠ ᠭᠦᠭᠡᠷᠦᠭᠦᠢ᠂ ᠠᠢ᠌ᠯ ᠭᠡᠷ ᠤᠨ ᠶᠡᠭᠡ ᠪᠠᠭ᠎ᠠ ᠳᠤ ᠰᠠᠨᠠᠭ᠎ᠠ ᠪᠣᠯᠵᠤ ᠭᠡᠷ ᠤᠨ ᠮᠤᠬᠤᠷ ᠰᠠᠭᠢᠨ ᠬᠠᠢ᠌ᠰᠤ ᠰᠢᠨᠠᠭᠠᠨ ᠤ ᠵᠥᠯᠭᠦᠭᠦᠷ ᠪᠣᠯᠤᠨ ᠦᠷᠡᠭ᠍ᠳᠡᠭ᠍ᠰᠡᠨ ᠢ ᠥᠭᠡᠢ᠌ᠰᠭᠡᠭᠦ ᠠᠷᠭ᠎ᠠ ᠦᠭᠡᠶ᠃ ᠳᠡᠭᠡᠭᠡᠳ ᠦᠪᠡᠷ ᠲᠤ ᠨᠢ ᠭᠢᠮᠤᠰᠤᠨ ᠴᠢᠨᠡᠭᠡᠨ ᠥ ᠰᠠᠨᠠᠭ᠎ᠠ ᠦᠭᠡᠶ ᠪᠦᠰᠡᠭᠦᠢ ᠪᠠᠨ ᠭᠤᠮᠤᠳᠠᠭᠠᠬᠤ ᠦᠭᠡᠶ ᠭᠠᠵᠠᠷ ᠭᠤᠮᠤᠳᠠᠭᠠᠨ ᠰᠡᠳᠭᠢᠯ ᠢ ᠨᠢ ᠰᠡᠪᠳᠦᠭᠡᠭᠦ ᠳᠤ ᠭᠦᠷᠪᠠᠯ ᠪᠠᠯᠭᠠᠷ ᠤᠨ ᠪᠣᠶᠠᠨ ᠳᠠᠭᠠᠭᠠᠬᠤ ᠦᠭᠡᠶ ᠪᠠᠢ᠌ᠵᠤ ᠮᠠᠳᠠᠨ᠎ᠡ᠃ ᠦᠪᠡᠷ ᠢ ᠨᠢ ᠪᠠᠶ᠎ᠠ ᠲᠡᠶ ᠪᠠᠨ ᠠᠳᠠᠯᠢ ᠢᠳᠡᠭᠡᠵᠤ ᠰᠠᠨᠠᠵᠤ ᠶᠠᠪᠣᠳᠠᠭ ᠪᠦᠰᠡᠭᠦᠢ ᠨᠢ ᠳᠡᠭᠦᠨ ᠢ ᠭᠠᠳᠠᠭᠤᠷ ᠥᠭᠡᠷ᠎ᠡ ᠪᠦᠰᠡᠭᠦᠢ ᠡᠷᠭᠢᠭᠦᠯᠪᠡ ᠭᠡᠵᠤ ᠰᠤᠨᠤᠰᠪᠠᠯ ᠨᠢᠭᠡ ᠶᠡᠭᠡ ᠭᠦᠯ ᠭᠠᠷᠭᠠᠬᠤ ᠦᠭᠡᠶ ᠴᠤ ᠳᠤᠳᠤᠷ᠎ᠠ ᠪᠠᠨ ᠯᠠᠪ ᠥᠭᠦᠨ ᠭᠤᠮᠤᠳᠠᠨ᠎ᠠ᠃ ᠳᠠᠷᠠ ᠴᠠᠭ ᠲᠤ ᠪᠠᠯᠭᠠᠷ ᠪᠠᠶ᠎ᠠ ᠪᠠᠨ ᠷᠠᠰᠢᠶᠠᠨ ᠶᠢᠡᠷ ᠣᠭᠢᠶᠠᠯ᠎ᠠ ᠭᠡᠳ ᠭᠢᠭ᠍ᠰᠡᠨ ᠨᠢᠭᠦᠯ ᠶᠢᠡᠨ ᠪᠠᠯᠠᠯᠠᠵᠤ ᠴᠢᠳᠠᠬᠤ ᠪᠢᠰᠢ ᠳ᠋ᠠ ︕

ᠪᠠᠯᠭᠠᠷ ᠰᠡᠷᠢᠭ᠍ᠰᠡᠨ ᠡᠴᠡ ᠪᠠᠨ ᠬᠣᠢ᠌ᠰᠢ ᠪᠠᠷᠤᠭ ᠯᠠ ᠴᠢᠷᠮᠠᠯ ᠦᠭᠡᠶ ᠪᠦᠯᠳᠡᠢ᠌ᠵᠤ ᠰᠠᠭᠤᠭᠰᠠᠭᠠᠷ ᠪᠠᠢ᠌ᠭᠠᠤᠨ ᠡᠳᠦᠷ ᠪᠣᠯᠭᠠᠪᠠ᠃ ᠪᠣᠰᠴᠤ ᠭᠦᠷᠦᠭᠡᠳ ᠴᠤᠩᠬᠤᠨ ᠪᠦᠷᠭᠦᠭᠦᠯ ᠶᠢᠡᠨ ᠢᠷᠠᠪᠠᠯ ᠬᠠᠪᠣᠷ ᠤᠨ ᠰᠡᠭᠦᠯ ᠰᠠᠷ᠎ᠠ ᠶᠢᠨ ᠵᠥᠭᠡᠯᠡᠨ ᠰᠢᠷ᠎ᠠ ᠨᠠᠷᠠ ᠡᠭᠡ ᠭᠠᠵᠠᠷ ᠤᠨ ᠡᠯᠢᠭᠡ ᠶᠢ ᠦᠨᠦᠰᠤᠨ ᠳᠠᠭᠠᠯᠠᠭᠠᠤᠨ ᠬᠤᠯᠠ ᠶᠢᠨ ᠠᠭᠤᠯᠠᠰ ᠤᠨ ᠬᠤᠷᠮᠤᠢ ᠪᠠᠷ ᠨᠤᠭᠤᠭᠠᠨ ᠵᠡᠷᠭᠡᠯᠭᠡᠨ ᠳᠤᠭᠯᠠᠨ᠎ᠠ᠃ ᠡᠨᠡ ᠪᠦᠭᠦᠨ ᠢ ᠬᠠᠷᠠᠭᠰᠠᠨ ᠪᠠᠯᠭᠠᠷ ᠤᠨ ᠰᠡᠳᠭᠢᠯ ᠰᠡᠷᠭᠦᠵᠤ ᠴᠢᠳᠠᠭ᠎ᠠ ᠦᠭᠡᠶ᠂ ᠬᠠᠷᠢᠨ ᠣᠯᠠᠮ ᠭᠤᠨᠢᠭᠯᠠᠨ ᠵᠤᠪᠠᠬᠤ ᠰᠢᠭ ᠪᠣᠯᠬᠤ ᠳᠤ ᠬᠤᠷᠳᠤᠬᠠᠨ ᠡᠷᠭᠢᠵᠤ ᠨᠠᠷ᠎ᠠ ᠶᠢᠨ ᠳᠠᠳᠤᠢ ᠨᠢᠭᠤᠷ ᠭᠠᠷ ᠶᠢᠡᠨ ᠣᠭᠢᠶᠠᠭᠰᠠᠨ ᠪᠣᠯᠤᠭᠠᠤᠨ ᠳᠤᠭᠤᠭᠠᠨ ᠭᠡᠷ ᠲᠡᠭᠡᠨ ᠣᠷᠤᠪᠠ᠃ ᠶᠠᠷᠤ ᠶᠢᠨ ᠦᠶ᠎ᠡ ᠳᠤ ᠳᠤᠭᠤᠭᠠᠨ ᠭᠡᠷ ᠣᠷᠤᠭᠤ ᠪᠠᠨ ᠳᠠᠮᠠᠢ ᠱᠠᠭᠠᠢ᠌ᠳᠠᠭ ᠦᠭᠡᠶ ᠳᠡᠭᠦᠨ ᠳᠤ ᠶᠠᠭᠤ ᠪᠦᠭᠦᠨ ᠨᠢ ᠳᠠᠩᠴᠤ ᠳᠠᠨᠢᠯ ᠪᠣᠰᠤ ᠬᠠᠷᠠᠭᠳᠠᠨ᠎ᠠ᠃ ᠴᠠᠭᠢᠯᠭᠠᠨ ᠵᠤᠤᠬᠠᠨ ᠳᠡᠭᠡᠷ᠎ᠡ ᠪᠠᠨ ᠣᠰᠤ ᠪᠠᠨ ᠨᠡᠷᠡᠴᠢᠭᠡᠭᠡᠳ ᠰᠠᠪᠠ ᠪᠣᠯᠭᠠᠨ ᠢ ᠠᠭᠤᠳᠠᠯᠤᠨ ᠪᠠᠢ᠌ᠵᠤ ᠠᠷᠠᠢ ᠭᠡᠮᠡᠨ ᠢᠳᠡᠭᠡ ᠳᠠᠪᠣᠰᠤ ᠪᠠᠨ ᠣᠯᠤᠨ ᠣᠢ᠌ᠪᠠ᠃ ᠠᠯᠢ ᠪᠣᠯᠭᠠᠨ ᠳᠡᠭᠡᠷ᠎ᠡ ᠮᠠᠭᠤ ᠪᠦᠰᠡᠭᠦᠢ ᠶᠢᠨ ᠶᠢᠡᠨ ᠭᠠᠷ ᠨᠢᠭᠤᠷ ᠢ ᠬᠠᠷᠠᠭᠠᠤᠨ ᠳᠠᠰᠤᠭᠰᠠᠨ ᠳᠡᠭᠦᠨ ᠳᠤ ᠡᠮ᠎ᠡ ᠭᠦᠮᠤᠨ ᠦᠭᠡᠶ ᠪᠠᠷ ᠨᠢᠭᠡ ᠭᠡᠷ ᠢ ᠥᠭᠡᠳᠡ ᠣᠷᠤᠭᠤ ᠳᠠᠳᠠᠨ᠎ᠠ ᠭᠡᠳᠡᠭ᠌ ᠶᠤᠰᠤᠳᠠᠢ ᠳᠤᠯᠤᠭᠠᠢ ᠶᠢᠨ ᠭᠢᠭᠤᠷᠠᠰᠤ ᠳᠡᠭᠦᠭᠦ ᠰᠢᠭ ᠶᠠᠷᠰᠢᠭᠳᠠᠢ ᠣᠢ᠌ᠯᠠ ᠪᠠᠢ᠌ᠯ᠎ᠠ᠃ ᠪᠠᠯᠭᠠᠷ ᠭᠡᠳᠥᠢᠪᠠᠷ ᠠᠵᠢᠯ ᠡᠴᠡ ᠪᠠᠨ ᠠᠮᠠᠷᠠᠭᠰᠠᠨ ᠪᠣᠯᠪᠠᠴᠤ ᠠᠷᠤ ᠭᠡᠷ ᠤᠨ ᠠᠳᠠᠯ ᠣᠢ᠌ᠯᠠ ᠳᠤ ᠨᠢᠭᠡ ᠶᠡᠭᠡ ᠰᠠᠨᠠᠭ᠎ᠠ ᠪᠣᠯᠳᠠᠭ ᠦᠭᠡᠶ᠃ ᠬᠠᠷᠢᠨ ᠭᠡᠢ᠌ᠴᠢᠨ ᠠᠳᠠᠯᠢ ᠭᠡᠷ ᠤᠨ ᠬᠣᠢ᠌ᠮᠤᠷ ᠭᠡᠳᠡᠢ᠌ᠵᠤ ᠰᠠᠭᠤᠨ ᠪᠠᠯᠠᠨ ᠢ ᠢᠳᠡᠭᠡᠳ ᠵᠠᠩᠰᠢᠴᠢᠬᠠᠵᠠᠢ᠃

᠊᠊᠊᠊᠊᠊᠊᠊᠊᠊᠊᠊᠊᠊᠊ ᠦᠨᠦ ᠦᠷᠯᠦᠭᠡ ᠨᠠᠷᠠᠨ ᠬᠠᠮᠢᠭ᠎ᠠ ᠡᠴᠡ ᠭᠠᠷᠤᠭᠠᠤᠨ ᠪᠣᠰᠳᠠᠭ ᠦᠭᠡᠶ ᠭᠦᠮᠤᠨ ᠪᠣᠰᠤᠭᠠᠤᠨ ᠴᠠᠢ ᠴᠢᠨᠠᠴᠢᠬᠠᠪᠠ ︖ ᠭᠡᠭ᠍ᠰᠡᠭᠡᠷ ᠰᠡᠷᠭᠦᠯᠡᠩᠮ᠎ᠡ ᠪᠣᠰᠤᠭᠠᠤᠨ ᠢᠷᠠᠪᠠ᠃

ᠪᠠᠯᠭᠠᠷ ᠵᠥᠭᠡᠷ ᠢᠨᠢᠶᠡᠭᠡᠳ ᠥᠩᠭᠡᠷᠡᠯ᠎ᠡ᠃ ᠦᠨᠡᠨ ᠢ ᠭᠡᠯᠡᠭᠦ ᠳᠤ ᠶᠠᠭᠤ ᠭᠡᠯᠡᠭᠦ ᠪᠠᠨ ᠪᠣᠳᠤᠭᠠᠤᠨ ᠣᠯᠤᠭᠰᠠᠨ ᠦᠭᠡᠶ᠃ ᠡᠷᠳᠡ ᠣᠷᠤᠢ ᠦᠭᠡᠶ ᠳᠤᠯᠤᠭᠠᠢ ᠳᠡᠭᠡᠷ᠎ᠡ ᠨᠢ ᠣᠨᠠᠮᠠᠷ ᠪᠣᠯᠤᠭᠰᠠᠨ ᠦᠨᠦᠭᠢ ᠭᠡᠷᠡᠭ᠌ ᠶᠢᠡᠨ ᠪᠣᠳᠤᠬᠤ ᠳᠤ ᠪᠦᠰᠡᠭᠦᠢ ᠲᠡᠶ ᠪᠠᠨ ᠥᠭᠡ ᠰᠤᠯᠢᠬᠤ ᠭᠡᠷᠡᠭ᠌ ᠦᠭᠡᠶ ᠨᠢᠭᠤᠷ ᠥᠭᠡᠳᠡ ᠨᠢ ᠡᠭ᠍ᠴᠡ ᠬᠠᠷᠠᠵᠤ ᠴᠢᠳᠠᠬᠤ ᠦᠭᠡᠶ ᠬᠠᠯᠢᠷᠠᠭᠠᠤᠨ ᠪᠠᠢ᠌ᠯ᠎ᠠ᠃ ᠭᠢᠳᠠᠯ ᠠᠯᠳᠠᠨ ᠡᠷᠭᠢᠴᠡᠵᠤ᠂ ᠪᠠᠷᠢᠵᠤ ᠳᠠᠯᠪᠢᠬᠤ ᠪᠠᠨ ᠣᠯᠵᠤ ᠶᠠᠳᠠᠨ ᠪᠠᠢ᠌ᠳᠠᠯ᠎ᠠ ᠪᠦᠰᠡᠭᠦᠢ ᠨᠢ ᠶᠠᠭᠤᠨ ᠳᠡᠭᠦᠨ ᠳᠤ ᠦᠭᠡᠶ ᠡᠨᠡ ᠳᠠᠷᠠ ᠪᠠᠨ ᠠᠮᠵᠢᠭᠤᠯᠤᠨ ᠴᠠᠢ ᠪᠠᠨ ᠠᠶᠠᠭᠠᠯᠠᠪᠠ᠃

ᠬᠤᠨᠤᠭᠤᠳᠠ ᠮᠢᠬᠠᠨ ᠡᠴᠡ ᠪᠠᠨ ᠨᠢᠮᠭᠡᠨ ᠨᠢᠮᠭᠡᠨ ᠡᠰᠭᠡᠨ ᠦᠪᠡᠷ ᠤᠨ ᠠᠶᠠᠭᠠᠨ ᠳᠠᠭᠠᠨ ᠭᠦᠰᠭᠦᠯᠡᠭᠦ ᠵᠠᠭᠤᠷ᠎ᠠ ᠰᠡᠷᠭᠦᠯᠡᠩᠮ᠎ᠡ᠄

᠊᠊᠊᠊᠊᠊᠊᠊᠊᠊᠊᠊᠊᠊᠊ ᠪᠦᠳᠦᠭᠡᠭ᠍ᠰᠡᠨ ᠠᠵᠢᠯ ᠦᠭᠡᠶ ᠵᠥᠭᠡᠷ ᠭᠡᠪᠳᠡᠵᠤ ᠰᠠᠭᠤᠬᠤ ᠪᠠᠷ᠂ ᠪᠣᠯ ᠡᠰᠡ ᠪᠣᠯ ᠭᠡᠦᠭᠡᠨ ᠤ ᠪᠠᠨ ᠣᠴᠢᠷ ᠲᠤ ᠪᠠᠭ᠎ᠠ ᠭᠦᠶ‍ᠦᠭᠦ ᠪᠠᠢ᠌ᠵᠤ ᠭᠡᠳ ᠡᠪᠦᠭᠡᠨ ᠶᠢᠡᠨ ᠬᠠᠷᠠᠯ᠎ᠠ᠃

ᠪᠠᠯᠭᠠᠷ ᠪᠠᠷᠠᠭᠤᠨ ᠴᠢᠭᠢ ᠪᠠᠷ ᠶᠢᠡᠨ ᠰᠤᠨᠤᠰᠤᠭᠠᠤᠨ ᠵᠡᠭᠦᠨ ᠴᠢᠭᠢ ᠪᠠᠷ ᠶᠢᠡᠨ ᠭᠠᠷᠭᠠᠪᠠ᠃ ᠳᠡᠭᠦᠨ ᠤ ᠳᠠᠷᠢᠭᠢᠨ ᠳᠤ ᠦᠴᠦᠭᠡᠳᠦᠷ ᠤᠨ ᠳᠠᠷᠠ ᠣᠳᠠᠰᠤ ᠪᠣᠯᠤᠨ ᠥᠩᠭᠡᠷᠡᠳᠡᠭ᠌ ᠰᠦᠨᠢ ᠶᠢᠨ ᠵᠢᠭ᠍ᠳᠡᠢ ᠵᠡᠭᠦᠳᠤ ᠬᠤᠶᠠᠷ ᠯᠠ ᠪᠠᠠᠳᠠᠩ ᠠᠳᠠᠯᠢ ᠬᠤᠳᠬᠤᠯᠳᠤᠨ ᠡᠷᠭᠢᠯᠳᠦᠭᠡᠳ ᠶᠠᠭᠤ ᠶᠠᠭᠠᠭᠢᠬᠤ ᠪᠠᠨ ᠣᠯᠤᠯ ᠦᠭᠡᠶ ᠮᠡᠭᠡᠢ᠌ᠷᠡᠨ᠎ᠡ᠃ ᠵᠡᠭᠦᠳᠤ ᠠᠮᠢᠳᠤᠷᠠᠯ ᠬᠤᠶᠠᠷ ᠢ ᠬᠤᠳᠬᠤᠬᠤ ᠨᠢ ᠡᠷ᠎ᠡ ᠶᠢᠨ ᠠᠪᠳᠠᠯ ᠪᠢᠰᠢ ᠴᠤ ᠦᠨᠦᠭᠢ ᠣᠳᠠᠰᠤᠨ ᠤ ᠳᠤᠬᠠᠢ ᠠᠶᠤᠮᠰᠢᠭᠳᠠᠢ ᠪᠣᠳᠤᠯ ᠶᠢᠡᠨ ᠶᠠᠷᠤ ᠦᠷᠭᠦᠭᠡᠵᠤ ᠴᠢᠳᠠᠬᠤ ᠦᠭᠡᠶ᠃ ᠵᠥᠪᠭᠡᠨ ᠭᠠᠭᠴᠠ ᠰᠦᠨᠢ ᠶᠢᠨ ᠵᠢᠷᠭᠠᠯ ᠶᠢᠡᠨ ᠪᠣᠳᠤᠨ ᠡᠮ᠎ᠡ ᠶᠢᠨ ᠡᠪᠦᠷ ᠲᠤ ᠰᠢᠷᠭᠤᠭᠰᠠᠨ ᠨᠢ ᠪᠣᠷᠤᠭᠤᠳᠠᠵᠠᠢ᠃ ᠪᠠᠢ᠌ᠳᠠᠯ ᠡᠴᠡ ᠥᠵᠡᠭᠦ ᠳᠤ ᠦᠨᠦᠭᠢ ᠪᠦᠰᠡᠭᠦᠢ ᠪᠠᠯᠭᠠᠷ ᠢ ᠨᠠᠮ ᠪᠠᠢ᠌ᠯᠭᠠᠬᠤ ᠶᠠᠩᠵᠤ ᠦᠭᠡᠶ᠃ ᠶᠠᠭᠤ ᠭᠡᠵᠤ ᠳᠡᠭᠦᠨ ᠳᠤ ᠣᠳᠠᠰᠤ ᠬᠠ‍‌ᠶᠢᠭ ᠶᠢᠡᠨ ᠥᠯᠡᠳᠡᠭᠡᠯ᠎ᠡ ᠭᠡᠳ ᠠᠮᠠ ᠪᠠᠨ ᠪᠠᠷᠢᠪᠠ᠃

᠊᠊᠊᠊᠊᠊᠊᠊᠊᠊᠊᠊᠊᠊᠊ ᠣᠠᠳᠠᠭᠠᠤᠨ ᠨᠣᠢ᠌ᠷ ᠦᠭᠡᠶ᠂ ᠣᠤᠭᠤᠭᠠᠤᠨ ᠬᠤᠭᠤᠯᠠ ᠦᠭᠡᠶ ᠴᠤᠬᠤᠮ ᠶᠠᠭᠠᠭᠢᠴᠢᠬᠠᠭᠰᠠᠨ ᠪᠣᠢ ︖ ᠵᠥᠩᠳᠡᠭᠡᠨ ᠶᠠᠮᠠᠷ ᠡᠪᠡᠳᠴᠢᠨ ᠳᠤᠰᠴᠢᠬᠠᠪᠠ ︖ ᠭᠡᠳ ᠪᠦᠰᠡᠭᠦᠢ ᠨᠢ ᠰᠢᠷᠭᠠᠭᠠᠵᠤ ᠪᠠᠢ᠌ᠨ᠎ᠠ᠃

᠊᠊᠊᠊᠊᠊᠊᠊᠊᠊᠊᠊᠊᠊᠊ ᠬᠠᠷ᠎ᠠ ᠵᠥᠩᠳᠡᠭᠡᠨ ᠶᠠᠮᠠᠷ ᠡᠪᠡᠳᠴᠢᠨ ᠬᠠᠭᠤᠴᠢᠨ ᠣᠯᠴᠢᠬᠠᠬᠤ ᠪᠣᠢ᠂ ᠰᠦᠨᠢ ᠨᠣᠢ᠌ᠷ ᠳᠤᠳᠠᠭᠰᠠᠨ ᠤ ᠪᠤᠯᠤᠯᠭᠦᠢ ᠳᠤᠯᠤᠭᠠᠢ ᠵᠢᠭᠠᠬᠠᠨ ᠡᠪᠠᠳᠦᠭᠡᠳ ᠪᠠᠢ᠌ᠨ᠎ᠠ ᠭᠡᠵᠤ ᠪᠠᠯᠭᠠᠷ ᠬᠤᠳᠠᠯ ᠳᠠᠯᠠᠰᠤᠯ᠎ᠠ᠃

᠊᠊᠊᠊᠊᠊᠊᠊᠊᠊᠊᠊᠊᠊᠊ ᠦᠨᠡᠨ ᠳᠤᠯᠤᠭᠠᠢ ᠡᠭᠢᠨ ᠴᠢᠨᠢ ᠡᠪᠠᠳᠦᠭᠡ ᠪᠣᠯ ᠬᠤᠭᠤᠰᠤᠨ ᠮᠠᠯᠠᠷᠠᠵᠤ ᠰᠠᠭᠤᠭᠠᠤᠨ ᠶᠠᠮᠠᠷ ᠳᠤᠰᠠ᠂ ᠨᠠᠩᠴᠢ ᠪᠠᠨ ᠬᠤᠷᠳᠤᠨ ᠣᠤᠭᠤ᠃ ᠳᠡᠭᠡᠭᠡᠳ ᠡᠮᠨᠡᠯᠭᠡ ᠳᠤ ᠣᠴᠢᠶ᠎ᠠ ᠭᠡᠴᠢᠭᠡᠭᠡᠳ ᠰᠡᠷᠭᠦᠯᠡᠩᠮ᠎ᠡ ᠳᠤᠭᠤᠢ ᠪᠣᠯᠪᠠ᠃

ᠦᠴᠦᠭᠡᠳᠦᠷ ᠡᠴᠡ ᠡᠭᠢᠯᠡᠭᠡᠳ ᠭᠡᠨᠡᠳᠲᠡ ᠥᠭᠡᠷ᠎ᠡ ᠨᠢᠭᠡ ᠭᠦᠮᠤᠨ ᠪᠣᠯᠤᠨ ᠬᠤᠪᠢᠷᠠᠴᠢᠬᠠᠳᠠᠭ ᠨᠥᠭᠦᠷ ᠶᠢᠡᠨ ᠰᠡᠷᠭᠦᠯᠡᠩᠮ᠎ᠡ ᠰᠠᠮ ᠭᠠᠢ᠌ᠬᠠᠯ᠎ᠠ᠃ ᠬᠠᠶᠠ ᠳᠤᠷ᠎ᠠ ᠦᠭᠡᠶ ᠨᠢ ᠭᠦᠳᠡᠯᠪᠠᠯ ᠵᠥᠩᠳᠡᠭᠡᠨ ᠳᠠᠭᠤ ᠱᠤᠤ ᠳᠠᠰᠤᠷᠠᠭᠠᠤᠨ ᠶᠠᠪᠣᠴᠢᠬᠠᠳᠠᠭ ᠵᠢᠭ᠍ᠳᠡᠢ ᠵᠠᠩ ᠲᠡᠶ ᠴᠤ ᠢᠩᠭᠢᠳᠡᠯ᠎ᠡ ᠪᠠᠨ ᠰᠦᠨᠠᠰᠤ ᠪᠠᠨ ᠭᠡᠭᠡᠴᠢᠭᠡᠭ᠍ᠰᠡᠨ ᠰᠢᠭ᠌ ᠳᠠᠭ ᠮᠡᠯᠡᠷᠡᠭᠡᠳ ᠰᠠᠭᠤᠴᠢᠬᠠᠬᠤ ᠶᠢ ᠨᠢ ᠣᠳᠤ ᠪᠣᠯᠳᠠᠯ᠎ᠠ ᠥᠵᠡᠭᠡ ᠦᠭᠡᠶ᠃ ᠦᠨᠡᠨ ᠳᠤᠯᠤᠭᠠᠢ ᠨᠢ ᠡᠪᠠᠳᠦᠭᠡ ᠪᠣᠯᠪᠠ ᠦᠦ ︖ ᠰᠤᠨᠤᠰᠬᠤ ᠳᠤ ᠮᠠᠳᠠᠷᠠᠯ ᠤᠨ ᠡᠪᠡᠳᠴᠢᠨ ᠭᠡᠵᠤ ᠨᠢᠭᠡ ᠰᠤᠨᠢᠨ ᠡᠪᠡᠳᠴᠢᠨ ᠪᠠᠢ᠌ᠳᠠᠭ ᠭᠡᠰᠡᠨ᠃ ᠠᠷᠠᠢ ᠳᠠᠷᠠ ᠨᠢ ᠳᠤᠰᠴᠢᠬᠠᠭᠠᠤᠨ ᠨᠣᠢ᠌ᠷ ᠬᠤᠭᠤᠯᠠ ᠡᠴᠡ ᠭᠠᠷᠤᠭ᠎ᠠ ᠦᠭᠡᠶ ᠪᠢᠵᠠ ᠭᠡᠮᠡᠨ ᠳᠤᠳᠤᠷ᠎ᠠ ᠪᠠᠨ ᠰᠡᠵᠢᠭᠯᠡᠪᠡ᠃ ᠭᠡᠪᠠᠴᠤ ᠪᠦᠷ ᠴᠠᠰᠢ ᠨᠢ ᠭᠦᠳᠦᠯᠦᠭᠡᠳ ᠶᠠᠪᠣᠴᠢᠬᠠᠬᠤ ᠦᠭᠡᠶ ᠪᠣᠯ ᠡᠪᠡᠳᠴᠢᠨ ᠵᠡᠷᠭᠡ ᠴᠤ ᠭᠠᠢ᠌ᠭᠤᠢ᠂ ᠡᠮᠨᠡᠯ ᠵᠠᠰᠠᠯ ᠪᠠᠢ᠌ᠳᠠᠭ ᠪᠠᠢ ᠯᠠ ᠦᠭᠡᠶ ᠭᠡᠵᠤ ᠪᠠᠶ᠎ᠠ ᠪᠠᠨ ᠠᠷᠭᠠᠳᠠᠯ᠎ᠠ᠃

᠊᠊᠊᠊᠊᠊᠊᠊᠊᠊᠊᠊᠊᠊᠊ ᠴᠡᠩᠭᠡᠮ᠎ᠡ ᠪᠣᠰᠤᠭ᠎ᠠ ᠦᠭᠡᠶ ᠦᠦ ︖

᠊᠊᠊᠊᠊᠊᠊᠊᠊᠊᠊᠊᠊᠊᠊ ᠣᠠᠳᠠᠵᠤ ᠯᠠ ᠪᠠᠢ᠌ᠨ᠎ᠠ᠂ ᠡᠳᠦᠷᠵᠢᠨ ᠣᠷᠤᠭᠤ ᠴᠢᠷᠠᠢ᠌ᠯᠠᠬᠤ ᠦᠭᠡᠶ ᠪᠣᠯ ᠣᠠᠳᠠᠭᠠᠤᠨ ᠯᠠ ᠵᠢᠯ ᠴᠠᠭ ᠢ ᠪᠠᠷᠠᠨ᠎ᠠ᠃ ᠭᠡᠯᠡᠭᠦ ᠭᠢᠭᠦ ᠶᠠᠭᠤᠮ᠎ᠠ ᠡᠰᠡ ᠣᠯᠳᠠᠬᠤ ᠳᠠᠭᠠᠨ ᠪᠢᠵᠠ᠂ ᠲᠦᠷ ᠴᠠᠭ ᠴᠤ ᠪᠣᠯᠤᠭ ᠨᠢᠭᠡ ᠠᠵᠢᠯ ᠣᠯᠤᠭᠠᠤᠨ ᠥᠭ᠍ᠴᠢᠭᠡᠪᠠᠯ ᠭᠠᠢ᠌ᠭᠤᠢ ᠪᠣᠯᠴᠢᠬᠠᠬᠤ ᠪᠣᠢ ᠭᠡᠵᠤ ᠪᠣᠳᠤᠨ᠎ᠠ ᠭᠡᠳ ᠰᠡᠷᠭᠦᠯᠡᠩᠮ᠎ᠡ ᠡᠪᠦᠭᠡᠨ ᠶᠢᠡᠨ ᠴᠢᠷᠠᠢ᠌ᠳᠠᠪᠠ᠃

ᠭᠡᠦᠭᠡᠨ ᠴᠡᠩᠭᠡᠮ᠎ᠡ ᠨᠢ ᠶᠡᠭᠡ ᠰᠤᠷᠭᠠᠭᠤᠯᠢ ᠪᠠᠨ ᠳᠡᠭᠦᠰᠦᠭᠡᠳ ᠭᠡᠳᠤᠨ ᠵᠢᠯ ᠭᠡᠷ ᠲᠡᠭᠡᠨ ᠵᠥᠭᠡᠷ ᠭᠡᠪᠳᠡᠵᠤ ᠪᠠᠢ᠌ᠨ᠎ᠠ᠃ ᠪᠠᠶ᠎ᠠ ᠳᠤ ᠨᠢ ᠳᠤᠭᠢᠷᠠᠭᠰᠠᠨ ᠠᠵᠢᠯ ᠣᠯᠳᠠᠬᠤ ᠦᠭᠡᠶ ᠳᠡᠭᠡᠷ᠎ᠡ ᠪᠠᠢ᠌ᠭᠤᠯᠭ᠎ᠠ ᠨᠡᠢ᠌ᠭᠡᠮ ᠨᠢ ᠭᠦᠮᠤᠨ ᠢᠯᠡᠭᠦᠳᠡᠴᠢᠭᠡᠯ᠎ᠡ ᠭᠡᠳ ᠣᠢ᠌ᠰᠢᠶᠠᠳᠠᠭ ᠦᠭᠡᠶ᠃ ᠪᠠᠯᠭᠠᠷ ᠡᠨᠡ ᠳᠠᠷᠠ ᠳᠠᠨᠢᠳᠠᠭ ᠭᠦᠮᠤᠨ ᠶᠢᠡᠨ ᠭᠤᠶᠤᠵᠤ᠂ ᠣᠷᠤᠭᠤ ᠥᠭᠡᠳᠡ ᠭᠡᠰᠡᠭ᠌ ᠭᠦᠶ‍ᠦᠭ᠍ᠰᠡᠨ ᠪᠣᠯᠪᠠᠴᠤ ᠳᠤᠰᠠ ᠭᠠᠷᠤᠭᠰᠠᠨ ᠦᠭᠡᠶ ᠪᠣᠯᠬᠤᠷ ᠨᠢᠭᠡᠮᠦᠰᠤᠨ ᠵᠤᠷᠢᠭ ᠨᠢ ᠮᠤᠬᠤᠴᠢᠬᠠᠵᠠᠢ᠃ ᠶᠠᠪᠣᠭᠠᠨ ᠳᠠᠭᠠᠨ ᠠᠵᠢᠯ ᠣᠯᠤᠭᠰᠠᠨ ᠦᠭᠡᠶ ᠨᠢ ᠭᠠᠭᠴᠠ ᠮᠢᠨᠤ ᠭᠡᠦᠭᠡᠨ ᠴᠤ ᠪᠢᠰᠢ ᠭᠡᠵᠤ ᠪᠣᠳᠤᠭᠠᠤᠨ ᠦᠪᠡᠷ ᠤᠨ ᠪᠠᠶ᠎ᠠ ᠪᠠᠨ ᠦᠪᠡᠷ ᠶᠢᠡᠨ ᠬᠠᠭᠤᠷᠳᠠᠭ ᠪᠣᠯᠤᠭᠰᠠᠨ ᠪᠠᠢ᠌ᠯ᠎ᠠ᠃

᠊᠊᠊᠊᠊᠊᠊᠊᠊᠊᠊᠊᠊᠊᠊ ᠪᠢᠳᠠ ᠬᠤᠶᠠᠷ ᠤᠨ ᠡᠨᠡ ᠠᠭᠠᠰᠢᠯᠠᠵᠤ ᠪᠠᠢ᠌ᠳᠠᠭ ᠶᠠᠩᠵᠤ ᠪᠠᠷ ᠶᠠᠮᠠᠷ ᠠᠵᠢᠯ ᠣᠯᠤᠭᠠᠤᠨ ᠥᠭ᠍ᠴᠢᠭᠡᠭᠦ ᠪᠢᠯᠠ ︖ ᠵᠥᠭᠡᠷ ᠯᠠ ᠣᠯᠤᠰ ᠤᠨ ᠭᠠᠷ ᠨᠢᠭᠤᠷ ᠢ᠂᠂ ᠭᠡᠳᠡᠯ᠎ᠡ ᠪᠠᠯᠭᠠᠷ ᠤᠨ ᠭᠠᠷ ᠣᠳᠠᠰᠤ ᠳᠤᠤᠭᠠᠷᠪᠠ᠃ ᠠᠪᠣᠭᠠᠤᠨ ᠦᠵᠡᠪᠠᠯ ᠶᠠᠭ ᠦᠴᠦᠭᠡᠳᠦᠷ ᠤᠨ ᠢᠷᠡᠭᠦᠯᠳᠡᠭ᠌ ᠣᠳᠠᠰᠤᠨ ᠨᠤᠮᠸᠷ ᠪᠠᠢ᠌ᠬᠤᠯᠠᠷ ᠬᠤᠷᠳᠤᠬᠠᠨ ᠪᠣᠰᠤᠭᠠᠤᠨ ᠳᠤᠳᠤᠷ᠎ᠠ ᠦᠷᠦᠭᠡᠨ ᠳᠡᠭᠡᠨ ᠣᠷᠤᠯ᠎ᠠ᠃

᠊᠊᠊᠊᠊᠊᠊᠊᠊᠊᠊᠊᠊᠊᠊ ᠸᠠᠢ᠂ ᠭᠡᠨ ᠪᠣᠢ ︖

᠊᠊᠊᠊᠊᠊᠊᠊᠊᠊᠊᠊᠊᠊᠊ ᠪᠢ ᠰᠢᠶᠤᠤ ᠮᠢᠩ ᠪᠠᠢ᠌ᠨ᠎ᠠ᠂ ᠦᠴᠦᠭᠡᠳᠦᠷ ᠤᠨ ᠭᠡᠯᠡᠭ᠍ᠰᠡᠨ ᠢ ᠪᠣᠳᠤᠭᠠᠤᠨ ᠶᠠᠮᠠᠷ ᠵᠡᠷᠭᠡ ᠪᠣᠯᠪᠠ ︖

᠊᠊᠊᠊᠊᠊᠊᠊᠊᠊᠊᠊᠊᠊᠊ ᠡᠨ᠂ ᠴᠢ ᠶᠠᠭᠠᠭᠢᠯ᠎ᠠ ᠭᠡᠨ᠎ᠡ ︖ ᠴᠤᠬᠤᠮ ᠶᠠᠮᠠᠷ ᠣᠴᠢᠷ ᠲᠡᠶ ᠣᠳᠠᠰᠤᠳᠠᠭᠠᠤᠨ ᠪᠣᠢ ᠭᠡᠨ᠎ᠡ ︖

᠊᠊᠊᠊᠊᠊᠊᠊᠊᠊᠊᠊᠊᠊᠊ ᠶᠠᠭᠤ ᠭᠡᠨ᠎ᠡ ᠴᠢ᠂ ᠨᠤᠮᠤᠬᠠᠨ ᠪᠦᠰᠡᠭᠦᠢ ᠶᠢ ᠨᠤᠭᠳᠤᠯᠵᠤ᠂ ᠭᠡᠳᠡᠰᠤ ᠶᠢ ᠨᠢ ᠪᠦᠳᠦᠭᠦᠷᠡᠭᠦᠯᠵᠤ ᠳᠠᠯᠪᠢᠴᠢᠬᠠᠭᠠᠤᠨ ᠪᠠᠰᠠ ᠳᠠᠨᠢᠬᠤ ᠦᠭᠡᠶ ᠪᠠᠷ ᠣᠪᠯᠠᠬᠤ ᠭᠡᠳᠡᠭ᠌ ᠴᠢᠨᠢ᠃ ᠴᠢ ᠬᠠᠮᠢᠶᠠᠷᠳᠠᠭ ᠦᠭᠡᠶ ᠪᠣᠯ ᠪᠢ ᠴᠢᠮ᠎ᠠ ᠶᠢ ᠰᠢᠭᠤᠳ ᠬᠠᠢ᠌ᠭᠠᠤᠨ ᠭᠦᠷᠦᠶ᠎ᠡ᠂ ᠳᠡᠭᠡᠭᠡᠳ ᠶᠠᠭᠠᠭᠢᠬᠤ ᠶᠢ ᠴᠢᠨᠢ ᠨᠢᠭᠡ ᠦᠵᠡᠨ᠎ᠡ᠃ ᠣᠳᠤ ᠨᠠᠳᠠ ᠵᠤᠭᠤᠰ ᠴᠤ ᠦᠭᠡᠶ᠂ ᠰᠠᠭᠤᠬᠤ ᠭᠡᠷ ᠴᠤ ᠦᠭᠡᠶ ᠣᠯᠠᠭᠠᠨ ᠨᠢᠯᠬ᠎ᠠ ᠪᠠᠨ ᠭᠡᠭᠡᠷ᠎ᠡ ᠵᠤᠯᠪᠢᠬᠤ ᠪᠠᠷ ᠪᠣᠯᠤᠭᠠᠤᠨ ᠪᠠᠢ᠌ᠨ᠎ᠠ᠃ ᠴᠢ ᠦᠪᠡᠷ ᠶᠢᠡᠨ ᠮᠠᠳᠠ᠂ ᠪᠢ ᠴᠢᠮ᠎ᠠ ᠳᠤ ᠭᠤᠷᠪᠠᠨ ᠡᠳᠦᠷ ᠤᠨ ᠴᠠᠭ ᠦᠭ‍ᠭᠦᠨ᠎ᠡ᠃ ᠬᠤᠷᠳᠤᠨ ᠨᠢᠭᠡ ᠰᠢ᠌ᠳ ᠳᠡᠭᠡᠷ᠎ᠡ ᠪᠠᠨ ᠳᠠᠯᠪᠢᠬᠤ ᠦᠭᠡᠶ ᠪᠣᠯ ᠨᠠᠮ᠎ᠠ ᠶᠢ ᠨᠢᠭᠤᠷ ᠬᠠᠢ᠌ᠷᠠᠯᠭᠰᠠᠨ ᠦᠭᠡᠶ ᠭᠡᠵᠤ ᠪᠢᠳᠡᠭᠡᠢ ᠪᠣᠳᠤᠭᠠᠷᠠᠢ ᠭᠡᠴᠢᠭᠡᠭᠡᠳ ᠣᠳᠠᠰᠤ ᠪᠠᠨ ᠱᠠᠭ ᠭᠡᠳᠡᠯ᠎ᠡ ᠳᠠᠷᠤᠴᠢᠬᠠᠪᠠ᠃

ᠪᠠᠯᠭᠠᠷ ᠳᠤᠯᠤᠭᠠᠢ ᠣᠷᠤᠭᠤ ᠪᠠᠨ ᠭᠦᠡᠳᠤ ᠶᠠᠭᠤᠮ᠎ᠠ ᠪᠠᠷ ᠵᠠᠠᠴᠢᠭᠤᠯᠤᠭᠰᠠᠨ ᠰᠢᠭ ᠳᠤᠤᠷ᠎ᠠ ᠪᠠᠨ ᠮᠠᠨᠠᠷᠠᠭᠠᠤᠨ ᠶᠠᠪᠣᠴᠢᠬᠠᠯ᠎ᠠ᠃ ᠳᠠᠭᠠᠮᠠᠭᠯᠠᠭᠰᠠᠨ ᠡᠴᠡ ᠨᠢ ᠭᠠᠷᠤᠭᠰᠠᠨ ᠦᠭᠡᠶ᠂ ᠮᠡᠳᠡᠭ᠍ᠰᠡᠭᠡᠷ ᠪᠠᠢ᠌ᠭᠠᠤᠨ ᠡᠮ᠎ᠡ ᠶᠢᠨ ᠮᠡᠭᠡᠨ ᠳᠤ ᠣᠨᠠᠨ ᠬᠠᠮᠠᠷ ᠡᠴᠡ ᠪᠠᠨ ᠣᠭᠤᠰᠤᠷᠯᠠᠭᠤᠯᠬᠤ ᠭᠡᠵᠤ ᠭᠡᠨ ᠰᠠᠨᠠᠪᠠ ᠡ᠃ ᠥᠭᠡᠢ᠌ᠷᠡᠭᠦ ᠪᠠᠨ ᠮᠡᠳᠡᠳᠡᠭ᠌ ᠦᠭᠡᠶ ᠳᠡᠭᠡᠳᠤ ᠣᠯᠠᠭᠠᠨ ᠬᠤᠭᠤᠯᠠᠢ᠂ ᠥᠭᠦᠭᠦ ᠪᠠᠨ ᠮᠡᠳᠡᠳᠡᠭ᠌ ᠦᠭᠡᠶ ᠳᠤᠤᠷᠠᠳᠤ ᠣᠯᠠᠭᠠᠨ ᠬᠤᠭᠤᠯᠠᠢ ᠭᠡᠵᠤ ᠡᠭᠦᠨ ᠢ ᠭᠡᠯᠡᠭ᠍ᠰᠡᠨ ᠪᠠᠢ᠌ᠬ᠎ᠠ ᠳ᠋ᠠ᠃ ᠭᠡᠯᠡ ᠰᠠᠨᠠᠭ᠎ᠠ ᠨᠡᠢ᠌ᠯᠡᠳᠡᠭ᠌ ᠣᠯᠤᠰ ᠪᠠᠢ᠌ᠭᠰᠠᠨ ᠪᠣᠯ ᠴᠤ ᠶᠠᠭᠠᠭᠢᠬᠤ ᠪᠣᠢ᠂ ᠥᠭᠡ ᠣᠯᠠ ᠪᠠᠨ ᠣᠯᠤᠯᠴᠠᠨ ᠡᠪ ᠵᠦᠪ ᠶᠢᠡᠨ ᠦᠵᠡᠵᠤ ᠪᠣᠯᠤᠨ᠎ᠡ᠃ ᠭᠡᠳᠡᠯ᠎ᠡ ᠡᠢ᠌ᠮᠤ ᠪᠣᠷᠤᠭᠤ ᠨᠤᠮᠳᠠᠨ ᠲᠡᠶ ᠶᠠᠭᠤ ᠪᠠᠨ ᠭᠡᠯᠡᠯᠴᠡᠳᠡᠭ᠌ ᠪᠢᠯᠠ ︖ ᠳᠡᠭᠡᠭᠡᠳ ᠳᠡᠭᠦᠨ ᠤ ᠳᠠᠷᠠ ᠰᠤᠮᠨᠠᠵᠤ ᠪᠠᠢ᠌ᠬᠤ ᠶᠢ ᠦᠵᠡ᠂ ᠭᠠᠭᠴᠠᠬᠠᠨ ᠭᠦᠵᠦᠭᠦᠨ ᠳᠡᠭᠡᠭᠦᠷ ᠵᠠᠢ᠌ᠳᠠᠯᠠᠬᠤ ᠨᠢ ᠳᠤᠳᠠᠵᠤ ᠪᠠᠢ᠌ᠨ᠎ᠠ᠃ ᠶᠠᠭᠠᠭᠢᠯ᠎ᠠ ᠭᠡᠨ᠎ᠡ ︖ ᠬᠡᠦᠬᠡᠳ ᠲᠡᠶ ᠪᠣᠯᠴᠢᠬᠠᠭᠰᠠᠨ ᠭᠡᠪᠡ ᠦᠦ᠂ ᠭᠡᠨ ᠢᠳᠡᠭᠡᠭᠦ ᠪᠣᠢ ︖ ᠵᠢᠷᠠ ᠭᠠᠳᠤᠯᠤᠨ ᠵᠢᠯ ᠶᠢᠡᠨ ᠪᠠᠷᠠᠭᠰᠠᠨ ᠬᠠᠳᠠᠭᠰᠠᠨ ᠬᠠᠷ᠎ᠠ ᠡᠪᠦᠭᠡᠨ ᠳᠤ ᠶᠠᠮᠠᠷ ᠳᠠᠢ᠌ᠮᠤ ᠴᠢᠳᠠᠯ ︖ ᠭᠡᠵᠤ ᠪᠠᠶ᠎ᠠ ᠪᠠᠨ ᠭᠠᠢ᠌ᠬᠠᠵᠤ ᠬᠤᠴᠤᠷᠤᠯ᠎ᠠ᠃

ᠣᠳᠠᠰᠤ ᠳᠤᠰᠬᠤ ᠪᠠᠷ ᠪᠣᠰᠤᠭᠰᠠᠨ ᠭᠦᠮᠤᠨ ᠴᠢᠷᠠᠢ ᠨᠢ ᠴᠢᠷᠠᠢ ᠪᠢᠰᠢ ᠪᠣᠯᠴᠢᠬᠠᠭᠰᠠᠨ ᠪᠣᠴᠠᠭᠠᠤᠨ ᠢᠷᠡᠭᠦ ᠳᠤ ᠰᠡᠷᠭᠦᠯᠡᠩᠮ᠎ᠡ ᠶᠢᠨ ᠳᠤᠳᠤᠷ᠎ᠠ ᠵᠢᠷᠳ᠋ ᠭᠡᠵᠤ᠄

᠊᠊᠊᠊᠊᠊᠊᠊᠊᠊᠊᠊᠊᠊᠊ ᠶᠠᠭᠤᠨ ᠣᠳᠠᠰᠤ ᠪᠠᠢ᠌ᠨ᠎ᠠ ︖ ᠭᠡᠳ ᠡᠪᠦᠭᠡᠨ ᠶᠢᠡᠨ ᠬᠠᠷᠠᠨ ᠪᠦᠯᠳᠦᠭᠡᠨᠡᠪᠡ᠃

᠊᠊᠊᠊᠊᠊᠊᠊᠊᠊᠊᠊᠊᠊᠊ ᠥ᠂ ᠵᠥᠭᠡᠷ ᠭᠡᠷᠡᠭ᠌ ᠦᠭᠡᠶ ᠣᠳᠠᠰᠤ ᠪᠠᠢ᠌ᠨ᠎ᠠ ᠭᠡᠴᠢᠭᠡᠭᠡᠳ ᠪᠠᠯᠭᠠᠷ ᠣᠷᠤᠨ ᠳᠠᠭᠠᠨ ᠰᠠᠭᠤᠯ᠎ᠠ᠃

ᠶᠠᠮᠠᠷ ᠮᠠᠭᠤ ᠢᠷᠸ᠎ᠠ ᠶᠢᠨ ᠴᠢᠮᠡᠭᠡ ᠰᠤᠨᠤᠰᠴᠢᠬᠠᠬᠤ ᠪᠣᠯ ᠭᠡᠵᠤ ᠵᠢᠷᠦᠭᠡ ᠪᠠᠨ ᠭᠠᠷ ᠲᠠᠭᠠᠨ ᠪᠠᠷᠢᠵᠤ ᠪᠠᠢ᠌ᠭᠰᠠᠨ ᠰᠡᠷᠭᠦᠯᠡᠩᠮ᠎ᠡ ᠶᠢᠨ ᠳᠤᠳᠤᠷ᠎ᠠ ᠨᠢ ᠠᠭᠤᠵᠢᠷᠠᠨ ᠳᠠᠢ᠌ᠪᠣᠰᠢᠷᠠᠪᠠ᠃ ᠳᠡᠭᠡᠭᠡᠳ ᠭᠡᠷᠡᠭ᠌ ᠦᠭᠡᠶ ᠣᠳᠠᠰᠤ ᠪᠠᠨ ᠳᠤᠰᠴᠢᠬᠠᠭᠠᠤᠨ ᠳᠠᠳᠤᠢ ᠦᠨᠡᠰᠤᠨ ᠴᠢᠷᠠᠢ᠌ᠯᠠᠭᠠᠤᠨ ᠨᠠᠮ᠎ᠠ ᠶᠢ ᠠᠶᠤᠯᠭᠠᠬᠤ ᠭᠡᠷᠡᠭ᠌ ᠪᠠᠢ᠌ᠨ᠎ᠠ ᠦᠦ ᠭᠡᠮᠡᠨ ᠢᠨᠢᠶᠠᠳᠤ ᠨᠢ ᠭᠦᠷᠭᠦ ᠳᠡᠭᠡᠨ ᠳᠡᠰᠦᠭ᠍ᠰᠡᠨ ᠦᠭᠡᠶ᠄

᠊᠊᠊᠊᠊᠊᠊᠊᠊᠊᠊᠊᠊᠊᠊ ᠭᠡᠷᠡᠭ᠌ ᠦᠭᠡᠶ ᠣᠳᠠᠰᠤ ᠪᠠᠨ ᠳᠤᠰᠴᠢᠬᠠᠭᠠᠤᠨ ᠳᠡᠭᠡᠳᠡᠯ᠎ᠡ ᠪᠠᠨ ᠴᠢᠷᠠᠢ ᠠᠯᠳᠠᠬᠤ ᠶᠠᠭᠠᠭᠢᠪᠠ ᠭᠡᠵᠤ ᠡᠪᠦᠭᠡᠨ ᠶᠢᠡᠨ ᠭᠤᠤᠴᠢᠯᠠᠪᠠ᠃

ᠳᠡᠷᠡᠭᠡᠨ ᠵᠠᠭᠤᠷ᠎ᠠ ᠶᠠᠭᠤ ᠶᠠᠭᠠᠭᠢᠵᠤ ᠭᠡᠯᠡᠭᠦ ᠪᠠᠨ ᠣᠯᠬᠤ ᠦᠭᠡᠶ ᠳᠤᠯᠭᠠᠮᠳᠠᠵᠤ ᠠᠪᠣᠭᠰᠠᠨ ᠪᠠᠯᠭᠠᠷ᠄

᠊᠊᠊᠊᠊᠊᠊᠊᠊᠊᠊᠊᠊᠊᠊ ᠴᠢᠷᠠᠢ ᠠᠯᠳᠠᠨ᠎ᠠ ᠭᠡᠵᠤ᠂ ᠴᠢᠭ᠌ ᠦᠭᠡᠶ ᠣᠳᠠᠰᠤ ᠢᠷᠡᠭᠦᠯᠡᠷ ᠭᠡᠨ ᠶᠠᠭᠤᠨ ᠤ ᠴᠤ ᠪᠠᠢ᠌ᠳᠠᠭ ᠪᠢᠯᠠ ᠭᠡᠮᠡᠨ ᠪᠣᠳᠤᠵᠤ ᠪᠠᠢ᠌ᠨ᠎ᠠ ᠭᠡᠳ ᠱᠠᠯ ᠬᠤᠳᠠᠯ ᠫᠣᠤᠳᠠᠴᠢᠬᠠᠯ᠎ᠠ᠃

ᠡᠨᠡ ᠪᠠᠢ᠌ᠳᠠᠯ ᠢ ᠬᠠᠷᠠᠭᠰᠠᠨ ᠰᠡᠷᠭᠦᠯᠡᠩᠮ᠎ᠡ ᠣᠯᠠᠮ ᠢᠨᠢᠶᠠᠳᠤ ᠨᠢ ᠭᠦᠷᠦᠭ᠍ᠰᠡᠨ ᠪᠣᠯᠪᠠᠴᠤ ᠢᠨᠢᠶᠠᠳᠤ ᠪᠠᠨ ᠭᠦᠴᠤ ᠪᠠᠷ ᠬᠠᠰᠢᠵᠤ᠂ ᠭᠦᠮᠤᠨ ᠭᠦᠭ᠍ᠰᠢᠷᠡᠪᠠᠯ ᠵᠠᠩ ᠨᠢ ᠵᠥᠩᠳᠡᠭᠡᠨ ᠬᠤᠪᠢᠷᠠᠴᠢᠬᠠᠳᠠᠭ ᠭᠡᠰᠡᠨ᠃ ᠭᠦᠭ᠍ᠰᠢᠷᠡᠵᠤ ᠵᠥᠨᠦᠭᠡᠳ ᠰᠡᠳᠭᠢᠯ ᠶᠢᠡᠨ ᠡᠵᠡᠮᠳᠡᠵᠤ ᠴᠢᠳᠠᠬᠤ ᠦᠭᠡᠶ ᠪᠠᠢ᠌ᠭ᠎ᠠ ᠴᠤ ᠪᠣᠯᠪᠠ ᠦᠦ ᠭᠡᠵᠤ ᠪᠣᠳᠤᠭᠠᠤᠨ ᠴᠠᠰᠢ ᠨᠢ ᠱᠠᠯᠠᠵᠤ ᠰᠢᠷᠭᠠᠭᠠᠤᠨ ᠪᠠᠢ᠌ᠭᠰᠠᠨ ᠦᠭᠡᠶ᠂ ᠬᠠᠷᠢᠨ ᠥᠭᠡ ᠪᠠᠨ ᠥᠭᠡᠷ᠎ᠡ ᠳᠠᠰᠢ ᠰᠢᠯᠵᠢᠭᠦᠯᠵᠤ᠄

᠊᠊᠊᠊᠊᠊᠊᠊᠊᠊᠊᠊᠊᠊᠊ ᠥᠵᠡᠭ᠍ᠰᠡᠨ ᠦᠭᠡᠶ ᠬᠤᠶᠠᠷ ᠬᠤᠨᠤᠴᠢᠬᠠᠭᠰᠠᠨ ᠴᠢᠨᠢ ᠮᠠᠭᠤ ᠣᠮᠪᠣᠯ ᠭᠦᠤ ᠪᠠᠨ ᠰᠠᠨᠠᠭᠠᠤᠨ ᠬᠠᠳᠠᠬᠤ ᠨᠢ᠂ ᠮᠠᠨᠤᠰ ᠡᠮᠨᠡᠯᠭᠡ ᠪᠠᠷ ᠭᠠᠷᠤᠭᠠᠤᠨ ᠴᠠᠰᠢ ᠨᠢ ᠠᠶᠠᠨ ᠤ ᠳᠤ ᠣᠴᠢᠭᠠᠤᠨ ᠢᠷᠠᠶ᠎ᠠ᠃ ᠬᠤᠷᠳᠤᠨ ᠴᠠᠢ ᠪᠠᠨ ᠣᠤᠭᠤ ᠭᠡᠳ ᠡᠪᠦᠭᠡᠨ ᠶᠢᠡᠨ ᠶᠠᠭᠠᠷᠠᠭᠤᠯᠵᠠᠢ᠃

ᠠᠯᠪᠠ ᠶᠢᠨ ᠳᠠᠳᠤᠢ ᠴᠠᠢ ᠪᠠᠨ ᠪᠠᠯᠭᠤᠭᠰᠠᠨ ᠪᠣᠯᠵᠤ᠂ ᠪᠣᠭᠤᠷᠰᠤᠭ ᠮᠢᠬᠠᠨ ᠳᠤ ᠭᠠᠷ ᠭᠦᠷᠦᠭᠡᠳ ᠥᠩᠭᠡᠷᠡᠭ᠍ᠰᠡᠨ ᠪᠠᠯᠭᠠᠷ᠄

᠊᠊᠊᠊᠊᠊᠊᠊᠊᠊᠊᠊᠊᠊᠊ ᠶᠠᠮᠠᠷ ᠠᠮᠢᠨ ᠳᠤ ᠭᠦᠷᠦᠮᠡᠷ ᠭᠦᠡᠳᠤ ᠡᠪᠡᠳᠴᠢᠨ ᠪᠠᠢ᠌ᠬᠤ ᠪᠢᠰᠢ᠂ ᠡᠮᠨᠡᠯᠭᠡ ᠳᠤ ᠣᠴᠢᠬᠤ ᠭᠡᠷᠡᠭ᠌ ᠦᠭᠡᠶ᠃ ᠪᠢ ᠦᠨᠦᠳᠤᠷ ᠵᠡᠭᠡᠯᠢ ᠳᠤ ᠭᠠᠷᠬᠤ ᠪᠠᠭ᠎ᠠ ᠣᠴᠢᠷ ᠪᠠᠢ᠌ᠨ᠎ᠠ᠃ ᠴᠢ ᠳᠡᠭᠡᠭᠡᠳ ᠭᠦᠤ ᠶᠢᠨ ᠭᠡᠷ ᠶᠢᠡᠷ ᠣᠷᠤᠵᠤ ᠣᠮᠪᠣᠯ ᠶᠢᠡᠨ ᠥᠵᠡᠭᠡᠳ ᠢᠷ᠎ᠠ ᠭᠡᠴᠢᠭᠡᠭᠡᠳ ᠭᠠᠷ ᠶᠢᠡᠨ ᠠᠷᠴᠢᠨ ᠪᠣᠰᠪᠠ᠃

ᠵᠥᠭᠡᠷ ᠲᠤ ᠣᠮᠪᠣᠯ ᠶᠢᠡᠨ ᠭᠡᠪᠠᠯ ᠪᠠᠷᠢᠭᠠᠤᠨ ᠢᠳᠡᠴᠢᠭᠡᠮᠡᠷ ᠠᠭᠠᠰᠢᠯᠠᠳᠠᠭ ᠡᠪᠦᠭᠡᠨ ᠨᠢ ᠦᠨᠦᠳᠤᠷ ᠥᠭᠡᠷ᠎ᠡ ᠨᠢᠭᠡ ᠭᠦᠮᠤᠨ ᠪᠣᠯᠤᠨ ᠬᠤᠪᠢᠷᠠᠭᠰᠠᠨ ᠳᠤ ᠰᠡᠷᠭᠦᠯᠡᠩᠮ᠎ᠡ ᠣᠴᠢᠷ ᠣᠬᠠᠭᠠᠨ ᠢ ᠨᠢ ᠣᠯᠵᠤ ᠶᠠᠳᠠᠨ ᠳᠠᠮᠠᠢ ᠪᠦᠯᠳᠡᠯᠵᠡᠨ ᠬᠤᠴᠤᠷᠴᠠᠢ᠃

ᠵᠡᠭᠡᠯᠢ ᠳᠡᠭᠡᠷ᠎ᠡ ᠳᠡᠷᠭᠡ ᠲᠡᠶ ᠶᠠᠪᠠᠭᠠᠨ ᠭᠦᠮᠦᠰ ᠣᠷᠤᠭᠤ ᠥᠭᠡᠳᠡ ᠭᠤᠭᠤᠵᠢᠨ ᠭᠦᠰᠭᠡᠷᠡᠨ᠎ᠡ᠃ ᠶᠡᠭᠡ ᠴᠤ ᠪᠣᠯᠤᠭ᠂ ᠪᠠᠭ᠎ᠠ ᠴᠤ ᠪᠣᠯᠤᠭ ᠰᠠᠭᠤᠭᠠᠯᠢ ᠢᠷᠭᠡᠳ ᠲᠡᠶ ᠭᠠᠵᠠᠷ ᠬᠠᠮᠢᠭ᠎ᠠ ᠨᠢ ᠴᠤ ᠭᠡᠰᠡᠨ ᠭᠦᠮᠤᠨ ᠬᠠᠷ᠎ᠠ ᠭᠦᠰᠭᠡᠷᠡᠭᠡᠳ ᠪᠠᠢ᠌ᠳᠠᠭ ᠨᠢ ᠳᠤᠮᠳᠠᠳᠤ ᠣᠯᠤᠰ ᠤᠨ ᠨᠢᠭᠡ ᠣᠠᠴᠠᠯᠢᠭ᠃ ᠴᠢᠯᠦᠭᠡᠯᠡᠭ᠍ᠳᠡᠭ᠍ᠰᠡᠨ ᠳᠠᠷᠤᠢ ᠪᠦᠭᠦᠳᠡᠭᠡᠷ ᠭᠦᠮᠤᠨ ᠣᠯᠠᠨ ᠪᠣᠯ ᠭᠦᠴᠤᠨ ᠶᠡᠭᠡ ᠭᠡᠮᠡᠨ ᠳᠤᠷ᠎ᠠ ᠪᠠᠷ ᠶᠢᠡᠨ ᠦᠰᠭᠡᠭ᠍ᠰᠡᠭᠡᠷ ᠪᠠᠢ᠌ᠭᠠᠤᠨ ᠭᠡᠮᠵᠢᠶᠡᠨ ᠡᠴᠡ ᠭᠡᠳᠦᠷᠡᠭᠦᠯᠵᠤ᠂ ᠣᠳᠤ ᠪᠣᠯᠬᠤ ᠳᠤ ᠭᠡᠳᠡᠷᠭᠦ ᠠᠬᠣᠢ᠌ᠯᠠᠵᠤ ᠭᠦᠴᠦᠷᠡᠭᠦ ᠦᠭᠡᠶ ᠳᠠᠮᠤ ᠪᠠᠨ ᠡᠯᠯᠡᠵᠤ ᠪᠠᠢ᠌ᠬᠤ ᠨᠢ ᠡᠨᠡ᠃ ᠭᠡᠳᠥᠢᠪᠠᠷ ᠲᠦᠯᠦᠪᠯᠡᠯᠭᠡᠳᠤ ᠦᠷᠠᠵᠢᠯ ᠤᠨ ᠳᠦᠷᠤ ᠶᠢᠨ ᠪᠣᠳᠤᠯᠭ᠎ᠠ ᠭᠡᠷᠡᠭ᠍ᠵᠢᠭᠦᠯᠦᠭ᠍ᠰᠡᠭᠡᠷ ᠪᠠᠢ᠌ᠪᠠᠴᠤ ᠬᠠᠤᠯᠢ ᠡᠴᠡ ᠳᠠᠷᠰᠯᠠᠨ ᠬᠤᠯᠠᠭᠠᠢ ᠪᠠᠷ ᠴᠤᠪᠣᠭᠤᠯᠤᠭᠰᠠᠭᠠᠷ ᠪᠠᠢ᠌ᠵᠤ ᠨᠡᠢ᠌ᠭᠡᠮ ᠤᠨ ᠳᠠᠷᠤᠭᠠᠰᠤ ᠶᠢ ᠭᠦᠡᠳᠦᠷᠡᠭᠦᠯᠤᠨ ᠭᠠᠵᠠᠷ ᠤᠨ ᠭᠦᠷᠦᠰᠤ ᠶᠢ ᠪᠠᠷᠠᠨ᠎ᠠ᠃ ᠭᠦᠮᠤᠨ ᠳᠤᠠᠳᠠᠭᠤᠷ ᠵᠠᠶᠠᠭᠠᠳᠤ ᠵᠥᠪᠭᠡᠨ ᠨᠢᠳᠤᠨ ᠡᠮᠦᠨᠡᠭᠢ ᠪᠠᠨ ᠬᠠᠷᠠᠭᠠᠤᠨ ᠨᠢᠭᠦᠯ ᠤᠨ ᠦᠷ᠎ᠡ ᠪᠠᠨ ᠣᠯᠵᠤ ᠥᠵᠡᠳᠡᠭ᠌ ᠦᠭᠡᠶ ᠨᠢ ᠬᠠᠷᠠᠮᠰᠠᠯᠳᠠᠢ ᠳ᠋ᠠ᠃

ᠪᠠᠯᠭᠠᠷ ᠬᠠᠮᠠᠷ ᠦᠭᠡᠶ ᠳᠡᠮᠡᠭᠡᠨ ᠰᠢᠭ᠌ ᠬᠠᠠᠳᠤᠭᠰᠠᠨ ᠵᠥᠭ᠌ ᠶᠢᠡᠨ ᠴᠢᠭᠯᠡᠨ ᠶᠠᠪᠣᠭᠰᠠᠭᠠᠷ ᠳᠤᠨᠤᠯᠵᠢᠨ ᠵᠠᠮ ᠤᠨ ᠬᠣᠢ᠌ᠳᠤ ᠮᠤᠬᠤᠷ ᠲᠤ ᠳᠤᠯᠤᠭᠠᠤᠨ ᠵᠡᠭᠦᠡᠰᠢ ᠮᠤᠷᠣᠢ᠌ᠨ ᠳᠠᠷᠢᠶᠠᠨ ᠵᠠᠬ᠎ᠠ ᠳᠤ ᠭᠦᠷᠴᠤ ᠢᠷᠠᠪᠠ᠃ ᠰᠠ‍‌ᠶᠢ ᠴᠤᠬᠣᠢ᠌ᠵᠤ ᠪᠠᠢ᠌ᠭ᠎ᠠ ᠳᠠᠷᠢᠶᠠᠨ ᠴᠢᠭᠢ ᠭᠡᠪᠢᠰ ᠤᠨ ᠡᠷᠢᠶ᠎ᠡ ᠠᠳᠠᠯᠢ ᠳᠠᠩᠨᠠᠢ᠌ᠷᠠᠨ ᠦᠷᠭᠦᠯᠵᠢᠯᠡᠭᠡᠳ ᠵᠤᠯᠠᠢ ᠥᠨᠦᠰᠦᠭ᠍ᠰᠡᠨ ᠵᠥᠭᠡᠯᠡᠨ ᠵᠢᠪᠠᠷ ᠰᠠᠪᠡᠯᠵᠢᠳᠠᠯ᠎ᠠ ᠥᠯᠢᠶᠡᠭ᠍ᠰᠡᠨ ᠴᠤ ᠰᠡᠳᠭᠢᠯ ᠤᠨ ᠭᠤᠨᠢᠭ ᠢ ᠠᠷᠴᠢᠵᠤ ᠴᠢᠳᠠᠭ᠎ᠠ ᠦᠭᠡᠶ᠃ ᠣᠷᠢᠳᠤ ᠨᠢ ᠪᠠᠯᠭᠠᠷ ᠡ᠊ᠨᠳᠡ ᠢᠷᠠᠵᠤ ᠥᠩᠭᠡᠷᠡᠭᠡ ᠦᠭᠡᠶ᠂ ᠢᠷᠡᠭᠦ ᠴᠤ ᠭᠡᠷᠡᠭ᠍ᠴᠢᠭᠡ ᠪᠠᠢ᠌ᠭᠰᠠᠨ ᠥᠭᠡᠢ ᠪᠦᠭᠡᠳ ᠡ᠊ᠨᠳᠡ ᠡᠢ᠌ᠮᠤ ᠭᠠᠵᠠᠷ ᠪᠠᠢ᠌ᠨ᠎ᠠ ᠭᠡᠳᠡᠭ᠌ ᠢ ᠪᠠᠷᠤᠭ ᠮᠡᠳᠡᠭᠦ ᠴᠤ ᠦᠭᠡᠶ ᠶᠠᠪᠣᠭᠰᠠᠨ᠃ ᠭᠢᠭ᠍ᠰᠡᠨ ᠭᠡᠷᠡᠭ᠌ ᠲᠡᠭᠡᠨ ᠡᠵᠡᠨ᠂ ᠣᠤᠭᠤᠭᠰᠠᠨ ᠬᠤᠭᠤᠯᠠᠨ ᠳᠠᠭᠠᠨ ᠰᠠᠪᠠ ᠭᠡᠳᠡᠭ᠌ ᠶᠢᠡᠷ ᠦᠪᠡᠷ ᠤᠨ ᠥᠢᠯᠡᠳᠦᠭ᠍ᠰᠡᠨ ᠭᠡᠷᠡᠭ᠌ ᠤᠨ ᠶᠢᠡᠨ ᠥᠵᠦᠭᠦᠷ ᠰᠡᠭᠦᠯ ᠢ ᠦᠪᠡᠷ ᠶᠢᠡᠨ ᠯᠠ ᠭᠠᠷᠭᠠᠬᠤ ᠭᠡᠷᠡᠭ᠍ᠳᠡᠢ ᠪᠣᠯᠤᠭᠠᠤᠨ ᠪᠠᠢ᠌ᠭ᠎ᠠ ᠪᠠᠨ ᠣᠬᠠᠭᠠᠷᠠᠬᠤ ᠳᠠᠭᠠᠨ ᠰᠠ‍‌ᠶᠢ ᠣᠬᠠᠮᠰᠠᠷ ᠲᠡᠶ ᠣᠬᠠᠮᠰᠠᠷ ᠦᠭᠡᠶ ᠶᠢᠨ ᠬᠤᠭᠤᠷᠤᠠᠳᠤ ᠡᠢ᠌ᠰᠢ ᠳᠠᠨᠤᠵᠤ ᠢᠷᠡᠭ᠍ᠰᠡᠨ ᠨᠢ ᠡᠨᠡ ᠶᠤᠮ᠃ ᠭᠡᠷᠡᠭ᠌ ᠶᠠᠪᠣᠳᠠᠯ ᠤᠨ ᠭᠦᠡᠳᠤ ᠬᠦᠩᠭᠡᠨ ᠨᠢᠭᠡᠨᠲᠡ ᠡᠨᠡ ᠭᠡᠮᠵᠢᠶᠡᠨ ᠳᠤ ᠭᠦᠷᠦᠭ᠍ᠰᠡᠨ ᠨᠢ ᠭᠡᠨ ᠤ ᠴᠤ ᠪᠣᠷᠤᠭᠤ ᠪᠢᠰᠢ᠂ ᠭᠠᠭᠴᠠ ᠦᠪᠡᠷ ᠤᠨ ᠭᠢᠨᠢ ᠪᠣᠷᠤᠭᠤ᠃ ᠦᠪᠡᠷ ᠶᠢᠡᠨ ᠢᠩᠭᠡᠵᠤ ᠪᠣᠷᠤᠭᠤ ᠨᠥᠭᠡᠨ ᠳᠤ ᠳᠤᠷᠠᠳᠠᠢ ᠰᠢᠷᠭᠤᠭᠰᠠᠨ ᠦᠭᠡᠶ ᠪᠣᠯ ᠥᠭᠡᠷ᠎ᠡ ᠭᠦᠮᠤᠨ ᠴᠢᠮ᠎ᠠ ᠶᠢ ᠠᠯᠪᠠᠳᠠᠭᠠᠤᠨ ᠯᠠᠪ ᠳᠠᠰᠢ ᠲᠦᠯᠭᠢᠭᠦ ᠦᠭᠡᠶ ᠡ᠃ ᠡᠳᠦᠢ ᠨᠠᠰᠤᠯᠠᠳᠠᠯ᠎ᠠ ᠪᠠᠨ ᠠᠮᠢᠳᠤᠷᠠᠯ ᠳᠠᠭᠠᠨ ᠪᠦᠳᠦᠷᠢᠭ᠍ᠰᠡᠨ ᠭᠦᠮᠤᠨ ᠢ ᠯᠠ ᠦᠷᠤ ᠡᠪᠠᠳᠤᠨ ᠭᠦᠭᠡᠷᠦᠭᠦᠢᠯᠡᠵᠤ ᠶᠠᠪᠣᠭᠰᠠᠨ ᠡᠴᠡ ᠪᠢᠰᠢ᠂ ᠦᠪᠡᠷ ᠶᠢᠡᠨ ᠪᠦᠳᠦᠷᠢᠭᠦ ᠭᠡᠵᠤ ᠰᠠᠨᠠᠭ᠎ᠠ ᠦᠭᠡᠶ ᠪᠢᠯᠠ᠃ ᠠᠮᠢᠳᠤᠷᠠᠯ ᠭᠡᠵᠤ ᠶᠠᠭ ᠬᠤᠷᠤᠭᠤᠨ ᠥᠡᠳᠡᠭᠡᠨ ᠳᠡᠭᠡᠷ᠎ᠡ ᠳᠤᠭᠳᠠᠭᠠᠭᠰᠠᠨ ᠰᠢᠯ ᠪᠦᠮᠪᠦᠭᠡ ᠠᠳᠠᠯᠢ᠂ ᠣᠨᠠᠬᠤ ᠳᠤᠷ᠎ᠠ ᠨᠢ ᠭᠦᠷᠪᠠᠯ ᠵᠠᠪᠠᠯ ᠣᠨᠠᠬᠤ ᠦᠭᠡᠶ ᠭᠡᠰᠡᠨ ᠵᠥᠭ᠌ ᠲᠤ ᠣᠨᠠᠵᠤ ᠰᠠᠨᠠᠭ᠎ᠠ ᠢᠳᠡᠳᠡᠭ᠌ ᠨᠢ ᠭᠡᠴᠡᠭᠦᠤ ᠠᠵᠢ ︕

ᠬᠠᠶᠠ ᠭᠠᠭᠴᠠ ᠨᠢᠭᠡᠨ ᠦᠯᠦᠨ ᠪᠠᠳᠠᠭᠠᠨ᠎ᠠ ᠨᠢᠰᠤᠨ ᠢᠷᠠᠵᠤ ᠢᠯᠠ ᠮᠢᠬᠠᠨ ᠡᠴᠡ ᠵᠠᠭᠤᠬᠤ ᠭᠡᠭᠦ ᠦᠭᠡᠶ ᠪᠣᠯ ᠡ᠊ᠨᠳᠡ ᠲᠤᠢ᠌ᠯ ᠤᠨ ᠨᠠᠮ ᠰᠡᠯᠡᠭᠦᠨ ᠪᠠᠢ᠌ᠭᠰᠠᠨ ᠨᠢ ᠣᠪᠣᠭ᠎ᠠ ᠵᠥᠭᠡᠷ᠃ ᠪᠠᠯᠭᠠᠷ ᠭᠡᠷᠡᠭ᠌ ᠲᠤ ᠬᠠᠪᠴᠢᠭᠤᠯᠤᠭᠳᠠᠭᠰᠠᠨ ᠶᠢᠡᠨ ᠮᠡᠳᠡᠭᠡᠳ ᠵᠤᠷᠢᠭᠤᠳᠠ ᠭᠦᠮᠤᠨ ᠡᠴᠡ ᠵᠠᠢ᠌ᠯᠠᠬᠤ ᠪᠣᠯᠪᠠ᠃ ᠨᠠᠩ ᠴᠤ ᠳᠠᠨᠢᠳᠠᠭ ᠭᠦᠮᠤᠨ ᠬᠠᠷᠭᠤᠴᠢᠬᠤ ᠡᠴᠡ ᠦᠨᠡᠨ ᠵᠤᠪᠠᠨ᠎ᠠ᠃ ᠣᠳᠤ ᠳᠡᠭᠡᠷ᠎ᠡ ᠪᠠᠨ ᠭᠡᠷᠡᠭ᠌ ᠨᠢ ᠭᠠᠳᠠᠭᠰᠢ ᠯᠡᠪᠠᠷᠡᠭᠡᠳ ᠦᠭᠡᠶ ᠪᠣᠯᠪᠠᠴᠤ ᠵᠥᠩᠳᠡᠭᠡᠨ ᠭᠦᠮᠤᠨ ᠡᠴᠡ ᠢᠴᠢᠨ ᠰᠢᠷᠪᠠᠭᠡᠳᠡᠵᠤ ᠨᠢᠭᠤᠷ ᠪᠣᠷᠤᠭᠤᠯᠬᠤ ᠪᠣᠯᠪᠠ᠃ ᠣᠷᠢᠳᠤ ᠨᠢ ᠡᠪᠡᠳᠴᠢᠨ ᠦᠭᠡᠶ ᠪᠠᠢ᠌ᠭᠰᠠᠨ ᠪᠠᠶ᠎ᠠ ᠳᠡᠭᠡᠨ ᠦᠪᠡᠷ ᠶᠢᠡᠨ ᠡᠪᠡᠳᠴᠢᠨ ᠣᠯᠭᠤᠵᠠᠢ᠃ ᠳᠠᠷᠠ ᠭᠠᠷ ᠶᠢᠡᠨ ᠨᠤᠬᠤᠯᠠᠨ ᠭᠡᠰᠡᠭ᠌ ᠵᠤᠭᠰᠤᠭᠰᠠᠨ ᠶᠢᠡᠨ ᠳᠠᠷᠢᠶᠠᠨ ᠳᠠᠯᠠᠩ ᠳᠡᠭᠡᠷ᠎ᠡ ᠰᠠᠠᠳᠠᠢ᠌ᠯᠠᠨ ᠰᠠᠭᠤᠯ᠎ᠠ᠃ ᠪᠣᠳᠤᠯ ᠰᠡᠳᠭᠢᠯ ᠳᠤ ᠨᠢ ᠦᠪᠡᠷ ᠤᠨ ᠡᠷᠭᠡ ᠦᠭᠡᠶ ᠥᠩᠭᠡᠷᠡᠭ᠍ᠰᠡᠨ ᠣᠴᠢᠷ ᠴᠠᠯᠭᠢᠨ ᠢᠷᠠᠨ᠎ᠡ᠃ ᠭᠡᠳᠤᠨ ᠵᠢᠯ ᠤᠨ ᠡᠮᠤᠨ᠎ᠡ ᠪᠠᠯᠭᠠᠷ ᠠᠵᠢᠯ ᠡᠴᠡ ᠪᠠᠨ ᠴᠢᠯᠦᠭᠡᠳᠡᠵᠤ ᠴᠠᠯᠢᠩ ᠶᠢᠡᠨ ᠢᠳᠠᠨ ᠭᠡᠷ ᠲᠡᠭᠡᠨ ᠠᠮᠤᠷ ᠵᠢᠮᠤᠷ ᠰᠠᠭᠤᠬᠤ ᠪᠣᠯᠵᠠᠢ᠃ ᠣᠯᠤᠰ ᠭᠡᠷ ᠤᠨ ᠲᠦᠯᠦᠪᠯᠡᠯᠭᠡᠳᠤ ᠠᠵᠢᠯ ᠢ ᠪᠠᠶᠡᠯᠡᠭᠦᠯᠭᠦ ᠭᠡᠮᠡᠨ ᠴᠠᠭ ᠲᠡᠶ ᠣᠷᠤᠯᠳᠤᠨ ᠠᠯᠪᠠᠯᠠᠵᠤ᠂ ᠨᠠᠰᠢ ᠴᠠᠰᠢ ᠭᠦᠶ‍ᠦᠳᠡᠭ᠌ ᠶᠠᠳᠠᠷᠠᠯᠳᠠᠢ ᠴᠤ ᠠᠵᠢᠯ ᠳᠤ ᠪᠠᠰᠠ ᠠᠵᠢᠯ ᠤᠨ ᠪᠠᠶᠠᠷ ᠵᠢᠷᠭᠠᠯ᠂ ᠬᠠᠪᠣ ᠴᠡᠩᠭᠡᠯ ᠪᠠᠢ᠌ᠭᠰᠠᠨ᠃ ᠠᠵᠢᠯ ᠳᠠᠭᠠᠨ ᠶᠠᠭᠠᠷᠠᠭᠠᠤᠨ ᠳᠠᠰᠤᠭᠰᠠᠨ ᠭᠦᠮᠤᠨ ᠢ ᠭᠡᠨᠡᠳᠲᠡ ᠠᠵᠢᠯ ᠡᠴᠡ ᠨᠢ ᠰᠠᠯᠭᠠᠴᠢᠬᠠᠬᠤ ᠳᠤ ᠴᠠᠭ ᠥᠩᠭᠡᠷᠡᠭᠦ ᠦᠭᠡᠶ ᠳᠡᠭᠡᠷ᠎ᠡ ᠭᠢᠳᠠᠯ ᠠᠯᠳᠠᠨ ᠭᠡᠢ ᠵᠠᠯᠭᠢᠳᠠᠭ ᠨᠢ ᠪᠠᠰᠠ ᠭᠡᠴᠡᠭᠦᠤ᠃ ᠳᠡᠭᠡᠭᠡᠳ ᠭᠦᠮᠤᠨ ᠦᠷᠭᠦᠯᠵᠢ ᠭᠦᠳᠡᠯᠦᠭᠡᠳ ᠭᠦᠳᠡᠯᠮᠦᠷᠢᠯᠡᠭᠡᠳ ᠪᠠᠢ᠌ᠪᠠᠯ ᠡᠷᠡᠭᠦᠯ ᠮᠠᠠᠳᠤ ᠳᠤ ᠠᠰᠢᠭᠳᠠᠢ᠃ ᠬᠠᠷᠢᠨ ᠠᠵᠢᠯᠯᠠᠬᠤ ᠪᠠᠨ ᠪᠠᠢ᠌ᠭᠠᠤᠨ ᠠᠮᠠᠷᠠᠭᠠᠤᠨ ᠳᠠᠭ ᠰᠠᠭᠤᠴᠢᠬᠠᠬᠤ ᠳᠤ ᠭᠦᠷᠪᠠᠯ ᠡᠯᠳᠡᠪ ᠤᠨ ᠡᠪᠡᠳᠴᠢᠨ ᠵᠥᠩᠳᠡᠭᠡᠨ ᠭᠠᠷᠤᠭᠠᠤᠨ ᠢᠷᠡᠳᠡᠭ᠌ ᠶᠤᠮ ᠪᠠᠢ᠌ᠨ᠎ᠠ᠃ ᠵᠢᠯ ᠤᠨ ᠡᠭᠢᠨ ᠳᠡᠭᠡᠷ᠎ᠡ ᠪᠠᠯᠭᠠᠷ ᠡᠮᠨᠡᠯᠭᠡ ᠳᠤ ᠪᠠᠶ᠎ᠠ ᠪᠠᠨ ᠪᠠᠢ᠌ᠴᠠᠯᠭᠠᠪᠠᠯ ᠪᠦᠭᠡᠷ᠎ᠡ ᠳᠤ ᠨᠢ ᠮᠢᠬᠠᠨ ᠣᠷᠭᠤᠭᠠᠤᠨ ᠮᠠᠰᠠ ᠵᠠᠰᠠᠯ ᠭᠢᠭᠦ ᠭᠡᠷᠡᠭ᠍ᠳᠡᠢ ᠭᠡᠵᠤ ᠣᠨᠤᠰᠢᠯᠠᠵᠠᠢ᠃ ᠦᠨᠡᠳᠠᠢ ᠴᠤ ᠮᠤᠵᠢ ᠶᠢᠨ ᠲᠥᠪ ᠳᠡᠭᠡᠷ᠎ᠡ ᠢᠷᠠᠵᠤ ᠮᠠᠰᠠ ᠵᠠᠰᠠᠯ ᠭᠢᠯᠭᠡᠪᠠᠯ ᠮᠡᠷᠭᠡᠵᠢᠯ ᠬᠠᠨᠤᠮᠵᠢᠳᠠᠢ ᠭᠡᠵᠤ ᠪᠣᠳᠤᠭᠠᠤᠨ ᠮᠦᠩᠭᠦ ᠪᠠᠨ ᠪᠡᠯᠡᠳᠭᠡᠨ ᠬᠤᠳᠠ ᠣᠷᠤᠯ᠎ᠠ᠃

ᠪᠣᠳᠤᠭᠰᠠᠨ ᠡᠴᠡ ᠭᠠᠷᠤᠭᠰᠠᠨ ᠦᠭᠡᠶ᠂ ᠮᠡᠷᠭᠡᠵᠢᠯ ᠭᠡᠳᠡᠭ᠌ ᠦᠨᠡᠨ ᠰᠠᠢ᠌ᠬᠠᠨ ᠶᠤᠮ ᠪᠠᠢ᠌ᠨ᠎ᠠ᠃ ᠡᠭᠦᠨ ᠳᠡᠭᠦᠨ ᠳᠤ ᠦᠭᠡᠶ ᠮᠠᠰᠠ ᠵᠠᠰᠠᠯ ᠭᠢᠴᠢᠭᠡᠭᠡᠳ ᠡᠮᠨᠡᠯᠭᠡ ᠶᠢᠨ ᠬᠤᠷᠢᠶᠠᠨ ᠡᠴᠡ ᠭᠠᠷᠭᠠᠵᠤ᠂ ᠭᠡᠳᠤᠨ ᠬᠤᠨᠤᠭ ᠡᠪᠡᠳᠴᠢᠨ ᠤ ᠪᠠᠢ᠌ᠳᠠᠯ ᠢ ᠠᠵᠢᠭᠯᠠᠨ᠎ᠠ ᠭᠡᠭᠦᠯᠡᠷ ᠵᠡᠭᠡᠯᠢ ᠡᠴᠡ ᠪᠠᠢ᠌ᠰᠢᠩ ᠭᠦᠯᠦᠰᠦᠯᠡᠭᠡᠳ ᠰᠠᠭᠤᠯ᠎ᠠ᠃ ᠪᠦᠰᠡᠭᠦᠢ ᠲᠡᠶ ᠪᠠᠨ ᠬᠤᠶᠠᠭᠤᠯᠠ ᠪᠠᠢ᠌ᠭᠠᠤᠨ ᠪᠠᠢ᠌ᠭᠰᠠᠨ ᠪᠣᠯ ᠭᠡᠷᠡᠭ᠌ ᠲᠤ ᠬᠠᠪᠴᠢᠭᠤᠯᠤᠭᠳᠠᠬᠤ ᠦᠭᠡᠶ ᠪᠠᠢ᠌ᠵᠤ ᠴᠤ ᠮᠠᠳᠠᠨ᠎ᠡ᠃ ᠭᠡᠳᠡᠯ᠎ᠡ ᠭᠡᠷᠡᠭ᠌ ᠣᠴᠢᠷ ᠭᠡᠵᠢᠶᠡᠳᠡ ᠭᠦᠮᠤᠨ ᠤ ᠰᠠᠨᠠᠭᠠᠨ ᠡᠴᠡ ᠭᠠᠳᠠᠭᠤᠷ ᠪᠣᠯᠳᠠᠭ ᠨᠢ ᠬᠠᠷᠠᠮᠰᠠᠯᠳᠠᠢ᠃ ᠬᠣᠢ᠌ᠨ᠎ᠡ ᠡᠴᠡ ᠨᠢ ᠣᠮᠪᠣᠯ ᠨᠢ ᠬᠠᠯᠠᠭᠤᠷᠠᠭᠠᠤᠨ ᠵᠤᠭᠰᠤᠬᠤ ᠦᠭᠡᠶ ᠪᠠᠢ᠌ᠨ᠎ᠠ ᠭᠡᠰᠡᠨ ᠴᠢᠮᠡᠭᠡ ᠢᠷᠡᠭᠦᠯᠡᠷ ᠪᠦᠰᠡᠭᠦᠢ ᠪᠠᠨ ᠶᠠᠪᠣᠭᠤᠯᠤᠨ ᠭᠠᠭᠴᠠᠭᠠᠷ ᠥᠯᠡᠳᠡᠴᠢᠭᠡᠭᠡᠳ ᠡᠢ᠌ᠮᠤ ᠭᠡᠷᠡᠭ᠌ ᠲᠤ ᠣᠨᠠᠨ ᠭᠠᠢ ᠳᠤ ᠬᠠᠷᠭᠤᠵᠠᠢ᠃

ᠨᠢᠭᠡ ᠰᠠᠯᠭᠢ ᠦᠭᠡᠶ ᠨᠠᠮᠤᠭᠤᠬᠠᠨ ᠦᠳᠡᠰᠢ ᠪᠠᠯᠭᠠᠷ ᠪᠠᠢ᠌ᠰᠢᠩ ᠤᠨ ᠮᠤᠬᠤᠷ ᠲᠤ ᠪᠠᠷᠢᠭᠳᠠᠭᠠᠤᠨ ᠳᠡᠰᠭᠦ ᠦᠭᠡᠶ ᠳᠡᠭᠡᠨ ᠭᠠᠳᠠᠭᠤᠷ ᠪᠠᠬᠠᠨ ᠰᠡᠯᠡᠭᠦᠴᠡᠵᠡᠢ᠃ ᠰᠢᠶᠠᠨ ᠤ ᠵᠢᠵᠢᠭ᠌ ᠪᠠᠯᠭᠠᠰᠤ ᠲᠡᠶ ᠬᠠᠷᠢᠴᠠᠭᠤᠯᠪᠠᠯ ᠮᠤᠵᠢ ᠶᠢᠨ ᠲᠥᠪ ᠭᠡᠭ᠍ᠴᠢ ᠵᠥᠩᠳᠡᠭᠡᠨ ᠳᠡᠷᠭᠡ ᠣᠨᠤᠭ᠎ᠠ ᠱᠤᠤᠭᠢᠵᠤ᠂ ᠭᠦᠮᠤᠨ ᠬᠠᠷ᠎ᠠ ᠪᠣᠳᠤᠯᠢᠭᠰᠠᠨ ᠶᠡᠭᠡ ᠭᠦᠯ ᠤᠨ ᠭᠠᠵᠠᠷ᠃ ᠪᠠᠯᠭᠠᠷ ᠡ᠊ᠨᠳᠡ ᠳᠠᠠᠳᠠ ᠬᠠᠷᠠᠭ᠎ᠠ ᠪᠠᠯᠴᠢᠭᠡᠨ ᠰᠡᠳᠭᠢᠯ ᠶᠢᠡᠨ ᠰᠠᠭᠠᠳᠠᠭᠤᠯᠤᠨ ᠶᠠᠪᠣᠭᠰᠠᠭᠠᠷ ᠪᠠᠢ᠌ᠷᠢ ᠡᠴᠡ ᠪᠠᠨ ᠨᠠᠯᠢᠶᠠᠤᠨ ᠬᠤᠯᠠᠳᠠᠴᠢᠬᠠᠵᠠᠢ᠃ ᠪᠣᠴᠠᠬᠤ ᠵᠠᠮ ᠳᠠᠭᠠᠨ ᠵᠡᠭᠡᠯᠢ ᠨᠢᠭᠤᠷᠯᠠᠭᠰᠠᠨ ᠨᠠᠷᠢᠬᠠᠨ ᠭᠤᠳᠤᠮᠵᠢ ᠪᠠᠷ ᠥᠩᠭᠡᠷᠡᠳᠡᠯ᠎ᠡ ᠬᠠᠷᠠᠩᠭ᠋ᠤᠢ ᠭᠡᠷᠡᠮ ᠤᠨ ᠪᠣᠯᠤᠩ ᠳᠤ ᠪᠠᠶ᠎ᠠ ᠳᠡᠭᠡᠨ ᠪᠠᠷᠢᠭᠤᠯ ᠤᠨ ᠴᠢᠨᠡᠭᠡᠨ ᠴᠤ ᠪᠦᠰ ᠨᠠᠭᠠᠭ᠎ᠠ ᠦᠭᠡᠶ ᠴᠢᠷᠮᠠᠨ ᠨᠢᠴᠦᠭᠦᠨ ᠪᠦᠰᠡᠭᠦᠢ ᠣᠭᠢᠯᠠᠵᠤ ᠰᠠᠭᠤᠬᠤ ᠲᠡᠶ ᠳᠠᠭᠠᠷᠠᠯᠳᠤᠯ᠎ᠠ᠃ ᠬᠠᠮᠢᠶᠠᠷᠤᠯ ᠦᠭᠡᠶ ᠰᠢᠭᠤᠳ ᠬᠠᠵᠠᠭᠤ ᠪᠠᠷ ᠨᠢ ᠨᠢᠳᠤ ᠪᠠᠨ ᠠᠨᠢᠨ ᠭᠠᠷᠬᠤ ᠶᠢ ᠰᠠᠨᠠᠭᠰᠠᠨ ᠪᠣᠯᠪᠠᠴᠤ ᠴᠢᠳᠠᠭ᠎ᠠ ᠦᠭᠡᠶ᠃ ᠴᠤᠬᠤᠮ ᠶᠠᠭᠠᠭᠢᠭᠰᠠᠨ ᠢ ᠰᠤᠷᠠᠬᠤ ᠭᠡᠵᠤ ᠬᠠᠵᠠᠭᠤ ᠳᠤ ᠨᠢ ᠤᠢ᠌ᠷᠠᠳᠤᠨ ᠭᠦᠷᠦᠯ᠎ᠡ᠃

᠊᠊᠊᠊᠊᠊᠊᠊᠊᠊᠊᠊᠊᠊᠊ ᠬᠠᠢ᠂ ᠴᠢ ᠶᠠᠭᠠᠭᠢᠭᠰᠠᠨ ᠪᠣᠢ ︖ ᠶᠠᠭᠤᠨ ᠳᠤ ᠭᠡᠭᠡᠷ᠎ᠡ ᠰᠠᠭᠤᠭᠠᠤᠨ ᠣᠭᠢᠯᠠᠵᠤ ᠪᠠᠢ᠌ᠬᠤ ᠪᠣᠢ ︖

᠊᠊᠊᠊᠊᠊᠊᠊᠊᠊᠊᠊᠊᠊᠊ ᠁ ᠁

᠊᠊᠊᠊᠊᠊᠊᠊᠊᠊᠊᠊᠊᠊᠊ ᠶᠠᠮᠠᠷ ᠵᠤᠪᠠᠯᠠᠩ ᠳᠤ ᠣᠨᠠᠴᠢᠬᠠᠪᠠ ︖ ᠬᠠᠮᠢᠶ᠎ᠠ ᠦᠭᠡᠶ ᠨᠠᠳᠠ ᠭᠡᠯᠡᠳᠡᠭᠡ

᠊᠊᠊᠊᠊᠊᠊᠊᠊᠊᠊᠊᠊᠊᠊ ᠁ ᠁

᠊᠊᠊᠊᠊᠊᠊᠊᠊᠊᠊᠊᠊᠊᠊ ᠬᠠᠢ᠂ ᠴᠤᠬᠤᠮ ᠶᠠᠭᠠᠭᠢᠴᠢᠬᠠᠪᠠ ︖ ᠳᠠᠭᠤ ᠭᠠᠷᠤᠭᠠᠴᠢ ᠭᠡᠳ ᠪᠠᠯᠭᠠᠷ ᠨᠢᠴᠦᠭᠦᠨ ᠡᠭᠡᠮ ᠳᠡᠭᠡᠷ᠎ᠡ ᠨᠢ ᠵᠥᠭᠡᠯᠡᠨ ᠨᠢᠳᠤᠷᠤᠯ᠎ᠠ᠃

ᠣᠭᠢᠯᠠᠬᠤ ᠨᠢ ᠣᠯᠠᠮ ᠢᠮᠠᠷᠴᠤ᠂ ᠪᠦᠭᠦ ᠪᠠᠶ᠎ᠠ ᠪᠠᠨ ᠴᠡᠴᠡᠷᠭᠡᠨ ᠣᠰᠤ ᠭᠤᠯᠤᠭᠰᠠᠨ ᠬᠤᠨᠢ ᠰᠢᠭ ᠳᠤᠯᠤᠭᠠᠢ ᠪᠠᠨ ᠰᠡᠭ᠍ᠰᠦᠷᠪᠡ᠃ ᠪᠠᠯᠭᠠᠷ ᠣᠴᠠᠭᠠᠷᠳᠠᠬᠤ ᠶᠢᠨ ᠬᠠᠵᠠᠭᠤ ᠪᠠᠷ ᠪᠠᠰᠠ ᠦᠷᠤ ᠡᠪᠡᠳᠴᠤ᠂ ᠡᠮᠦᠰᠴᠤ ᠶᠠᠪᠣᠭᠰᠠᠨ ᠭᠠᠳᠠᠷ ᠬᠠᠠᠳᠠᠭᠠᠵᠠ ᠪᠠᠨ ᠳᠠᠢ᠌ᠯᠤᠨ ᠨᠥᠮᠦᠷᠢᠭᠦᠯᠦᠭᠡᠳ᠄

᠊᠊᠊᠊᠊᠊᠊᠊᠊᠊᠊᠊᠊᠊᠊ ᠡᠨᠡ ᠵᠢᠭᠡᠭᠦᠨ ᠳᠤ ᠭᠠᠳᠠᠨ᠎ᠠ ᠨᠢᠴᠦᠭᠦᠨ ᠰᠠᠭᠤᠭᠠᠤᠨ ᠡᠪᠡᠳᠴᠢᠨ ᠪᠣᠯᠴᠢᠬᠠᠨ᠎ᠠ᠂ ᠬᠤᠷᠳᠤᠨ ᠭᠡᠷ ᠲᠡᠭᠡᠨ ᠬᠠᠷᠢ ᠭᠡᠪᠠᠯ᠄

᠊᠊᠊᠊᠊᠊᠊᠊᠊᠊᠊᠊᠊᠊᠊ ᠴᠢ ᠨᠠᠮ᠎ᠠ ᠶᠢ ᠬᠠᠮᠢᠶᠠᠷᠤᠯᠭᠠᠨ ᠦᠭᠡᠶ᠂ ᠶᠠᠪᠣᠬᠤ ᠪᠠᠷ ᠶᠢᠡᠨ ᠶᠠᠪᠣ᠃ ᠨᠠᠳᠠ ᠭᠡᠷ ᠣᠷᠤᠨ ᠪᠠᠢ᠌ᠬᠤ ᠦᠭᠡᠶ ᠶᠤᠮ ᠴᠢᠨᠢ ᠮᠦᠨ ᠡ᠊ᠨᠳᠡ ᠪᠠᠨ ᠰᠠᠭᠤᠵᠤ ᠪᠠᠢ᠌ᠭᠠᠤᠨ ᠥᠭᠦᠨ᠎ᠡ ᠭᠡᠵᠤ ᠣᠭᠢᠯᠠᠩᠨᠠᠨ ᠭᠡᠯᠡᠪᠡ᠃

᠊᠊᠊᠊᠊᠊᠊᠊᠊᠊᠊᠊᠊᠊᠊ ᠥᠭᠦᠨ᠎ᠡ ᠭᠡᠪᠠᠯ ᠥᠭᠦᠴᠢᠭᠡᠳᠡᠭ᠌ ᠳᠠᠢ᠌ᠮᠤ ᠠᠮᠠᠷᠬᠠᠨ ᠠᠮᠢᠨ ᠬᠠᠮᠢᠭ᠎ᠠ ᠪᠠᠢ᠌ᠳᠠᠭ ᠶᠤᠮ᠂ ᠠᠯᠢ ᠪᠢ ᠴᠢᠮ᠎ᠠ ᠶᠢ ᠭᠡᠷ ᠲᠤ ᠴᠢᠨᠢ ᠭᠦᠷᠭᠡᠶ᠎ᠡ ᠭᠡᠳ ᠭᠠᠷ ᠡᠴᠡ ᠨᠢ ᠳᠠᠳᠠᠯ᠎ᠠ᠃

᠊᠊᠊᠊᠊᠊᠊᠊᠊᠊᠊᠊᠊᠊᠊ ᠮᠠᠨ ᠤ ᠡᠪᠦᠭᠡᠨ ᠨᠠᠮ᠎ᠠ ᠶᠢ ᠭᠡᠷ ᠡᠴᠡ ᠭᠠᠷᠭᠠᠭᠠᠤᠨ ᠭᠦᠭᠡᠭᠡᠴᠢᠭᠡᠭ᠍ᠰᠡᠨ᠃ ᠣᠳᠤ ᠪᠢ ᠬᠠᠮᠢᠭ᠎ᠠ ᠶᠠᠪᠣᠬᠤ ᠪᠣᠢ᠂ ᠨᠠᠳᠠ ᠥᠭᠦᠭᠦ ᠡᠴᠡ ᠥᠭᠡᠷ᠎ᠡ ᠵᠠᠮ ᠪᠠᠢ᠌ᠬᠤ ᠦᠭᠡᠶ ᠭᠡᠳ ᠪᠦᠷ ᠱᠤᠭᠰᠢᠷᠠᠳᠠᠯ᠎ᠠ ᠠᠰᠬᠠᠷᠠᠭᠤᠯᠪᠠ᠃

ᠡᠭᠦᠨ ᠢ ᠥᠵᠡᠭᠡᠳ ᠪᠠᠯᠭᠠᠷ ᠦᠪᠡᠷ ᠤᠨ ᠡᠷᠭᠡ ᠦᠭᠡᠶ ᠰᠠᠨᠠᠭ᠎ᠠ ᠠᠯᠳᠠᠵᠤ᠄

᠊᠊᠊᠊᠊᠊᠊᠊᠊᠊᠊᠊᠊᠊᠊ ᠶᠠᠭ ᠪᠣᠯᠬᠤ ᠦᠭᠡᠶ ᠪᠣᠯ ᠮᠢᠨᠤ ᠪᠠᠢ᠌ᠷᠢ ᠳᠤ ᠣᠴᠢᠶ᠎ᠠ᠂ ᠪᠢ ᠭᠠᠭᠴᠠᠭᠠᠷ ᠶᠢᠡᠨ ᠪᠠᠢ᠌ᠨ᠎ᠠ᠃ ᠡ᠊ᠨᠳᠡ ᠢᠩᠭᠢᠵᠤ ᠣᠰᠤᠨ ᠣᠬᠤᠷᠬᠠᠢ᠌ᠯᠠᠭᠠᠤᠨ ᠰᠠᠭᠤᠳᠠᠭ ᠠᠷᠭ᠎ᠠ ᠪᠢᠰᠢ ᠭᠡᠮᠡᠨ ᠠᠷᠭᠠᠳᠠᠪᠠ᠃

ᠱᠤᠭᠰᠢᠷᠠᠳᠠᠯ᠎ᠠ ᠣᠭᠢᠯᠠᠵᠤ ᠪᠠᠢ᠌ᠭᠰᠠᠨ ᠦᠨᠦᠭᠢ ᠪᠦᠰᠡᠭᠦᠢ ᠵᠢᠭᠠᠬᠠᠨ ᠨᠠᠮᠳᠠᠵᠤ᠂ ᠪᠢ ᠶᠠᠭᠤ ᠰᠤᠨᠤᠰᠴᠢᠬᠠᠪᠠ ᠭᠡᠭᠦ ᠰᠢᠭ᠌ ᠨᠢᠭᠤᠷ ᠶᠢᠡᠨ ᠪᠦᠳᠡᠭᠡᠨ ᠳᠠᠭ ᠪᠣᠯᠤᠭᠰᠠᠨ ᠶᠢᠡᠨ᠄

᠊᠊᠊᠊᠊᠊᠊᠊᠊᠊᠊᠊᠊᠊᠊ ᠴᠢᠨᠤ ᠪᠠᠢ᠌ᠷᠢ ᠳᠤ ᠪᠢ ᠶᠠᠭᠠᠭᠢᠵᠤ ᠨᠢᠴᠦᠭᠦᠨ ᠭᠦᠶ‍ᠦᠭᠡᠳ ᠭᠦᠷᠭᠦ ᠪᠣᠢ ᠭᠡᠳ ᠳᠠᠭᠤ ᠨᠢ ᠢᠯᠠ ᠪᠣᠳᠤ ᠵᠥᠭᠡᠯᠡᠷᠡᠵᠡᠢ᠃

᠊᠊᠊᠊᠊᠊᠊᠊᠊᠊᠊᠊᠊᠊᠊ ᠳᠠᠷᠠ ᠶᠠᠮᠠᠷ ᠬᠠᠮᠢᠶ᠎ᠠ᠂ ᠨᠠᠮ᠎ᠠ ᠶᠢ ᠳᠠᠰᠢᠶᠠᠯᠠᠨ ᠭᠡᠷᠡᠮ ᠤᠨ ᠰᠡᠭᠦᠳᠡᠷ ᠳᠠᠭᠠᠭᠠᠤᠨ ᠶᠠᠪᠣ ᠭᠡᠵᠤ ᠪᠠᠯᠭᠠᠷ ᠵᠠᠭᠢᠷᠤᠩᠭ᠋ᠤᠢ ᠳᠤᠰᠢᠶᠠᠯ᠎ᠠ᠃

ᠣᠯᠠᠰ ᠴᠠᠢ᠌ᠰ ᠭᠡᠳᠡᠯ᠎ᠡ ᠰᠢᠭᠤᠳ ᠳᠠᠯᠪᠢᠴᠢᠬᠠᠭᠰᠠᠨ ᠪᠠᠯᠭᠠᠷ ᠤᠨ ᠡᠨᠡ ᠥᠭᠡᠨ ᠳᠤ ᠦᠨᠦᠭᠢ ᠪᠦᠰᠡᠭᠦᠢ ᠰᠠᠭᠤᠭᠰᠠᠨ ᠣᠷᠤᠨ ᠡᠴᠡ ᠪᠠᠨ ᠳᠦᠷᠭᠡᠨ ᠪᠣᠰᠴᠠᠢ᠃ ᠪᠠᠢ᠌ᠷᠢᠨ ᠳᠠᠭᠠᠨ ᠢᠷᠡᠴᠢᠭᠡᠭᠡᠳ ᠦᠨᠦᠭᠢ ᠪᠦᠰᠡᠭᠦᠢ ᠳᠤ ᠡᠮᠦᠰᠭᠦ ᠬᠤᠪᠴᠠᠰᠤ ᠥᠭ᠍ᠴᠤ᠂ ᠪᠠᠭ᠎ᠠ ᠰᠠᠭ᠎ᠠ ᠢᠳᠡᠭᠦ ᠶᠠᠭᠤᠮ᠎ᠠ ᠡᠮᠤᠨ᠎ᠡ ᠨᠢ ᠳᠠᠯᠪᠢᠴᠢᠬᠠᠭᠠᠤᠨ ᠰᠠ‍‌ᠶᠢ ᠯᠠᠪᠯᠠᠨ ᠬᠠᠷᠠᠯ᠎ᠠ᠃ ᠨᠠᠷᠢᠬᠠᠨ ᠭᠦᠮᠦᠰᠭᠡ᠂ ᠰᠡᠷᠭᠦᠯᠡᠩ ᠬᠠᠷᠠᠴᠠ ᠲᠡᠶ ᠭᠡᠯᠡᠮᠡᠷ ᠵᠢᠰᠦᠯᠢᠭ᠌ ᠪᠢᠰᠢ ᠴᠤ ᠨᠢᠳᠤᠨ ᠳᠤ ᠳᠤᠯᠠᠭᠠᠬᠠᠨ ᠪᠦᠰᠡᠭᠦᠢ ᠪᠠᠢ᠌ᠪᠠ᠃ ᠣᠯᠠᠨ ᠤ ᠨᠢᠳᠤᠨ ᠳᠤᠤᠷ᠎ᠠ ᠭᠤᠳᠤᠮᠵᠢᠨ ᠳᠤ ᠨᠢᠴᠦᠭᠦᠨ ᠭᠠᠷᠤᠭᠠᠤᠨ ᠢᠷᠡᠴᠢᠭᠡᠳᠡᠭ᠌ ᠶᠠᠮᠠᠷ ᠨᠢᠭᠤᠷ ᠲᠡᠶ ᠪᠦᠰᠡᠭᠦᠢ ᠪᠣᠢ ᠭᠡᠵᠤ ᠭᠠᠢ᠌ᠬᠠᠵᠤ ᠠᠪᠣᠭᠰᠠᠨ ᠪᠣᠯᠪᠠᠴᠤ ᠴᠢᠨᠠᠭᠰᠢ ᠱᠠᠯᠠᠵᠤ ᠰᠢᠷᠭᠠᠭᠠᠤᠨ ᠠᠷᠭ᠎ᠠ ᠠᠭᠠᠰᠢ ᠶᠢ ᠨᠢ ᠪᠠᠷᠠᠭᠰᠠᠨ ᠦᠭᠡᠶ᠃ ᠵᠤᠪᠠᠯᠠᠩ ᠳᠤ ᠣᠨᠠᠭᠰᠠᠨ ᠪᠦᠰᠡᠭᠦᠢ ᠪᠠᠢ᠌ᠨ᠎ᠠ᠂ ᠮᠢᠨᠤ ᠬᠠᠵᠠᠭᠤ ᠳᠤ ᠨᠢᠭᠡ ᠰᠦᠨᠢ ᠬᠤᠷᠭᠤᠳᠠᠭᠠᠤᠨ ᠭᠠᠷᠬᠤ ᠳᠤ ᠶᠠᠭᠤ ᠪᠣᠯᠬᠤ ᠪᠣᠢ᠂ ᠭᠡᠨ ᠴᠤ ᠭᠡᠷᠡᠭ᠌ ᠪᠣᠯᠭᠠᠬᠤ ᠦᠭᠡᠶ ᠭᠡᠮᠡᠨ ᠪᠠᠶ᠎ᠠ ᠪᠠᠨ ᠵᠥᠪᠳᠡᠭᠡᠯ᠎ᠡ᠃ ᠭᠡᠪᠠᠴᠤ ᠠᠢ᠌ᠯ ᠤᠨ ᠪᠦᠰᠡᠭᠦᠢ ᠲᠡᠶ ᠨᠢᠭᠡ ᠣᠷᠤᠨ ᠳᠡᠭᠡᠷ᠎ᠡ ᠭᠠᠷᠤᠭᠠᠤᠨ ᠭᠡᠪᠳᠡᠯᠳᠡᠢ ᠪᠢᠰᠢ᠂ ᠳᠡᠭᠦᠨ ᠢ ᠠᠯᠪᠠᠳᠠᠨ ᠣᠷᠤᠨ ᠳᠠᠭᠠᠨ ᠣᠠᠳᠠᠭᠤᠯᠤᠭᠠᠤᠨ ᠦᠪᠡᠷ ᠶᠢᠡᠨ ᠰᠠᠠᠳᠠᠯᠢ ᠳᠡᠭᠡᠷ᠎ᠡ ᠪᠠᠨ ᠰᠠᠭᠤᠭ᠎ᠠ ᠲᠡᠶ ᠪᠠᠨ ᠦᠷᠭᠡᠯᠡᠵᠡᠢ᠃ ᠨᠢᠭᠡ ᠰᠡᠷᠢᠭᠦ ᠳᠤ ᠦᠨᠦᠭᠢ ᠪᠦᠰᠡᠭᠦᠢ ᠳᠡᠭᠦᠨ ᠢ ᠬᠠᠵᠠᠭᠤ ᠪᠠᠷ ᠶᠢᠡᠨ ᠢᠷᠡᠭᠡᠳ ᠭᠡᠪᠳᠡ ᠭᠡᠵᠤ ᠬᠠᠠᠴᠤᠨ ᠡᠴᠡ ᠨᠢ ᠣᠭᠵᠠᠷᠠᠵᠤ ᠪᠠᠢ᠌ᠯ᠎ᠠ᠃ ᠰᠠᠭᠤᠭ᠎ᠠ ᠪᠠᠷ ᠶᠢᠡᠨ ᠣᠠᠳᠠᠬᠤ ᠶᠢᠨ ᠬᠠᠯᠠ ᠶᠢ ᠪᠠᠬᠠᠨ ᠠᠮᠰᠠᠭᠰᠠᠨ ᠪᠠᠯᠭᠠᠷ ᠡᠨᠡ ᠳᠠᠷᠠ ᠶᠢ ᠬᠠᠮᠢᠶᠠᠷᠤᠭᠰᠠᠨ ᠦᠭᠡᠶ ᠰᠢᠭᠤᠳ ᠦᠨᠦᠭᠢ ᠪᠦᠰᠡᠭᠦᠢ ᠶᠢᠨ ᠡᠪᠦᠷ ᠲᠤ ᠰᠢᠷᠭᠤᠨ ᠣᠷᠤᠪᠠ᠃ ᠨᠠᠷᠢᠬᠠᠨ ᠴᠢᠭᠢᠷᠠᠭ ᠪᠠᠶ᠎ᠠ᠂ ᠪᠣᠮᠪᠣᠢ᠌ᠨ ᠰᠡᠷᠡᠢ᠌ᠭ᠍ᠰᠡᠨ ᠵᠥᠭᠡᠯᠡᠨ ᠭᠦᠭᠦ ᠬᠤᠷᠤᠬᠠᠢ ᠭᠦᠳᠡᠯᠭᠡᠨ ᠶᠠᠷᠤ ᠡᠴᠡ ᠦᠨᠦᠷᠳᠠᠵᠤ ᠥᠩᠭᠡᠷᠭᠡ ᠦᠭᠡᠶ ᠬᠠᠴᠢᠨ ᠦᠨᠦᠷ ᠪᠦᠰᠡᠭᠦᠢ ᠶᠢᠨ ᠳᠠᠯ᠎ᠠ ᠡᠴᠡ ᠬᠠᠩᠬᠤᠯᠤᠨ ᠢᠷᠡᠭᠦ ᠳᠤ ᠮᠠᠷᠳᠠᠭᠳᠠᠭᠠᠤᠨ ᠣᠳᠠᠭᠰᠠᠨ ᠶᠠᠭᠤᠮ᠎ᠠ ᠰᠠᠨᠠᠭᠠᠨ ᠳᠤ ᠣᠷᠤᠨ ᠪᠠᠢ᠌ᠳᠠᠭ ᠴᠢᠰᠤ ᠨᠢ ᠣᠢ᠌ᠯᠤᠨ ᠪᠣᠴᠠᠯᠵᠤ᠂ ᠡᠰ ᠪᠦᠭᠦᠨ ᠨᠢ ᠠᠮᠢᠯᠠᠨ ᠰᠡᠷᠡᠭᠦ ᠰᠢᠭ᠌ ᠪᠣᠯᠪᠠ᠃ ᠪᠦᠰᠡᠭᠦᠢ ᠵᠢᠵᠢᠭ᠌ ᠭᠠᠷ ᠶᠢᠡᠨ ᠡᠯᠢᠭᠡᠨ ᠳᠤ ᠨᠢ ᠭᠦᠷᠭᠡᠭᠡᠳ ᠭᠦᠷᠮᠡᠨ ᠤ ᠳᠤᠪᠴᠢᠰ ᠢ ᠨᠢ ᠠᠯᠳᠠᠷᠭᠠᠵᠤ ᠡᠭᠢᠯᠡᠯ᠎ᠡ᠃ ᠡᠷ᠎ᠡ ᠭᠦᠮᠤᠨ ᠡᠯᠳᠡᠪ ᠤᠨ ᠳᠠᠪᠠᠭ᠎ᠠ ᠶᠢ ᠳᠠᠪᠠᠭᠠᠤᠨ ᠴᠢᠳᠠᠳᠠᠭ ᠴᠤ ᠡᠮ᠎ᠡ ᠶᠢᠨ ᠳᠠᠪᠠᠭ᠎ᠠ ᠶᠢ ᠳᠠᠪᠠᠵᠤ ᠴᠢᠳᠠᠳᠠᠭ ᠦᠭᠡᠶ ᠨᠢ ᠣᠢ᠌ᠯᠠ᠃ ᠪᠠᠯᠭᠠᠷ ᠪᠠᠶ᠎ᠠ ᠪᠠᠨ ᠪᠠᠷᠢᠬᠤ ᠭᠡᠵᠤ ᠭᠡᠰᠡᠭ᠌ ᠴᠢᠷᠮᠠᠢ᠌ᠯ᠎ᠠ᠂ ᠴᠢᠳᠠᠭᠰᠠᠨ ᠦᠭᠡᠶ᠃ ᠰᠢᠨᠤᠯ ᠤᠨ ᠭᠠᠯ ᠨᠢ ᠪᠠᠭ᠎ᠠ ᠪᠠᠭ᠎ᠠ ᠪᠠᠷ ᠰᠢᠳᠠᠵᠤ ᠡᠭᠢᠯᠡᠭᠦ ᠶᠢ ᠳᠠᠭᠠᠯᠳᠤᠨ ᠰᠡᠳᠭᠢᠯ ᠤᠨ ᠴᠡᠭᠡᠷ ᠨᠢ ᠴᠤ ᠢᠳᠡᠭ᠌ ᠢᠳᠡᠭ᠌ ᠶᠢᠡᠷ ᠰᠤᠯᠠᠷᠠᠵᠤ ᠢᠷᠠᠯ᠎ᠠ᠃ ᠬᠠᠨᠢ ᠳᠠᠭᠠᠨ ᠣᠰᠤᠯᠳᠠᠬᠤ ᠦᠭᠡᠶ ᠭᠡᠳᠡᠭ᠌ ᠨᠢᠭᠡ ᠪᠣᠳᠤᠯ ᠴᠠᠭᠠᠨ᠎ᠠ ᠡᠴᠡ ᠨᠢ ᠣᠭᠵᠠᠷᠠᠭᠠᠤᠨ ᠪᠠᠢ᠌ᠬᠤ ᠳᠤ ᠬᠠᠵᠠᠭᠠᠷᠯᠠᠵᠤ ᠪᠣᠯᠳᠠᠭ ᠦᠭᠡᠶ ᠡᠷ᠎ᠡ ᠶᠢᠨ ᠳᠤᠴᠢᠭ ᠨᠢ ᠨᠠᠭᠠᠨ᠎ᠠ ᠡᠴᠡ ᠨᠢ ᠥᠳᠦᠭᠡᠭᠡᠳ ᠭᠡᠴᠡᠭᠦᠤ᠃ ᠠᠮᠢᠳᠤᠷᠠᠯ ᠣᠯᠠᠩᠭᠢ ᠳᠠᠭᠠᠨ ᠰᠢᠳᠤᠷᠭᠤ ᠳᠤ ᠪᠣᠰᠤ᠂ ᠰᠢᠨᠤᠯ ᠳᠤ ᠣᠯᠵᠠᠯᠠᠭᠳᠠᠳᠠᠭ ᠨᠢ ᠡᠨᠡ ᠠᠵᠢ ︕ ᠨᠢᠭᠡ ᠮᠡᠳᠡᠭᠦ ᠳᠤ ᠬᠤᠶᠠᠷ ᠪᠠᠶ᠎ᠠ ᠳᠡᠭᠡᠷ᠎ᠡ ᠳᠤᠤᠷ᠎ᠠ ᠭᠠᠷᠤᠨ ᠬᠠᠭᠤᠷᠠᠢ ᠡᠪᠠᠰᠤᠨ ᠳᠤ ᠭᠠᠯ ᠵᠤᠯᠭᠠᠭᠰᠠᠨ ᠰᠢᠭ ᠭᠠᠭᠴᠠ ᠪᠦᠭᠡᠮ ᠪᠣᠯᠤᠨ ᠰᠢᠳᠠᠵᠤ᠂ ᠬᠤᠷᠤᠮᠬᠠᠨ ᠵᠠᠭᠤᠷ᠎ᠠ ᠮᠠᠬᠠᠪᠣᠤᠨ ᠤᠨ ᠴᠠᠩᠭ᠋ᠠᠭ᠎ᠠ ᠳᠠᠢ᠌ᠯᠤᠭᠳᠠᠨ ᠭᠡᠵᠢᠶ᠎ᠡ ᠴᠤ ᠪᠠᠢ᠌ᠭ᠎ᠠ ᠦᠭᠡᠶ ᠬᠠᠨᠤᠮᠰᠢᠯ ᠳᠠᠯᠪᠢᠭᠤᠷᠠᠯ ᠤᠨ ᠣᠷᠭᠢᠯ ᠳᠤ ᠭᠦᠷᠪᠡ᠃ ᠪᠠᠶ᠎ᠠ ᠡᠴᠡ ᠪᠠᠨ ᠬᠤᠶᠠᠷ ᠭᠤᠷᠪᠠᠨ ᠦᠶ᠎ᠡ ᠮᠥᠯᠳᠦᠷᠡᠭ᠍ᠰᠡᠨ ᠵᠠᠯᠠᠭᠤ ᠪᠦᠰᠡᠭᠦᠢ ᠲᠡᠶ ᠪᠠᠯᠭᠡ ᠶᠢᠨ ᠬᠠᠷᠢᠴᠠᠭ᠎ᠠ ᠡᠭᠦᠰᠭᠡᠴᠢᠭᠡᠭᠡᠳ ᠪᠠᠯᠭᠠᠷ ᠬᠠᠷᠠᠮᠰᠠᠪᠠᠴᠤ ᠣᠷᠣᠢ᠌ᠳᠠᠵᠠᠢ᠃ ᠦᠨᠦᠭᠢ ᠪᠦᠰᠡᠭᠦᠢ ᠬᠠᠷᠢᠨ ᠭᠦᠷᠳᠡᠳᠡᠭ᠌ ᠶᠢᠡᠨ ᠭᠦᠷᠳᠡᠴᠢᠭᠡᠭᠡᠳ ᠣᠳᠤ ᠠᠮᠠᠷᠠᠯ᠎ᠠ ᠭᠡᠰᠡᠨ ᠰᠢᠭ᠌ ᠬᠠᠩᠬᠠᠭᠠᠷ ᠴᠡᠭᠡᠵᠢᠨ ᠳᠤ ᠨᠢ ᠳᠤᠯᠤᠭᠠᠢ ᠪᠠᠨ ᠨᠠᠭᠠᠭᠠᠤᠨ ᠣᠠᠳᠠᠭᠠᠤᠨ ᠦᠭ‍ᠭᠦᠯ᠎ᠡ᠃ ᠰᠠ‍‌ᠶᠢ ᠪᠠᠯᠭᠠᠷ ᠢ ᠡᠮᠨᠢᠭ᠌ ᠭᠤᠠᠵᠢᠨ ᠳᠡᠭᠡᠷ᠎ᠡ ᠭᠠᠷᠤᠭ᠎ᠠ ᠨᠠᠰᠤ ᠭᠦᠢᠴᠡᠭ᠍ᠰᠡᠨ ᠪᠤᠦᠷ᠎ᠡ ᠰᠢᠭ ᠯᠠᠪᠳᠠᠭᠤᠨ ᠭᠦᠳᠡᠯᠭᠦ ᠪᠦᠷᠢ ᠳᠤᠤᠷ᠎ᠠ ᠡᠴᠡ ᠨᠢ ᠬᠤᠠᠳᠤᠴᠠᠭ ᠶᠢᠡᠨ ᠡᠷᠭᠦᠨ ᠴᠠᠭ ᠴᠢᠨᠡᠭᠡ ᠪᠠᠷ ᠶᠢᠡᠨ ᠨᠦᠳᠦᠵᠦ᠂ ᠪᠦᠳᠦᠭᠦᠨ ᠪᠠᠶ᠎ᠠ ᠶᠢ ᠨᠢ ᠦᠰᠦᠷᠭᠡᠭᠡᠳ ᠬᠠᠶᠠᠴᠢᠬᠠᠮᠠᠷ ᠠᠭᠠᠰᠢᠯᠠᠵᠤ ᠪᠠᠢ᠌ᠭᠰᠠᠨ ᠨᠢ ᠭᠠᠢ᠌ᠬᠠᠮᠠᠷ᠃ ᠡᠨᠡ ᠵᠢᠭᠠᠬᠠᠨ ᠵᠢᠭ᠍ᠵᠢᠭᠡᠷ ᠠᠮᠢᠳᠠᠨ ᠳᠤ ᠬᠠᠮᠢᠭ᠎ᠠ ᠨᠢ ᠪᠠᠢ᠌ᠭᠰᠠᠨ ᠳᠠᠢ᠌ᠮᠤ ᠶᠡᠭᠡ ᠴᠢᠳᠠᠯ ᠪᠣᠢ ᠭᠡᠵᠤ ᠪᠣᠳᠤᠬᠤ ᠳᠤ ᠪᠠᠯᠭᠠᠷ ᠤᠨ ᠢᠨᠢᠶᠠᠳᠤ ᠭᠦᠷᠤᠨ᠎ᠡ᠃

ᠮᠠᠷᠭᠠᠰᠢ ᠨᠢ ᠦᠨᠦᠭᠢ ᠪᠦᠰᠡᠭᠦᠢ ᠪᠠᠯᠭᠠᠷ ᠤᠨ ᠬᠠᠵᠠᠭᠤ ᠡᠴᠡ ᠶᠠᠪᠣᠭ᠎ᠠ ᠦᠭᠡᠶ᠂ ᠨᠥᠭᠦᠭᠡᠳᠦᠷ ᠨᠢ ᠴᠤ ᠶᠠᠪᠣᠭᠰᠠᠨ ᠦᠭᠡᠶ᠃ ᠳᠠᠷᠠ ᠴᠤ ᠶᠠᠪᠣ ᠭᠡᠵᠤ ᠭᠦᠭᠡᠭᠡ ᠦᠭᠡᠶ᠂ ᠪᠢᠳᠡᠭᠡᠢ ᠶᠠᠪᠣ ᠭᠡᠵᠤ ᠬᠠᠰᠢᠭᠰᠠᠨ ᠦᠭᠡᠶ᠃ ᠭᠦᠮᠤᠨ ᠤ ᠭᠠᠮᠰᠢᠭ ᠪᠣᠯᠤᠭᠰᠠᠨ ᠳᠤᠮᠤ ᠬᠤᠳᠠ ᠶᠢᠨ ᠨᠢᠭᠡ ᠪᠣᠯᠤᠩ ᠳᠤ ᠠᠢ᠌ᠯ ᠤᠨ ᠵᠠᠯᠠᠭᠤ ᠪᠦᠰᠡᠭᠦᠢ ᠲᠡᠶ ᠰᠠᠮᠠᠭᠤᠷᠠᠭᠠᠤᠨ ᠭᠡᠳᠦᠢ ᠬᠤᠨᠤᠴᠢᠬᠠᠬᠤ ᠳᠤ ᠭᠡᠨ ᠮᠡᠳᠡᠭᠦ ᠶᠤᠮ ᠭᠡᠵᠤ ᠪᠠᠶ᠎ᠠ ᠳᠡᠭᠡᠨ ᠵᠤᠷᠢᠭ ᠦᠭ‍ᠭᠦᠭ᠍ᠰᠡᠨ ᠨᠢ ᠦᠨᠡᠨ᠃ ᠳᠡᠭᠡᠭᠡᠳ ᠣᠬᠤᠷᠬᠠᠨ ᠬᠤᠭᠤᠴᠠᠭᠠᠨ ᠳᠤ ᠠᠮᠠᠷᠠᠭᠯᠠᠨ ᠳᠠᠰᠤᠯᠴᠠᠵᠤ᠂ ᠨᠠᠷ᠎ᠠ ᠣᠰᠤ ᠪᠠᠨ ᠮᠠᠳᠠᠯᠴᠠᠨ ᠨᠢᠭᠡ ᠬᠠᠮᠠᠷ ᠶᠢᠡᠷ ᠠᠮᠢᠰᠬᠤᠭᠠᠤᠨ ᠠᠪᠴᠠᠢ᠃ ᠭᠡᠳᠡᠯ᠎ᠡ ᠬᠣᠢ᠌ᠨ᠎ᠡ ᠨᠢ ᠡᠢ᠌ᠮᠤ ᠡᠯᠵᠢᠭᠡᠨ ᠤ ᠨᠠᠭᠠᠳᠤᠮ ᠰᠢᠭ ᠳᠦᠭᠦᠷᠦᠭ᠍ᠰᠡᠨ ᠶᠠᠭᠤᠮ᠎ᠠ ᠪᠣᠯᠬᠤ ᠶᠢ ᠭᠡᠨ ᠮᠠᠳᠠᠯ᠎ᠠ ︖ ᠭᠡᠮ ᠦᠭᠡᠶ ᠴᠢᠷᠠᠢ᠌ᠯᠠᠨ ᠭᠦᠮᠤᠨ ᠤ ᠬᠠᠵᠠᠭᠤ ᠳᠤ ᠬᠤᠷᠭᠤᠳᠠᠴᠢᠬᠠᠭᠠᠤᠨ ᠭᠡᠳᠡᠷᠭᠦ ᠡᠷᠭᠢᠨ ᠪᠠᠶ᠎ᠠ ᠶᠢ ᠨᠢ ᠰᠢᠪᠠᠷ ᠲᠤ ᠣᠨᠠᠭᠠᠭᠰᠠᠨ ᠢ ᠪᠣᠳᠤᠬᠤ ᠳᠤ ᠡᠭ᠍ᠳᠡᠭᠦᠤ ᠭᠦᠷᠭᠦ ᠪᠣᠯᠪᠠᠴᠤ ᠭᠡᠨ ᠳᠡᠭᠦᠨ ᠢ ᠭᠡᠷᠡᠭ᠌ ᠲᠤ ᠳᠤᠷᠠᠯᠠᠨ ᠭᠡᠭᠡᠷ᠎ᠡ ᠰᠢᠳᠠᠭᠰᠠᠨ ᠳᠣᠢ᠌ᠮᠠᠷ ᠢ ᠭᠡᠷ ᠲᠡᠭᠡᠨ ᠠᠪᠴᠢᠷᠠ ᠭᠡᠰᠡᠨ ᠪᠢᠯᠠ ⁈ ᠵᠢᠭ᠍ᠳᠡᠢ ᠰᠤᠨᠢᠨ ᠦᠷᠦᠭᠡᠯ ᠳᠤ ᠳᠤᠰᠠ ᠭᠦᠷᠭᠡᠵᠤ ᠪᠣᠢ ᠭᠡᠳ ᠦᠪᠡᠷ ᠤᠨ ᠭᠦᠯ ᠳᠡᠭᠡᠷ᠎ᠡ ᠪᠠᠨ ᠦᠪᠡᠷ ᠶᠢᠡᠨ ᠭᠢᠰᠭᠢᠵᠡᠢ᠃

ᠪᠠᠯᠭᠠᠷ ᠤᠨ ᠭᠠᠷ ᠣᠳᠠᠰᠤ ᠳᠤᠤᠭᠠᠷᠤᠯ᠎ᠠ᠂ ᠠᠪᠣᠭᠠᠤᠨ ᠳᠤᠰᠪᠠᠯ ᠪᠦᠰᠡᠭᠦᠢ ᠬᠡᠦᠬᠡᠳ ᠨᠢ ᠬᠠᠢ᠌ᠭᠠᠤᠨ ᠭᠠᠯᠠᠪ ᠪᠣᠯᠵᠤ ᠪᠠᠢ᠌ᠨ᠎ᠠ᠃ ᠵᠡᠭᠡᠯᠢ ᠭᠡᠰᠤᠨ᠎ᠡ ᠭᠡᠳ ᠭᠠᠷᠤᠭᠰᠠᠨ ᠭᠦᠮᠤᠨ ᠪᠦᠳᠤᠨ ᠡᠳᠦᠷ ᠶᠢᠡᠷ ᠵᠢᠯᠢ᠌ᠴᠢᠭᠡᠭᠦ ᠳᠤ ᠬᠣᠢ᠌ᠨ᠎ᠡ ᠡᠴᠡ ᠨᠢ ᠰᠠᠨᠠᠭ᠎ᠠ ᠪᠣᠯᠵᠠᠭᠠᠬᠤ ᠨᠢ ᠵᠦᠪ ᠪᠢᠵᠠ᠃ ᠪᠠᠯᠭᠠᠷ ᠬᠠᠷᠮᠠᠨ ᠡᠴᠡ ᠪᠠᠨ ᠴᠠᠭᠠᠰᠤ ᠭᠠᠷᠭᠠᠨ ᠱᠠᠬᠠᠢ ᠳᠤ ᠨᠠᠭᠠᠯᠳᠤᠭᠰᠠᠨ ᠰᠢᠷᠤᠢ ᠪᠠᠨ ᠠᠷᠴᠢᠨ ᠣᠨᠠᠭᠠᠪᠠ᠃ ᠭᠡᠷᠡᠭ᠌ ᠡᠴᠡ ᠵᠠᠢ᠌ᠯᠠᠭᠠᠤᠨ ᠭᠡᠭᠡᠷ᠎ᠡ ᠰᠠᠭᠤᠭᠠᠤᠨ ᠪᠠᠢ᠌ᠯᠳᠠᠢ ᠪᠢᠰᠢ᠂ ᠬᠤᠷᠳᠤᠨ ᠨᠢᠭᠡ ᠰᠢ᠌ᠳ ᠳᠡᠭᠡᠷ᠎ᠡ ᠨᠢ ᠳᠠᠯᠪᠢᠬᠤ ᠨᠢ ᠵᠣᠢ᠌ᠳᠠᠢ ᠰᠠᠨᠠᠭᠳᠠᠯ᠎ᠠ᠃ ᠪᠣᠳᠤᠵᠤ ᠪᠣᠳᠤᠭᠠᠤᠨ ᠨᠠᠰᠢ ᠢᠷᠡᠭᠦᠯᠭᠦ ᠦᠭᠡᠶ ᠪᠠᠢ᠌ᠭᠰᠠᠨ ᠴᠠᠭ ᠲᠤ ᠮᠦᠩᠭᠦ ᠲᠦᠯᠤᠵᠤ ᠪᠠᠢ᠌ᠭᠠᠤᠨ ᠴᠤ ᠭᠡᠰᠡᠨ ᠭᠡᠷᠡᠭ᠌ ᠢ ᠪᠠᠭ᠎ᠠ ᠳᠡᠭᠡᠷ᠎ᠡ ᠨᠢ ᠳᠠᠰᠤᠯᠤᠭᠠᠤᠨ ᠰᠠᠨᠠᠭ᠎ᠠ ᠠᠮᠤᠷᠤᠶ᠎ᠠ ᠭᠡᠳᠡᠭ᠌ ᠰᠢ᠌ᠤᠠᠪᠣᠷᠢ ᠭᠠᠷᠭᠠᠭᠠᠤᠨ ᠪᠣᠰᠴᠠᠢ᠃


    ᠬᠤᠶᠠᠷ


ᠪᠠᠯᠭᠠᠷ ᠢ ᠮᠤᠵᠢ ᠶᠢᠨ ᠲᠥᠪ ᠳᠡᠭᠡᠷ᠎ᠡ ᠭᠦᠷᠦᠭᠡᠳ ᠳᠡᠷᠭᠡᠨ ᠦᠷᠳᠡᠭᠡᠨ ᠡᠴᠡ ᠭᠠᠷᠬᠤ ᠭᠡᠳᠡᠯ᠎ᠡ ᠰᠢᠶᠤᠤ ᠮᠢᠩ ᠶᠠᠭ ᠡᠭᠦᠳᠡᠨ ᠳᠡᠭᠡᠷ᠎ᠡ ᠳᠡᠭᠦᠨ ᠢ ᠳᠤᠰᠴᠤ ᠪᠠᠢ᠌ᠵᠠᠢ᠃ ᠮᠤᠤᠬᠠᠨ ᠦᠵᠡᠪᠠ ᠦᠦ ᠦᠭᠡᠶ ᠦᠦ 《ᠰᠠᠨᠠᠭᠠᠤᠨ ᠥᠭᠦᠯ᠎ᠡ》 ᠭᠡᠮᠡᠨ ᠰᠢᠭᠤᠳ ᠢᠷᠡᠭᠡᠳ ᠳᠤᠬᠤᠢ ᠡᠴᠡ ᠨᠢ ᠵᠢᠭᠤᠷᠠᠴᠢᠬᠠᠬᠤ ᠪᠠᠷ ᠪᠠᠯᠭᠠᠷ ᠡ᠊ᠨᠳᠡ ᠳᠠᠠᠳᠠ ᠪᠠᠨ ᠬᠠᠷᠠᠨ ᠪᠠᠬᠠᠨ ᠰᠠᠠᠳᠤᠷᠤᠯ᠎ᠠ᠃ ᠬᠠᠵᠠᠭᠤ ᠬᠠᠪᠢ ᠪᠠᠷ ᠨᠢ ᠳᠠᠨᠢᠳᠠᠭ ᠭᠦᠮᠤᠨ ᠦᠭᠡᠶ ᠴᠤ ᠡᠴᠢᠭᠡ ᠭᠡᠦᠭᠡᠨ ᠬᠤᠶᠠᠷ ᠰᠢᠭ ᠠᠮᠢᠳᠠᠨ ᠢᠩᠭᠢᠵᠤ ᠣᠯᠠᠨ ᠤ ᠨᠢᠳᠤᠨ ᠳᠤᠤᠷ᠎ᠠ ᠠᠭᠠᠯᠢ ᠥᠭᠡᠢ᠌ᠳᠡᠭᠦ ᠨᠢ ᠨᠢᠭᠤᠷ ᠲᠤ ᠮᠠᠭᠤᠬᠠᠢ᠃ ᠬᠤᠯᠠᠭᠠᠢ᠌ᠴᠢ ᠠᠳᠠᠯᠢ ᠡ᠊ᠨᠳᠡ ᠡᠴᠡ ᠪᠠᠨ ᠦᠷᠭᠦᠨ ᠳᠠᠠᠳᠠ ᠡᠴᠡ ᠪᠠᠨ ᠰᠤᠴᠢᠨ ᠶᠠᠪᠣᠭᠰᠠᠭᠠᠷ ᠠᠷᠠᠢ ᠭᠡᠵᠤ ᠬᠠᠭᠤᠴᠢᠨ ᠪᠠᠢ᠌ᠷᠢ ᠳᠠᠭᠠᠨ ᠢᠷᠠᠯ᠎ᠠ᠃ ᠪᠠᠢ᠌ᠭᠰᠠᠨ ᠨᠢ ᠡᠨᠡ ᠭᠡᠭᠦ ᠰᠢᠭ᠌ ᠰᠢᠶᠤᠤ ᠮᠢᠩ ᠳᠡᠭᠦᠨ ᠳᠤ ᠨᠢᠭᠡ ᠴᠤᠮᠤ ᠬᠠᠷ᠎ᠠ ᠣᠰᠤ ᠭᠢᠭᠡᠳ ᠡᠮᠤᠨ᠎ᠡ ᠨᠢ ᠳᠠᠯᠪᠢᠪᠠ᠃ ᠪᠠᠢ᠌ᠷᠢ ᠶᠢᠨ ᠭᠢᠨᠢ ᠪᠠᠢ᠌ᠷᠢᠯᠠᠯ ᠡᠳ᠋ᠯᠡᠯ ᠬᠤᠪᠢᠷᠠᠭᠰᠠᠨ ᠦᠭᠡᠶ ᠪᠣᠯᠪᠠᠴᠤ ᠣᠤᠯ ᠤᠨ ᠰᠦᠷ ᠰᠦᠯᠳᠡ ᠪᠠᠨ ᠠᠯᠳᠠᠭᠠᠤᠨ ᠨᠢᠭᠡ ᠯᠠ ᠥᠩᠭᠡ ᠮᠠᠭᠤᠳᠠᠢ᠃ ᠴᠠᠭᠠᠳᠤ ᠵᠢᠵᠢᠭ᠌ ᠠᠮᠪᠠᠨ ᠳᠡᠭᠡᠷ᠎ᠡ ᠪᠠᠢ᠌ᠭ᠎ᠠ ᠭᠠᠭᠴᠠ ᠠᠳᠬᠤᠭ᠎ᠠ ᠦᠯᠦᠨ ᠨᠤᠭᠤᠭ᠎ᠠ ᠶᠢ ᠭᠠᠷᠭᠠᠪᠠᠯ ᠥᠭᠡᠷ᠎ᠡ ᠡᠷᠡᠤ ᠭᠦᠳᠡᠯᠭᠡᠮᠡᠷ ᠵᠣᠢ᠌ᠯ ᠠᠯᠠᠭ᠎ᠠ᠃ ᠶᠠᠮᠠᠷ ᠰᠠᠢ᠌ᠨ ᠳᠠᠭᠠᠨ ᠨᠠᠮ᠎ᠠ ᠶᠢ ᠡᠰᠢ ᠳᠠᠭᠤᠳᠠᠭᠰᠠᠨ ᠪᠠᠢ᠌ᠬᠤ ᠪᠣᠢ᠂ ᠢᠳᠡᠭᠦ ᠣᠤᠭᠤᠬᠤ ᠶᠠᠭᠤᠮ᠎ᠠ ᠪᠠᠷ ᠳᠠᠰᠤᠷᠠᠭᠠᠤᠨ ᠰᠢᠷᠤᠢ ᠭᠠᠮᠨᠠᠮᠠᠷ ᠪᠣᠯᠬᠤ ᠳᠠᠭᠠᠨ ᠢᠷᠡᠭᠦᠯᠵᠡᠢ᠃ ᠬᠠᠯᠠᠭᠤᠳᠠᠬᠤ ᠳᠠᠭᠠᠨ ᠶᠠᠪᠣᠵᠤ ᠶᠠᠪᠣᠵᠤ ᠡᠢ᠌ᠮᠤ ᠨᠢᠴᠦᠭᠦᠨ ᠭᠤᠶ᠎ᠠ ᠲᠡᠶ ᠬᠠᠷᠭᠤᠴᠢᠬᠠᠳᠠᠭ ᠮᠢᠨᠤ ᠳᠦᠭ᠍ᠵᠢᠩ ᠪᠠᠢ᠌ᠨ᠎ᠠ ᠭᠡᠵᠤ ᠪᠣᠳᠤᠯ᠎ᠠ᠃

ᠰᠢᠶᠤᠤ ᠮᠢᠩ ᠬᠠᠵᠠᠭᠤ ᠳᠤ ᠨᠢ ᠢᠷᠠᠵᠤ ᠨᠦᠷᠢᠨ ᠰᠠᠭᠤᠭᠠᠤᠨ᠄

᠊᠊᠊᠊᠊᠊᠊᠊᠊᠊᠊᠊᠊᠊᠊ ᠬᠤᠶᠠᠭᠤᠯᠠ ᠭᠠᠷᠤᠭᠠᠤᠨ ᠢᠳᠠᠶ᠎ᠠ᠂ ᠡ᠊ᠨᠳᠡ ᠢᠳᠠᠮᠠᠷ ᠶᠠᠭᠤᠮ᠎ᠠ ᠦᠭᠡᠶ᠃ ᠡᠷᠳᠡ ᠴᠢᠨᠤ ᠥᠯᠡᠳᠡᠭᠡᠭ᠍ᠰᠡᠨ ᠭᠡᠳᠤᠨ ᠮᠦᠩᠭᠦ ᠶᠢ ᠪᠠᠢ᠌ᠰᠢᠩ ᠤᠨ ᠭᠦᠯᠦᠰᠤ᠂ ᠡᠨᠡ ᠳᠠᠷᠠ ᠭᠡᠳ ᠭᠡᠳᠥᠢᠨᠡᠢ ᠵᠠᠷᠤᠭᠠᠤᠨ ᠪᠠᠷᠠᠴᠢᠬᠠᠭᠰᠠᠨ ᠭᠡᠵᠤ ᠵᠤᠪᠠᠯᠠᠩ ᠭᠠᠪᠢᠶ᠎ᠠ ᠪᠠᠨ ᠵᠡᠷᠭᠡ ᠮᠡᠳᠡᠭᠦᠯᠤᠨ᠎ᠡ᠃

ᠪᠦᠳᠤᠨ ᠡᠳᠦᠷ ᠭᠡᠯᠳᠡᠢ ᠳᠡᠷᠭᠡᠨ ᠳᠤ ᠰᠠᠵᠢᠯᠠᠭᠰᠠᠨ ᠳᠡᠭᠡᠷ᠎ᠡ ᠣᠮᠳᠠᠭᠠᠰᠴᠤ ᠥᠯᠦᠰᠦᠭᠡᠳ ᠳᠠᠷᠠ ᠣᠯᠠᠨ ᠢ ᠬᠠᠮᠢᠶᠠᠷᠬᠤ ᠳᠡᠩᠭᠡᠭᠡ ᠦᠭᠡᠶ᠃ ᠰᠠᠨᠠᠭ᠎ᠠ ᠪᠠᠷ ᠪᠦᠰᠡᠭᠦᠢ ᠨᠢ ᠦᠷᠯᠦᠭᠡ ᠳᠡᠭᠦᠨ ᠢ ᠦᠷᠤᠮ᠎ᠠ ᠪᠣᠭᠤᠷᠰᠤᠭ᠂ ᠳᠤᠰᠤ ᠲᠡᠶ ᠴᠠᠢ ᠪᠠᠷ ᠰᠠᠢ᠌ᠨ ᠳᠠᠢ᠌ᠯᠠᠭᠰᠠᠨ ᠳᠠᠭᠠᠨ ᠪᠣᠯᠵᠠᠢ᠃ ᠦᠭᠡᠶ ᠪᠣᠯ ᠳᠠᠷᠠ ᠬᠤᠯᠠ ᠡᠴᠡ ᠢᠷᠡᠭᠡᠳ ᠬᠤᠭᠤᠰᠤᠨ ᠠᠶᠠᠭ᠎ᠠ ᠶᠢᠨ ᠠᠮᠠ ᠵᠠᠭᠤᠬᠤ ᠳᠠᠭᠠᠨ ᠮᠠᠨᠠᠷᠠᠴᠢᠬᠠᠵᠤ ᠮᠠᠳᠠᠨ᠎ᠡ᠃ ᠡᠭᠦᠨ ᠤ ᠶᠠᠩᠵᠤ ᠪᠠᠷ ᠥᠭᠦᠭ᠍ᠰᠡᠨ ᠳᠤᠭᠤᠯ ᠭᠠᠷᠭᠠᠨ᠎ᠠ ᠭᠡᠭ᠍ᠴᠢ ᠪᠠᠷ ᠰᠢᠶᠤᠤ ᠮᠢᠩ ᠤᠨ ᠭᠠᠷ ᠨᠢᠭᠤᠷ ᠢ ᠬᠠᠷᠠᠭᠠᠤᠨ ᠳᠡᠯᠡᠭᠡᠢ ᠳᠡᠪᠳᠦᠭᠡᠭᠦ ᠦᠭᠡᠶ ᠭᠡᠳᠡᠭ᠌ ᠶᠢᠡᠨ ᠮᠡᠳᠡᠭᠡᠳ ᠬᠤᠷᠳᠤᠨ ᠪᠣᠰᠤᠯ᠎ᠠ᠃

ᠵᠡᠭᠡᠯᠢ ᠳᠤ ᠭᠦᠮᠦᠰ ᠬᠠᠪᠣᠷ ᠤᠨ ᠢᠯᠠᠭ᠎ᠠ ᠠᠳᠠᠯᠢ ᠣᠢ᠌ᠮᠠᠨ᠎ᠠ᠃ ᠪᠠᠯᠭᠠᠷ ᠳᠠᠷᠠ ᠬᠤᠶᠠᠷ ᠭᠦᠮᠦᠰ ᠤᠨ ᠭᠦᠯ ᠪᠠᠭᠠᠳᠠᠢ ᠵᠢᠵᠢᠭ᠌ ᠬᠤᠭᠤᠯᠠᠨ ᠭᠡᠷ ᠶᠢᠡᠷ ᠣᠷᠤᠵᠤ ᠭᠠᠢ᠌ᠭᠤᠢ ᠰᠠᠢ᠌ᠨ ᠬᠤᠭᠤᠯᠠᠯᠠᠵᠤ ᠠᠪᠣᠪᠠ᠃ ᠦᠷᠭᠦᠯᠵᠢ ᠦᠯᠦᠨ ᠳᠤᠳᠤᠷᠭ᠎ᠠ᠂ ᠣᠰᠤᠨ ᠨᠤᠭᠤᠭ᠎ᠠ ᠪᠠᠷ ᠦᠯ ᠶᠢᠡᠨ ᠳᠠᠷᠤᠵᠤ ᠶᠠᠪᠣᠭᠰᠠᠨ ᠰᠢᠶᠤᠤ ᠮᠢᠩ ᠮᠢᠬ᠎ᠠ ᠱᠦᠯᠦ ᠲᠡᠶ ᠬᠤᠭᠤᠯᠠ ᠢᠳᠡᠭᠡᠳ ᠨᠢᠳᠤ ᠨᠢᠭᠤᠷ ᠨᠢ ᠨᠠᠷᠠ ᠭᠠᠷᠴᠠᠢ᠃ ᠬᠤᠶᠠᠭᠤᠯᠠ ᠵᠠᠮ ᠤᠨ ᠵᠠᠬ᠎ᠠ ᠶᠢᠨ ᠴᠢᠯᠦᠭᠡᠳᠤ ᠵᠡᠭᠡᠯᠢ ᠪᠠᠷ ᠳᠤᠭᠤᠷᠢᠵᠤ᠂ ᠪᠠᠭ᠎ᠠ ᠰᠠᠭ᠎ᠠ ᠭᠦᠨᠡᠰᠤᠨ ᠤ ᠵᠣᠢ᠌ᠯ ᠠᠪᠣᠭᠠᠤᠨ ᠪᠣᠴᠠᠪᠠ᠃ ᠰᠢᠶᠤᠤ ᠮᠢᠩ ᠵᠠᠪ ᠭᠠᠷᠬᠤ ᠳᠤ ᠯᠠ ᠣᠭᠵᠢ ᠶᠢᠨ ᠢᠰᠢᠭᠡᠨ ᠰᠢᠭ᠌ ᠨᠦᠷᠢᠵᠤ ᠢᠷᠡᠭᠡᠳ ᠪᠠᠯᠭᠠᠷ ᠢ ᠳᠠᠮᠤᠯᠠᠨ᠎ᠠ᠃

᠊᠊᠊᠊᠊᠊᠊᠊᠊᠊᠊᠊᠊᠊᠊ ᠨᠠᠮ᠎ᠠ ᠶᠢ ᠰᠠᠨᠠᠭᠰᠠᠨ ᠦᠦ ︖ ᠬᠠᠮᠢᠭ᠎ᠠ ᠪᠠᠨ ᠰᠠᠨᠠᠪᠠ ︖

ᠶᠠᠮᠠᠷ ᠡᠭᠡ ᠡᠴᠡ ᠪᠠᠨ ᠰᠠᠯᠵᠤ ᠥᠵᠡᠭᠡ ᠦᠭᠡᠶ ᠨᠢᠯᠬ᠎ᠠ ᠬᠡᠦᠬᠡᠳ ᠪᠠᠢ᠌ᠬᠤ ᠪᠢᠰᠢ ᠭᠡᠵᠤ ᠣᠴᠠᠭᠠᠷ ᠨᠢ ᠭᠦᠷᠦᠭ᠍ᠰᠡᠨ ᠪᠣᠯᠪᠠᠴᠤ ᠨᠢᠭᠤᠷ ᠳᠡᠭᠡᠷ᠎ᠡ ᠪᠠᠨ ᠮᠡᠳᠡᠭ᠍ᠳᠡᠭᠦ ᠦᠭᠡᠶ ᠶᠢ ᠭᠢᠴᠢᠶᠠᠵᠤ᠄

᠊᠊᠊᠊᠊᠊᠊᠊᠊᠊᠊᠊᠊᠊᠊ ᠰᠠᠨᠠᠭᠰᠠᠨ᠂ ᠳᠤᠩ ᠰᠠᠨᠠᠭᠰᠠᠨ᠃ ᠳᠤᠯᠤᠭᠠᠢ ᠶᠢᠨ ᠦᠰᠤ ᠪᠠᠨ ᠬᠠᠯᠴᠠᠷᠠᠳᠠᠯ᠎ᠠ ᠰᠠᠨᠠᠯ᠎ᠠ ᠭᠡᠵᠤ ᠭᠡᠳᠡᠷᠭᠦ ᠭᠤᠤᠴᠢᠯᠠᠪᠠ᠃

ᠰᠢᠶᠤᠤ ᠮᠢᠩ ᠭᠢᠳ ᠭᠢᠳ ᠢᠨᠢᠶᠠᠳᠤ ᠠᠯᠳᠠᠨ᠄

᠊᠊᠊᠊᠊᠊᠊᠊᠊᠊᠊᠊᠊᠊᠊ ᠳᠠᠢ᠌ᠮᠤ ᠦᠦ᠂ ᠳᠡᠭᠡᠭᠡᠳ ᠵᠢᠷᠦᠭᠡᠨ ᠳᠡᠭᠡᠨ ᠰᠠᠨᠠᠪᠠ ᠦᠦ ᠵᠡᠭᠦᠳᠤᠨ ᠳᠡᠭᠡᠨ ᠰᠠᠨᠠᠪᠠ ᠦᠦ ︖ ᠭᠡᠵᠤ ᠣᠯᠠᠮ ᠴᠠᠭᠠᠰᠢᠯᠠᠭᠤᠯᠤᠨ᠎ᠡ᠃

ᠰᠡᠷᠭᠦᠯᠡᠩᠮ᠎ᠡ ᠡᠴᠡ ᠥᠭᠡᠷ᠎ᠡ ᠪᠦᠰᠡᠭᠦᠢ ᠵᠢᠷᠦᠭᠡᠨ ᠳᠤ ᠭᠡᠷᠡᠭ᠌ ᠦᠭᠡᠶ ᠵᠡᠭᠦᠳᠤᠨ ᠳᠤ ᠴᠤ ᠢᠷᠡᠳᠡᠭ᠌ ᠦᠭᠡᠶ ᠪᠠᠢ᠌ᠬᠤ ᠳᠤ ᠴᠢᠮ᠎ᠠ ᠶᠢ ᠶᠠᠭᠤ ᠭᠡᠵᠤ ᠳᠠᠷᠠ ᠪᠣᠯᠳᠠᠯ᠎ᠠ ᠰᠠᠨᠠᠬᠤ ᠶᠤᠮ ᠭᠡᠵᠤ ᠪᠣᠳᠤᠭᠠᠤᠨ ᠠᠪᠣᠭᠰᠠᠨ ᠴᠤ᠄

᠊᠊᠊᠊᠊᠊᠊᠊᠊᠊᠊᠊᠊᠊᠊ ᠳᠠᠢ᠌ᠮᠤ᠂ ᠳᠡᠭᠡᠭᠦᠷ ᠶᠢᠡᠨ ᠪᠢᠰᠢ ᠳᠤᠤᠭᠤᠷ ᠶᠢᠡᠨ ᠬᠠᠳᠠᠳᠠᠯ᠎ᠠ ᠰᠠᠨᠠᠭᠰᠠᠨ ᠭᠡᠳ ᠳᠦᠡᠳᠦᠭᠡᠷ ᠳᠠᠰᠢᠶᠠᠨ ᠡᠴᠡ ᠨᠢ ᠪᠠᠵᠠᠭᠠᠤᠨ ᠣᠷᠭᠢᠵᠠᠢ᠃

ᠪᠠᠯᠭᠠᠷ ᠤᠨ ᠳᠤᠬᠤᠢ ᠳᠡᠭᠡᠷ᠎ᠡ ᠬᠠᠴᠠᠷ ᠶᠢᠡᠨ ᠨᠠᠭᠠᠭᠠᠤᠨ ᠡᠷᠭᠡᠯᠡᠭ᠍ᠰᠡᠨ ᠰᠢᠶᠤᠤ ᠮᠢᠩ᠄

᠊᠊᠊᠊᠊᠊᠊᠊᠊᠊᠊᠊᠊᠊᠊ ᠣᠳᠤ ᠯᠠ ᠰᠠ‍‌ᠶᠢ ᠦᠨᠡᠨ ᠶᠢᠡᠨ ᠭᠡᠯᠡᠯ᠎ᠡ᠂ ᠳᠠᠨ ᠤ ᠡᠷᠡᠴᠦᠳ ᠤᠨ ᠡᠳᠦᠷᠵᠢᠨ ᠪᠢᠰᠢᠯᠭᠠᠳᠠᠭ ᠨᠢ ᠵᠥᠪᠭᠡᠨ ᠳᠠᠷᠠ ᠭᠡᠳ ᠭᠠᠷ ᠡᠴᠡ ᠨᠢ ᠵᠢᠭᠤᠷᠠᠬᠤ ᠳᠤ ᠴᠠᠪᠠᠤ ᠠᠳᠠᠯᠢ ᠨᠠᠭᠠᠯᠳᠤᠭᠠᠤᠨ ᠰᠠᠯᠳᠠᠭ ᠦᠭᠡᠶ ᠡᠮ᠎ᠡ ᠰᠢᠮᠨᠤᠰ ᠲᠡᠶ ᠬᠠᠷᠭᠤᠴᠢᠬᠠᠭᠰᠠᠨ ᠶᠢᠡᠨ ᠵᠢᠩᠭᠢᠨᠢ ᠣᠬᠠᠮᠰᠠᠷᠠᠪᠠ᠃ ᠶᠠᠮᠠᠷ ᠶ‍ᠢᠷᠳᠢᠠᠴᠤ ᠶᠢᠨ ᠡᠷᠡᠴᠦᠳ ᠥᠭᠦᠭᠡᠳ ᠳᠠᠭᠤᠰᠴᠢᠬᠠᠭᠰᠠᠨ ᠪᠠᠢ᠌ᠬᠤ ᠪᠢᠰᠢ᠂ ᠶᠠᠭᠤ ᠭᠡᠵᠤ ᠵᠠᠯᠠᠭᠤ ᠶᠢᠨ ᠭᠠᠯ ᠶᠢᠡᠨ ᠪᠠᠷᠠᠭᠰᠠᠨ ᠭᠦᠭ᠍ᠰᠢᠨ ᠡᠪᠦᠭᠡᠨ ᠲᠡᠶ ᠣᠷᠢᠶᠠᠯᠳᠤᠭᠠᠤᠨ ᠰᠠᠯᠳᠠᠭ ᠦᠭᠡᠶ ᠶᠤᠮ ᠭᠡᠵᠤ ᠭᠠᠢ᠌ᠬᠠᠯ᠎ᠠ᠃ ᠠᠩᠬ᠎ᠠ ᠨᠠᠳᠠ ᠳᠤ ᠭᠡᠷ ᠲᠡᠶ ᠪᠠᠢ᠌ᠭᠠᠤᠨ ᠭᠡᠷ ᠡᠴᠡ ᠪᠠᠨ ᠭᠦᠭᠡᠭᠡᠭ᠍ᠳᠡᠴᠢᠭᠡᠯ᠎ᠡ ᠭᠡᠰᠡᠨ ᠨᠢ ᠬᠤᠳᠠᠯ ᠪᠠᠢ᠌ᠵᠤ ᠮᠠᠳᠠᠨ᠎ᠡ᠃ ᠨᠠᠭᠠᠳᠤ ᠵᠠᠬ᠎ᠠ ᠨᠢ ᠡᠨᠡ ᠬᠤᠳᠠ ᠳᠤ ᠡᠭᠦᠨ ᠳᠤ ᠭᠡᠷ ᠣᠷᠤᠨ ᠪᠠᠢ᠌ᠳᠠᠭ ᠴᠢᠷᠠᠢ ᠠᠯᠠᠭ᠎ᠠ᠃ ᠬᠡᠦᠬᠡᠳ ᠲᠡᠶ ᠪᠣᠯᠴᠢᠬᠠᠯ᠎ᠠ ᠭᠡᠮᠡᠨ ᠴᠢᠭᠢ ᠢᠳᠡᠭ᠍ᠰᠡᠭᠡᠷ ᠪᠠᠢ᠌ᠭᠠᠤᠨ ᠨᠠᠮ᠎ᠠ ᠶᠢ ᠡᠢ᠌ᠰᠢ ᠢᠷᠡᠭᠦᠯᠦᠭ᠍ᠰᠡᠨ᠂ ᠡᠨᠡ ᠯᠠ ᠭᠠᠭᠴᠠ ᠰᠢᠯᠳᠠᠭ ᠨᠢ ᠪᠠᠢ᠌ᠵᠤ ᠳᠠᠭᠠᠷᠠᠨ᠎ᠠ᠃ ᠳᠡᠭᠡᠭᠡᠳ ᠡᠨᠡ ᠰᠢᠯᠳᠠᠭ ᠶᠢᠡᠷ ᠶᠢᠡᠨ ᠬᠠᠯᠬᠠᠪᠴᠢ ᠪᠣᠯᠭᠠᠨ ᠨᠠᠮ᠎ᠠ ᠶᠢ ᠬᠤᠨᠢᠨ ᠤ ᠮᠤᠷᠢᠨ ᠰᠢᠭ ᠭᠠᠷ ᠲᠤ ᠪᠠᠨ ᠣᠶᠠᠭᠠᠤᠨ ᠪᠠᠢ᠌ᠬᠤ ᠰᠠᠨᠠᠭ᠎ᠠ ᠲᠡᠶ ᠪᠣᠯᠪᠠ ᠦᠦ ︖ ᠶᠠᠭᠠᠭᠢᠵᠤ ᠡᠨᠡ ᠣᠷᠬᠠᠨ ᠡᠴᠡ ᠨᠢ ᠠᠯᠳᠠᠭᠳᠠᠬᠤ ᠠᠷᠭ᠎ᠠ ᠳᠠᠳᠠᠬᠤ ᠪᠢᠯᠠ ︖ ᠡᠷᠳᠡᠭᠡᠨ ᠣᠷᠠᠬᠠᠨ ᠡᠴᠡ ᠨᠢ ᠠᠯᠳᠠᠭᠳᠠᠬᠤ ᠭᠡᠪᠠᠯ ᠣᠷᠢᠳᠠᠪᠠᠷ ᠣᠷᠠᠬ᠎ᠠ ᠶᠢ ᠨᠢ ᠳᠠᠰᠤᠯᠬᠤ ᠠᠷᠭ᠎ᠠ ᠪᠣᠳᠤᠬᠤ ᠭᠡᠷᠡᠭ᠍ᠳᠡᠢ᠃

ᠳᠠᠷᠠ ᠬᠤᠶᠠᠷ ᠢ ᠵᠡᠭᠡᠯᠢ ᠪᠠᠷ ᠶᠠᠪᠣᠵᠤ ᠪᠠᠢ᠌ᠬᠤ ᠳᠤ ᠭᠦᠮᠦᠰ ᠤᠨ ᠬᠠᠷᠠᠴᠠ ᠵᠥᠪᠭᠡᠨ ᠳᠠᠳᠠᠨ ᠳᠡᠭᠡᠷ᠎ᠡ ᠪᠠᠭᠤᠭᠠᠤᠨ ᠪᠠᠢ᠌ᠬᠤ ᠰᠢᠭ ᠪᠠᠯᠭᠠᠷ ᠲᠤ ᠰᠠᠨᠠᠭᠳᠠᠯ᠎ᠠ᠃ ᠴᠠᠭ ᠶᠢᠡᠨ ᠭᠦᠯᠢᠶᠡᠭᠡ ᠭᠦᠭ᠍ᠰᠢᠨ ᠠᠳᠠᠰᠬ᠎ᠠ ᠪᠠᠢ᠌ᠳᠠᠭ ᠶᠢᠡᠨ ᠮᠡᠳᠡᠭᠦ ᠦᠭᠡᠶ ᠵᠠᠯᠠᠭᠤ ᠪᠦᠰᠡᠭᠦᠢ ᠡᠷᠭᠢᠭᠦᠯᠦᠭᠡᠳ ᠠᠮᠵᠢᠴᠢᠬᠠᠭᠰᠠᠨ ᠪᠠᠢ᠌ᠬ᠎ᠠ ᠨᠢ ᠭᠡᠵᠡᠭᠡᠨ ᠱᠤᠬᠤᠭᠤᠷᠬᠠᠵᠤ ᠪᠠᠢ᠌ᠭ᠎ᠠ ᠪᠢᠵᠠ᠃ ᠦᠭᠡᠶ ᠪᠣᠯ ᠰᠠᠬᠠᠯ ᠨᠢ ᠪᠣᠭᠤᠷᠤᠯᠳᠤᠴᠢᠬᠠᠭᠰᠠᠨ ᠪᠠᠢ᠌ᠳᠠᠯ᠎ᠠ ᠰᠠᠨᠠᠭ᠎ᠠ ᠨᠢ ᠪᠣᠭᠤᠷᠤᠯᠳᠤᠵᠤ ᠮᠡᠳᠡᠳᠡᠭ᠌ ᠦᠭᠡᠶ ᠶᠠᠭᠠᠭᠢᠭᠰᠠᠨ ᠰᠤᠨᠢᠨ ᠦᠬᠢᠷ᠎ᠠ ᠳᠤᠯᠤᠭᠠᠢ ᠪᠣᠢ ᠭᠡᠮᠡᠨ ᠳᠤᠷ᠎ᠠ ᠥᠭᠡᠢ᠌ᠴᠡᠵᠤ ᠪᠠᠢ᠌ᠭ᠎ᠠ ᠴᠤ ᠮᠠᠳᠠᠨ᠎ᠡ᠃ ᠶᠠᠭᠤ ᠴᠤ ᠭᠡᠰᠡᠨ ᠰᠠᠢ᠌ᠨ ᠶᠠᠭᠤᠮ᠎ᠠ ᠰᠠᠨᠠᠭᠠᠤᠨ ᠦᠭᠡᠶ ᠨᠢ ᠯᠠᠪ ᠡ᠃ ᠭᠡᠳᠡᠯ᠎ᠡ ᠭᠦᠮᠤᠨ ᠤ ᠪᠣᠳᠤᠭᠰᠠᠨ ᠪᠣᠳᠤᠯ ᠢ ᠪᠠᠯᠭᠠᠷ ᠬᠠᠰᠢᠶ᠎ᠠ ᠭᠡᠳ ᠬᠠᠰᠢᠵᠤ ᠴᠢᠳᠠᠬᠤ ᠪᠢᠰᠢ ᠳ᠋ᠠ᠂ ᠬᠤᠭᠤᠰᠤᠨ ᠰᠠᠨᠠᠭ᠎ᠠ ᠪᠠᠨ ᠰᠠᠭᠠᠳᠠᠭᠤᠯᠤᠭᠰᠠᠨ ᠭᠡᠷᠡᠭ᠌ ᠪᠣᠯᠬᠤ ᠳ᠋ᠠ᠃

ᠪᠠᠢ᠌ᠷᠢᠨ ᠳᠠᠭᠠᠨ ᠢᠷᠡᠴᠢᠭᠡᠭᠡᠳ ᠬᠤᠶᠠᠭᠤᠯᠠ ᠪᠠᠶ᠎ᠠ ᠪᠠᠶ᠎ᠠ ᠪᠠᠨ ᠬᠠᠷᠠᠨ ᠭᠡᠰᠡᠭ᠌ ᠵᠥᠭᠡᠷ ᠰᠠᠭᠤᠪᠠ᠃ ᠨᠢᠭᠤᠷ ᠴᠢᠷᠠᠢ ᠳᠡᠭᠡᠷ᠎ᠡ ᠡᠴᠡ ᠨᠢ ᠰᠢᠶᠤᠤ ᠮᠢᠩ ᠤᠨ ᠪᠠᠶ᠎ᠠ ᠰᠢᠯᠳᠠᠭ ᠲᠡᠶ ᠪᠣᠯᠤᠭᠰᠠᠨ ᠭᠡᠳᠡᠭ᠌ ᠢ ᠥᠵᠡᠭᠡᠳ ᠭᠠᠷᠤᠭᠰᠠᠨ ᠦᠭᠡᠶ᠃ ᠶᠠᠭᠤ ᠪᠣᠯᠤᠭᠰᠠᠨ ᠴᠤ ᠡᠪᠦᠷᠯᠡᠵᠤ ᠠᠪᠣᠭᠠᠤᠨ ᠰᠡᠳᠭᠢᠯ ᠢ ᠨᠢ ᠳᠡᠩᠰᠡᠭᠡᠳ ᠦᠵᠡᠶ᠎ᠠ ᠭᠡᠮᠡᠨ ᠣᠬᠠᠭᠠᠯᠠᠭᠰᠠᠨ ᠪᠠᠯᠭᠠᠷ ᠰᠢᠭᠤᠳ ᠭᠦᠷᠴᠤ ᠰᠢᠶᠤᠤ ᠮᠢᠩ ᠤᠨ ᠭᠠᠷ ᠡᠴᠡ ᠭᠦᠳᠦᠯᠤᠨ ᠣᠷᠤᠨ ᠳᠡᠭᠡᠷ᠎ᠡ ᠭᠠᠷᠭᠠᠯ᠎ᠠ᠃ ᠰᠢᠶᠤᠤ ᠮᠢᠩ ᠪᠠᠯᠭᠠᠷ ᠤᠨ ᠳᠤᠷ᠎ᠠ ᠪᠠᠷ ᠪᠣᠯᠤᠨ ᠭᠦᠵᠦᠭᠦᠤ ᠪᠠᠷ ᠨᠢ ᠳᠠᠪᠠᠷᠢᠨ ᠳᠤᠨᠢᠷᠬᠠᠨ᠎ᠠ᠃ ᠬᠠᠷᠠᠩᠭ᠋ᠤᠢ ᠳᠤ ᠣᠷᠤᠭᠤᠯ ᠬᠠᠴᠠᠷ ᠶᠢᠡᠨ ᠰᠢᠮᠠᠯᠴᠠᠨ ᠭᠡᠰᠡᠭ᠌ ᠬᠠᠯᠠᠭᠤᠷᠠᠭᠰᠠᠨ ᠶᠢᠡᠨ ᠪᠠᠯᠭᠠᠷ ᠭᠠᠷ ᠶᠢᠡᠨ ᠶᠠᠪᠣᠭᠤᠯᠤᠨ ᠦᠨᠦᠭᠢ ᠶᠢᠨ ᠶᠢᠡᠨ ᠳᠠᠪᠣᠰᠠᠩ ᠳᠡᠭᠡᠷ᠎ᠡ ᠭᠦᠷᠭᠡᠴᠢᠭᠡᠭᠡᠳ ᠣᠭᠵᠤᠮ ᠣᠭᠵᠠᠷᠠᠨ ᠠᠪᠣᠪᠠ᠃ ᠴᠢᠩᠭ᠋ᠠᠬᠠᠨ ᠳᠠᠪᠠᠷᠢᠪᠠᠯ ᠳᠠᠰᠤᠷᠠᠴᠢᠬᠠᠮᠠᠷ ᠪᠠᠢ᠌ᠭᠰᠠᠨ ᠨᠠᠷᠢᠬᠠᠨ ᠪᠠᠯᠭᠡᠭᠦᠰᠤ ᠨᠢ ᠥᠨᠡᠭᠡᠷ ᠦᠯᠦ ᠮᠡᠳᠡᠭ᠌ ᠳᠦᠭ᠍ᠳᠡᠢ᠌ᠨ ᠪᠦᠳᠦᠭᠦᠷᠡᠴᠢᠭᠡᠵᠡᠢ᠃ ᠳᠤᠳᠤᠷ᠎ᠠ ᠨᠢ ᠬᠠᠷᠠᠯᠠᠨ ᠰᠡᠳᠭᠢᠯ ᠨᠢ ᠥᠭᠦᠵᠤ᠂ ᠬᠠᠷᠠᠬᠠᠨ ᠠᠮᠢᠯᠠᠮᠠᠷ ᠪᠣᠯᠵᠤ ᠢᠷᠡᠭ᠍ᠰᠡᠨ ᠦᠨᠦᠭᠢ ᠨᠢ ᠨᠠᠷᠠ ᠥᠵᠡᠭ᠍ᠰᠡᠨ ᠨᠠᠮᠤᠷ ᠤᠨ ᠭᠢᠷᠡᠭᠤ ᠠᠳᠠᠯᠢ ᠳᠤᠤᠷ᠎ᠠ ᠪᠠᠨ ᠱᠠᠯᠴᠠᠢ᠌ᠭᠠᠤᠨ ᠣᠨᠠᠴᠢᠬᠠᠯ᠎ᠠ᠃

᠊᠊᠊᠊᠊᠊᠊᠊᠊᠊᠊᠊᠊᠊᠊ ᠪᠢ ᠬᠤᠳᠠᠯ ᠭᠡᠯᠡᠭᠡ ᠦᠭᠡᠶ ᠪᠢᠵᠠ ︖ ᠴᠢᠨᠤ ᠦᠷ᠎ᠡ ᠶᠢ ᠭᠡᠪᠠᠯᠢ ᠳᠡᠭᠡᠨ ᠳᠡᠭᠡᠭᠡᠴᠢᠭᠡᠳ ᠠᠵᠢᠯᠯᠠᠵᠤ ᠪᠣᠯᠬᠤ ᠦᠭᠡᠶ᠂ ᠠᠮᠠᠷᠠᠵᠤ ᠴᠤ ᠪᠣᠯᠬᠤ ᠦᠭᠡᠶ ᠵᠤᠪᠠᠵᠤ ᠪᠠᠢ᠌ᠨ᠎ᠠ ᠰᠢᠤ᠃

ᠨᠤᠬᠠᠢ ᠳᠤᠯᠢᠶᠠᠵᠤ ᠬᠤᠴᠤᠷ ︕ ᠡᠨᠡ ᠭᠦᠶ‍ᠦᠮᠡᠷ ᠥᠯᠦᠭ᠍ᠴᠢᠨ ᠥᠨᠡᠭᠡᠷ ᠰᠢᠯᠳᠠᠭᠠᠨ ᠲᠡᠶ ᠪᠣᠯᠴᠢᠬᠠᠵᠠᠢ᠃ ᠡᠮᠤᠨ᠎ᠡ ᠨᠢ ᠭᠦᠮᠤᠨ ᠮᠠᠯᠳᠠᠭᠠᠤᠨ ᠪᠠᠯᠠᠨ ᠪᠣᠯᠭᠠᠭᠰᠠᠨ ᠨᠥᠭᠡᠨ ᠣᠷᠤᠭᠤ ᠪᠢ ᠦᠪᠡᠷ ᠶᠢᠡᠨ ᠣᠨᠠᠭᠰᠠᠨ ᠨᠢ ᠰᠡᠵᠢᠭ᠌ ᠦᠭᠡᠶ᠃ ᠭᠡᠭᠡᠷ᠎ᠡ ᠨᠢᠴᠦᠭᠦᠨ ᠰᠠᠭᠤᠵᠤ ᠪᠠᠢ᠌ᠭᠰᠠᠨ ᠠᠮᠢᠳᠠᠨ ᠭᠡᠨ ᠤ ᠪᠠᠨ ᠰᠢᠭᠡᠰᠤ ᠶᠢ ᠳᠤᠰᠴᠢᠬᠠᠭᠠᠤᠨ ᠨᠠᠮ᠎ᠠ ᠶᠢ ᠭᠦᠵᠢᠷᠯᠡᠵᠤ ᠪᠠᠢ᠌ᠬᠤ ᠶᠢ ᠭᠡᠨ ᠮᠠᠳᠠᠯ᠎ᠠ ︖ ᠮᠢᠨᠤ ᠯᠠᠪ ᠪᠢᠰᠢ ︕ ᠭᠡᠪᠠᠴᠤ ᠮᠢᠨᠤ ᠪᠢᠰᠢ ᠭᠡᠳᠡᠭ᠌ ᠶᠢᠡᠨ ᠶᠠᠭᠤ ᠪᠠᠷ ᠭᠡᠷᠡᠴᠢᠯᠡᠭᠦ ᠪᠣᠢ᠂ ᠴᠢ ᠡᠨᠡ ᠪᠦᠰᠡᠭᠦᠢ ᠲᠡᠶ ᠣᠠᠳᠠᠭᠰᠠᠨ ᠦᠭᠡᠶ ᠪᠢᠰᠢ ᠣᠠᠳᠠᠭᠰᠠᠨ ᠯᠠ ᠳ᠋ᠠ᠃ ᠭᠠᠭᠴᠠ ᠯᠠ ᠦᠪᠡᠷ ᠤᠨ ᠪᠠᠶ᠎ᠠ ᠨᠢ ᠭᠦᠭ᠍ᠰᠢᠷᠡᠭᠡᠳ ᠭᠡᠷᠡᠭ᠌ ᠡᠴᠡ ᠭᠠᠷᠴᠤ᠂ ᠴᠡᠷᠢᠭ᠌ ᠡᠴᠡ ᠪᠠᠭᠤᠯ᠎ᠠ ᠭᠡᠳᠡᠭ᠌ ᠶᠢᠡᠷ ᠰᠢᠯᠳᠠᠭᠯᠠᠭᠠᠤᠨ ᠭᠡᠷᠡᠭ᠌ ᠡᠴᠡ ᠵᠠᠢ᠌ᠯᠠᠵᠤ ᠴᠢᠳᠠᠬᠤ ᠦᠭᠡᠶ ᠪᠢᠵᠠ᠃ ᠥᠭᠡᠷ᠎ᠡ ᠠᠷᠭ᠎ᠠ ᠪᠣᠳᠤᠬᠤ ᠯᠠ ᠣᠴᠢᠷᠳᠠᠢ ᠶᠠ᠃ ᠭᠡᠳᠡᠯ᠎ᠡ ᠪᠠᠰᠠ ᠰᠤᠨᠢᠨ ︕ ᠬᠠᠷ᠎ᠠ ᠣᠬᠠᠭᠠᠨ ᠶᠢᠡᠷ ᠪᠣᠯ ᠡᠨᠡ ᠰᠢᠶᠤᠤ ᠮᠢᠩ ᠴᠤ ᠨᠠᠷ᠎ᠠ ᠨᠢᠭᠤᠷ ᠶᠢᠡᠨ ᠪᠣᠳᠤᠬᠤ ᠣᠴᠢᠷᠳᠠᠢ ᠶᠤᠮ᠃ ᠶᠠᠭᠤ ᠭᠡᠵᠤ ᠡᠴᠢᠭᠡ ᠦᠭᠡᠶ ᠬᠡᠦᠬᠡᠳ ᠭᠠᠷᠭᠠᠨ ᠦᠪᠡᠷ ᠢ ᠪᠠᠨ ᠴᠢᠷᠦᠭ᠍ᠳᠡᠭᠦᠯᠭᠦ ᠪᠢᠯᠠ ︖ ᠡᠭᠦᠨ ᠶᠢᠡᠷ ᠶᠢᠡᠨ ᠰᠢᠯᠳᠠᠭ ᠪᠠᠷᠢᠨ ᠪᠠᠯᠭᠠᠷ ᠨᠠᠳᠠ ᠡᠴᠡ ᠭᠡᠳᠤᠨ ᠮᠦᠩᠭᠦ ᠠᠯᠳᠠᠭᠤᠯᠬᠤ ᠭᠡᠵᠤ ᠪᠠᠢ᠌ᠭ᠎ᠠ ᠪᠣᠯ ᠳᠦᠷᠭᠡᠨ ᠦᠭ‍ᠭᠦᠭᠡᠳ ᠰᠠᠯᠤᠶ᠎ᠠ᠂ ᠨᠢᠭᠤᠷ ᠶᠢᠡᠨ ᠪᠠᠷᠠᠬᠤ ᠦᠭᠡᠶ ᠪᠠᠢ᠌ᠭᠰᠠᠨ ᠴᠠᠭ ᠲᠤ ᠭᠡᠳᠤᠨ ᠮᠦᠩᠭᠦᠨ ᠤ ᠭᠠᠷᠤᠵᠠ ᠭᠠᠢ᠌ᠭᠤᠢ ᠪᠢᠵᠠ᠃ ᠦᠭᠡᠶ ᠪᠣᠯ ᠦᠨᠦᠭᠢ ᠭᠡᠪᠠᠯᠢ ᠳᠤ ᠨᠢ ᠪᠠᠢ᠌ᠭ᠎ᠠ ᠬᠡᠦᠬᠡᠳ ᠢ ᠬᠤᠷᠳᠤᠨ ᠴᠤᠭᠢᠭᠤᠯᠬᠤ ᠠᠷᠭ᠎ᠠ ᠪᠣᠳᠤᠬᠤ ᠭᠡᠷᠡᠭ᠍ᠳᠡᠢ ᠭᠡᠵᠤ ᠰᠢ᠌ᠳᠦᠭᠡᠳ ᠪᠠᠯᠭᠠᠷ ᠰᠢᠶᠤᠤ ᠮᠢᠩ ᠣᠷᠤᠭᠤ ᠡᠷᠭᠢᠵᠤ ᠢᠷᠠᠯ᠎ᠠ᠃

᠊᠊᠊᠊᠊᠊᠊᠊᠊᠊᠊᠊᠊᠊᠊ ᠰᠢᠶᠤᠤ ᠮᠢᠩ ᠡ᠂ ᠶᠠᠭᠠᠭᠢᠵᠤ ᠪᠣᠳᠤᠭᠰᠠᠨ ᠴᠤ ᠬᠤᠶᠠᠭᠤᠯᠠ ᠡᠨᠡ ᠬᠡᠦᠬᠡᠳ ᠢ ᠠᠪᠴᠤ ᠪᠣᠯᠬᠤ ᠦᠭᠡᠶ᠃ ᠮᠠᠷᠭᠠᠰᠢ ᠡᠮᠨᠡᠯᠭᠡ ᠳᠤ ᠭᠦᠷᠦᠭᠡᠳ ᠬᠤᠰᠤᠭᠤᠯᠬᠤ ᠠᠷᠭ᠎ᠠ ᠳᠠᠳᠠᠶ᠎ᠠ ᠭᠡᠵᠤ ᠠᠯᠢ ᠪᠣᠯᠬᠤ ᠪᠠᠷ ᠠᠷᠭᠠᠳᠠᠪᠠ᠃

᠊᠊᠊᠊᠊᠊᠊᠊᠊᠊᠊᠊᠊᠊᠊ ᠳᠡᠭᠡᠭᠡᠳ ᠶᠠᠭᠤᠨ ᠳᠤ ᠡᠷᠳᠡ ᠭᠡᠯᠡᠭᠦ ᠦᠭᠡᠶ ᠶᠤᠮ ︖ ᠣᠳᠤ ᠨᠢᠭᠡᠨᠲᠡ ᠬᠤᠰᠤᠭᠤᠯᠬᠤ ᠡᠴᠡ ᠥᠩᠭᠡᠷᠡᠴᠢᠭᠡᠭ᠍ᠰᠡᠨ ᠪᠠᠢ᠌ᠬ᠎ᠠ ᠡ ᠭᠡᠳ ᠭᠡᠷᠡᠭ᠌ ᠶᠢᠡᠨ ᠭᠡᠳᠡᠷᠭᠦ ᠪᠠᠯᠭᠠᠷ ᠲᠤ ᠨᠥᠮᠦᠷᠢᠭᠦᠯᠭᠦ ᠣᠬᠠᠭᠠᠨ ᠲᠡᠶ ᠨᠢᠭᠡ ᠶᠠᠭᠤᠮ᠎ᠠ ᠭᠡᠯᠡᠨ᠎ᠡ᠃

ᠶᠠᠭᠤ ᠭᠡᠨ᠎ᠡ ︖ ᠡᠷᠳᠡ ᠭᠡᠯᠡᠭᠦ ᠦᠭᠡᠶ ᠭᠡᠵᠤ ᠡᠨᠡ ᠶᠠᠭᠤ ᠮᠥᠭᠡᠷᠡᠵᠤ ᠪᠠᠢ᠌ᠨ᠎ᠠ ︖ ᠬᠠᠷᠢᠨ ᠭᠡᠨ ᠨᠢ ᠭᠡᠷᠡᠭ᠌ ᠶᠢᠡᠨ ᠨᠢᠭᠤᠭᠠᠤᠨ ᠡᠳᠦᠢ ᠪᠣᠯᠪᠠ ᠭᠡᠵᠤ ᠭᠡᠯᠡᠮᠡᠷ ᠰᠠᠨᠠᠭᠳᠠᠭᠰᠠᠨ ᠪᠣᠯᠪᠠᠴᠤ ᠪᠠᠶ᠎ᠠ ᠪᠠᠨ ᠪᠠᠷᠢᠵᠤ᠄

᠊᠊᠊᠊᠊᠊᠊᠊᠊᠊᠊᠊᠊᠊᠊ ᠨᠠᠮ᠎ᠠ ᠶᠢ ᠴᠢ ᠬᠠᠨᠢ ᠦᠷ᠎ᠡ ᠲᠡᠶ ᠭᠦᠮᠤᠨ ᠭᠡᠳᠡᠭ᠌ ᠢ ᠮᠠᠳᠠᠨ᠎ᠡ᠂ ᠡᠨᠡ ᠬᠡᠦᠬᠡᠳ ᠢ ᠠᠪᠣᠪᠠᠯ ᠣᠯᠤᠰ ᠤᠨ ᠬᠠᠤᠯᠢ ᠵᠥᠪᠰᠢᠶᠡᠷᠡᠭᠦ ᠦᠭᠡᠶ ᠳᠡᠭᠡᠷ᠎ᠡ ᠨᠠᠷ᠎ᠠ ᠨᠢᠭᠤᠷ ᠲᠤ ᠴᠤ ᠮᠠᠭᠤᠬᠠᠢ ᠭᠡᠯ᠎ᠡ᠃

ᠰᠢᠶᠤᠤ ᠮᠢᠩ ᠣᠳᠠᠳᠠᠯ᠎ᠠ ᠳᠠᠭᠤ ᠦᠭᠡᠶ ᠪᠠᠢ᠌ᠭᠰᠠᠨ ᠶᠢᠡᠨ᠄

᠊᠊᠊᠊᠊᠊᠊᠊᠊᠊᠊᠊᠊᠊᠊ ᠣᠨᠤᠭᠠᠤᠨ ᠭᠦᠶ‍ᠦᠯᠭᠡᠵᠤ ᠪᠠᠢ᠌ᠬᠤ ᠳᠤ ᠣᠯᠤᠰ ᠤᠨ ᠬᠠᠤᠯᠢ ᠰᠠᠨᠠᠭᠠᠨ ᠳᠤ ᠴᠢᠨᠢ ᠣᠷᠤᠭᠰᠠᠨ ᠦᠭᠡᠶ ᠪᠠᠢ᠌ᠭᠠᠤᠨ ᠣᠳᠤ ᠶᠠᠭᠠᠭᠢᠭᠠᠤᠨ ᠭᠡᠨᠡᠳᠲᠡ ᠣᠬᠠᠭᠠᠷᠠᠪᠠ ᠭᠡᠵᠤ ᠡᠷᠴᠢᠯᠡᠪᠡ᠃

ᠭᠡᠪᠠᠯᠢ ᠳ᠋ᠠᠭᠢ ᠪᠠᠨ ᠨᠢᠭᠤᠵᠤ ᠪᠠᠢ᠌ᠭᠠᠤᠨ ᠪᠦᠳᠦᠭᠦᠷᠡᠭᠦᠯᠵᠤ ᠳᠠᠯᠪᠢᠴᠢᠬᠠᠭᠠᠤᠨ ᠭᠡᠳᠡᠷᠭᠦ ᠡᠷᠭᠢᠨ ᠨᠠᠳᠠ ᠭᠡᠷᠡᠭ᠌ ᠨᠥᠮᠦᠷᠢᠭᠦᠯᠭᠦ ᠭᠡᠵᠤ ᠪᠠᠢ᠌ᠭ᠎ᠠ ᠨᠢ ᠡᠨᠡ ᠦᠦ ᠭᠡᠮᠡᠨ ᠪᠣᠳᠤᠭᠰᠠᠨ ᠪᠠᠯᠭᠠᠷ ᠳᠡᠰᠦᠭ᠍ᠰᠡᠨ ᠦᠭᠡᠶ᠄

᠊᠊᠊᠊᠊᠊᠊᠊᠊᠊᠊᠊᠊᠊᠊ ᠳᠠᠢ᠌ᠮᠤ ᠭᠡᠴᠡᠭᠦᠤ ᠣᠬᠠᠭᠠᠨ ᠲᠡᠶ ᠶᠤᠮ ᠪᠣᠯ ᠴᠢ ᠭᠦᠮᠤᠨ ᠤ ᠳᠤᠤᠷ᠎ᠠ ᠠᠯᠴᠠᠢ᠌ᠭᠠᠤᠨ ᠭᠡᠪᠳᠡᠵᠤ ᠪᠠᠢ᠌ᠬᠤ ᠳᠠᠭᠠᠨ ᠶᠠᠭᠤ ᠪᠣᠳᠤᠵᠤ ᠪᠠᠢ᠌ᠯ᠎ᠠ ᠭᠡᠴᠢᠭᠡᠯ᠎ᠡ᠃

ᠰᠢᠶᠤᠤ ᠮᠢᠩ ᠱᠤᠪᠣᠰ ᠭᠡᠳᠡᠯ᠎ᠡ ᠦᠨᠳᠠᠢ᠌ᠵᠤ ᠢᠷᠡᠭᠡᠳ ᠪᠠᠯᠭᠠᠷ ᠤᠨ ᠭᠦᠡᠵᠢᠯᠡ ᠶᠢ ᠬᠠᠤ ᠳᠠᠳᠠᠵᠤ᠄

᠊᠊᠊᠊᠊᠊᠊᠊᠊᠊᠊᠊᠊᠊᠊ ᠶᠠᠭᠤ ᠭᠡᠨ᠎ᠡ ᠴᠢ ︕ ᠭᠢᠭ᠍ᠰᠡᠨ ᠭᠡᠷᠡᠭ᠌ ᠲᠡᠭᠡᠨ ᠡᠵᠡᠨ ᠪᠣᠯᠬᠤ ᠦᠭᠡᠶ ᠭᠡᠳᠡᠷᠭᠦ ᠡᠷᠭᠢᠭᠡᠳ ᠭᠦᠮᠤᠨ ᠢ ᠬᠠᠵᠠᠬᠤ ᠭᠡᠳᠡᠭ᠌ ᠴᠢᠨᠢ᠃ ᠭᠠᠯᠪᠠ ᠶᠡᠭᠦᠷᠡᠵᠤ ᠪᠠᠢ᠌ᠭᠰᠠᠨ ᠴᠤ ᠪᠢ ᠬᠠᠮᠢᠶᠠᠷᠠᠬᠤ ᠦᠭᠡᠶ᠂ ᠡᠨᠡ ᠬᠡᠦᠬᠡᠳ ᠶᠢᠡᠨ ᠠᠪᠴᠤ ᠭᠠᠷᠤᠨ᠎ᠠ ᠭᠡᠳ ᠠᠮᠢᠰᠬᠤᠵᠤ ᠬᠤᠴᠤᠷᠪᠠ᠃

ᠪᠠᠯᠭᠠᠷ ᠪᠠᠢ᠌ᠳᠠᠯ ᠢ ᠠᠵᠢᠨ ᠭᠡᠰᠡᠭ᠌ ᠳᠠᠭᠤ ᠦᠭᠡᠶ ᠭᠡᠪᠳᠡᠯ᠎ᠡ᠃ ᠳᠡᠭᠡᠭᠡᠳ ᠪᠣᠷᠤᠭᠤ ᠡᠰᠢᠯᠡᠭ᠍ᠰᠡᠨ ᠰᠥᠭᠡ ᠰᠢᠭ᠌ ᠡᠢ᠌ᠮᠤ ᠵᠦᠷᠢᠭᠦᠤᠨ ᠠᠮᠢᠳᠠᠨ ᠲᠡᠶ ᠬᠠᠳᠠᠭᠤ ᠪᠠᠷ ᠭᠡᠯᠡᠯᠴᠡᠭᠡᠳ ᠦᠨᠡᠨ ᠵᠦᠪ ᠶᠢᠡᠨ ᠣᠯᠬᠤ ᠳᠤ ᠬᠤᠯᠠ᠂ ᠬᠠᠷᠢᠨ ᠵᠥᠭᠡᠯᠡᠨ ᠶᠢᠡᠷ ᠠᠷᠭᠠᠳᠠᠵᠤ ᠪᠠᠢ᠌ᠭᠠᠤᠨ ᠳᠤᠯᠤᠭᠠᠢ ᠶᠢ ᠨᠢ ᠴᠤᠭᠢᠭᠠᠤᠨ ᠦᠵᠡᠶ᠎ᠠ ᠭᠡᠵᠤ ᠪᠣᠳᠤᠭᠰᠠᠨ ᠶᠢᠡᠨ᠄

᠊᠊᠊᠊᠊᠊᠊᠊᠊᠊᠊᠊᠊᠊᠊ ᠭᠡᠷᠡᠭ᠌ ᠨᠢᠭᠡᠨᠲᠡ ᠡᠨᠡ ᠭᠡᠮᠵᠢᠶᠡᠨ ᠳᠤ ᠭᠦᠷᠴᠢᠭᠡᠭ᠍ᠰᠡᠨ ᠬᠣᠢ᠌ᠨ᠎ᠠ ᠭᠡᠷᠡᠯᠳᠦᠭᠡᠳ ᠶᠠᠮᠠᠷ ᠳᠤᠰᠠ ︕ ᠠᠯᠢ ᠢᠷᠡᠭᠡᠳ ᠭᠡᠪᠳᠡ᠂ ᠬᠤᠶᠠᠭᠤᠯᠠ ᠳᠠᠪᠠ ᠪᠠᠷ ᠶᠢᠡᠨ ᠠᠷᠭ᠎ᠠ ᠪᠣᠳᠤᠶ᠎ᠠ ᠭᠡᠪᠡ᠃

᠊᠊᠊᠊᠊᠊᠊᠊᠊᠊᠊᠊᠊᠊᠊ ᠰᠠ‍‌ᠶᠢ ᠠᠭᠤᠯᠵᠠᠭᠰᠠᠭᠠᠷ ᠭᠡᠷᠡᠭᠦᠯ ᠬᠠᠢ᠌ᠵᠤ ᠪᠠᠢ᠌ᠳᠠᠭ ᠨᠢ ᠬᠠᠷᠢᠨ ᠭᠡᠨ ᠪᠠᠢ᠌ᠨ᠎ᠠ ︖ ᠪᠠᠶ᠎ᠠ ᠪᠠᠨ ᠮᠡᠳᠡᠭᠦ ᠦᠭᠡᠶ ᠭᠡᠵᠤ ᠪᠠᠯᠭᠠᠷ ᠲᠤ ᠡᠷᠭᠡᠯᠡᠭ᠍ᠰᠡᠨ ᠶᠢᠡᠨ ᠳᠠᠭᠢᠨ ᠬᠠᠵᠠᠭᠤ ᠪᠠᠷ ᠨᠢ ᠭᠡᠪᠳᠡᠯ᠎ᠡ᠃

ᠬᠠᠪᠣᠷ ᠤᠨ ᠳᠡᠭ᠍ᠷᠢ ᠰᠢᠭ᠌ ᠬᠤᠪᠢᠷᠠᠮᠠᠳᠠᠭᠠᠢ ᠠᠮᠢᠳᠠᠨ ᠭᠡᠵᠤ ᠳᠤᠷ᠎ᠠ ᠥᠭᠡᠢ᠌ᠴᠡᠪᠠᠴᠤ ᠪᠠᠰᠠ ᠪᠠᠰᠢᠷ ᠶᠢᠡᠨ ᠳᠠᠨᠢᠭᠤᠯᠴᠢᠬᠠᠬᠤ ᠡᠴᠡ ᠭᠡᠷᠰᠡᠤᠯᠡᠨ ᠠᠯᠪᠠ ᠶᠢᠨ ᠳᠠᠳᠤᠢ ᠴᠡᠭᠡᠵᠢ ᠪᠠᠷ ᠨᠢ ᠳᠠᠪᠠᠷᠢᠨ ᠥᠨᠦᠰᠦᠭᠡᠳ ᠱᠤᠳᠠᠭ ᠢ ᠨᠢ ᠰᠢᠪᠳᠤᠯᠤᠨ ᠭᠦᠯ ᠶᠢᠡᠷ ᠶᠢᠡᠨ ᠣᠷᠤᠭᠤ ᠮᠦᠯᠳᠤᠯᠤᠨ ᠬᠠᠶᠠᠪᠠ᠃ ᠵᠢᠭ᠍ᠵᠢᠭᠡᠷ ᠵᠢᠭᠠᠬᠠᠨ ᠶᠠᠭᠤᠮ᠎ᠠ ᠵᠢᠭᠠᠰᠤ ᠠᠳᠠᠯᠢ ᠳᠤᠤᠭᠤᠷ ᠨᠢ ᠭᠤᠯᠭᠤᠨ ᠣᠷᠤᠬᠤ ᠳᠤ ᠪᠠᠯᠭᠠᠷ ᠦᠷᠭᠡᠨ ᠴᠡᠭᠡᠵᠢᠨ ᠳᠤᠤᠷ᠎ᠠ ᠪᠠᠨ ᠬᠤᠮᠢᠵᠤ ᠠᠪᠣᠭᠠᠤᠨ ᠶᠠᠪᠣᠳᠠᠯ ᠶᠢᠡᠨ ᠡᠭᠢᠯᠡᠭᠦᠯᠵᠡᠢ᠃

᠊᠊᠊᠊᠊᠊᠊᠊᠊᠊᠊᠊᠊᠊᠊ ᠠᠶᠠᠷᠬᠠᠨ᠂ ᠨᠠᠰᠤᠨ ᠳᠠᠭᠠᠨ ᠳᠤᠯᠴᠢᠬᠠᠭᠰᠠᠨ ᠭᠦᠭ᠍ᠰᠢᠨ ᠪᠣᠬ᠎ᠠ ᠪᠠᠢ᠌ᠳᠠᠭ ᠶᠢᠡᠨ ᠮᠡᠳᠡᠭᠦ ᠦᠭᠡᠶ ᠳᠠᠳᠤᠢ ᠳᠦᠷᠭᠡᠯᠡᠭᠡᠳ ᠶᠠᠭᠠᠭᠢᠬᠤ ᠭᠡᠰᠡᠨ ᠶᠤᠮ ︖ ᠨᠠᠭᠠᠳᠤᠭᠢ ᠭᠡᠪᠠᠯᠢ ᠳᠤ ᠪᠠᠢ᠌ᠭ᠎ᠠ ᠴᠢᠨᠢ ᠳᠤᠳᠠᠭᠤ ᠭᠠᠷᠴᠢᠬᠠᠨ᠎ᠠ ᠭᠡᠳ ᠳᠤᠤᠷ᠎ᠠ ᠨᠢ ᠢᠠᠴᠠᠭᠯᠠᠨ ᠢᠷᠠᠭᠯᠠᠨ᠎ᠠ᠃

ᠴᠢᠳᠠᠯ ᠭᠦᠢᠴᠡᠳᠡᠭ᠌ ᠪᠣᠯ ᠴᠢᠷᠠᠯᠠᠳᠠᠯ᠎ᠠ ᠨᠢ ᠰᠢᠬᠠᠵᠤ ᠪᠠᠢ᠌ᠭᠠᠤᠨ ᠴᠤ ᠭᠡᠰᠡᠨ ᠦᠨᠦᠭᠢ ᠶᠢ ᠨᠢ ᠳᠤᠳᠠᠭᠤ ᠭᠠᠷᠭᠠᠭᠠᠤᠨ ᠬᠠᠶᠠᠴᠢᠬᠠᠬᠤ ᠳᠤ ᠶᠠᠭᠠᠭᠢᠳᠠᠭ ᠶᠤᠮ ᠭᠡᠵᠤ ᠪᠠᠯᠭᠠᠷ ᠳᠤᠳᠤᠷ᠎ᠠ ᠪᠠᠨ ᠪᠣᠳᠤᠯ᠎ᠠ᠃ ᠭᠡᠳᠡᠯ᠎ᠡ ᠰᠠᠨᠠᠭ᠎ᠠ ᠪᠠᠢ᠌ᠭᠠᠤᠨ ᠰᠠᠨᠠᠭ᠎ᠠ ᠪᠠᠷ ᠪᠣᠯᠳᠠᠭ ᠦᠭᠡᠶ ᠶ‍ᠢᠷᠳᠢᠠᠴᠤ ᠶᠢᠨ ᠶᠠᠪᠣᠳᠠᠯ ᠢ ᠶᠠᠭᠠᠭᠢᠬᠤ ᠪᠢᠯᠠ ⁉ ᠠᠵᠢᠯ ᠶᠢᠡᠨ ᠮᠤᠤᠬᠠᠨ ᠳᠡᠭᠦᠰᠭᠡᠭᠡᠳ ᠪᠠᠭᠤᠳᠠᠯ᠎ᠠ᠄

᠊᠊᠊᠊᠊᠊᠊᠊᠊᠊᠊᠊᠊᠊᠊ ᠵᠢᠷᠢᠯᠵᠠᠳᠠᠯ᠎ᠠ ᠨᠠᠭᠠᠳᠴᠤ ᠪᠠᠢ᠌ᠳᠠᠭ ᠴᠢᠮ᠎ᠠ ᠶᠢ ᠵᠢᠷᠠ ᠭᠠᠷᠤᠭᠰᠠᠨ ᠭᠦᠭ᠍ᠰᠢᠨ ᠡᠪᠦᠭᠡᠨ ᠭᠡᠵᠤ ᠭᠡᠨ ᠢᠳᠡᠭᠡᠭᠦ ᠪᠣᠢ᠂ ᠪᠠᠶ᠎ᠠ ᠶᠢ ᠪᠦᠷ ᠪᠠᠯᠪᠠᠯᠠᠭᠠᠤᠨ ᠬᠠᠶᠠᠴᠢᠬᠠᠯ᠎ᠠ ᠭᠡᠮᠡᠨ ᠪᠠᠯᠭᠠᠷ ᠲᠤ ᠭᠠᠪᠢᠶᠠᠷᠬᠠᠨ᠎ᠠ᠃

ᠮᠠᠭᠳᠠᠵᠤ ᠪᠠᠢ᠌ᠭᠠᠤᠨ ᠮᠢᠬ᠎ᠠ ᠶᠢ ᠨᠢ ᠱᠤᠯᠤᠨ᠎ᠠ ᠭᠡᠭ᠍ᠴᠢ ᠪᠠᠷ ᠴᠠᠭᠠᠨ᠎ᠠ ᠪᠠᠨ ᠶᠠᠮᠠᠷ ᠭᠦᠷᠢᠮ ᠶᠢᠡᠨ ᠣᠢ᠌ᠯᠠᠳᠴᠤ ᠪᠠᠢ᠌ᠳᠠᠭ ᠢ ᠭᠡᠨ ᠮᠠᠳᠠᠯ᠎ᠠ ᠭᠡᠵᠤ ᠪᠣᠳᠤᠭᠠᠤᠨ᠄

᠊᠊᠊᠊᠊᠊᠊᠊᠊᠊᠊᠊᠊᠊᠊ ᠪᠢ ᠨᠢᠭᠡ ᠭᠦᠭ᠍ᠰᠢᠷᠡᠭ᠍ᠰᠡᠨ ᠳᠡᠭᠡᠷ᠎ᠡ ᠴᠢ ᠨᠢᠭᠡ ᠴᠠᠷᠳᠠᠢ᠌ᠭᠠᠤᠨ ᠶᠠᠮᠠᠷ ᠠᠮᠳᠠ ᠪᠠᠢ᠌ᠨ᠎ᠠ ︖ ᠬᠤᠭᠤᠰᠤᠨ ᠰᠠᠨᠠᠭ᠎ᠠ ᠪᠠᠨ ᠬᠠᠭᠤᠷᠤᠭᠰᠠᠨ ᠶᠠᠪᠣᠳᠠᠯ ᠭᠡᠴᠢᠭᠡᠯ᠎ᠡ᠃

᠊᠊᠊᠊᠊᠊᠊᠊᠊᠊᠊᠊᠊᠊᠊ ᠦᠨᠡᠨ ᠢ ᠭᠡᠯᠡᠭᠦ ᠳᠤ ᠡᠨᠡ ᠬᠡᠦᠬᠡᠳ ᠢ ᠠᠪᠬᠤ ᠪᠢ ᠴᠤ ᠳᠤᠷ᠎ᠠ ᠦᠭᠡᠶ᠂ ᠭᠡᠳᠡᠯ᠎ᠡ ᠬᠤᠰᠤᠭᠤᠯᠤᠶ᠎ᠠ ᠭᠡᠭᠦ ᠳᠤ ᠭᠡᠳᠦᠷᠭᠡᠢ ᠣᠷᠣᠢ᠌ᠳᠠᠴᠢᠬᠠᠵᠠᠢ ᠭᠡᠳ ᠰᠢᠶᠤᠤ ᠮᠢᠩ ᠰᠠᠨᠠᠭ᠎ᠠ ᠠᠯᠳᠠᠪᠠ᠃

ᠡᠨᠡ ᠯᠠ ᠥᠭᠡ ᠶᠢ ᠭᠦᠯᠢᠶᠡᠵᠤ ᠪᠠᠢ᠌ᠭᠰᠠᠨ ᠪᠠᠯᠭᠠᠷ ᠳᠤᠤᠷ᠎ᠠ ᠨᠢ ᠡᠯᠭᠦᠨ ᠠᠪᠴᠤ᠄

᠊᠊᠊᠊᠊᠊᠊᠊᠊᠊᠊᠊᠊᠊᠊ ᠮᠠᠨᠤᠰ ᠮᠠᠷᠭᠠᠰᠢ ᠡᠮᠨᠡᠯᠭᠡ ᠳᠤ ᠣᠴᠢᠵᠤ ᠪᠠᠢ᠌ᠴᠠᠯᠭᠠᠭᠠᠤᠨ ᠦᠵᠡᠶ᠎ᠠ᠂ ᠭᠡᠷᠪᠡ ᠪᠣᠯᠬᠤ ᠳᠡᠭᠡᠷ᠎ᠡ ᠭᠦᠷᠪᠠᠯ ᠬᠤᠰᠤᠭᠤᠯᠴᠢᠬ᠎ᠠ᠃ ᠴᠠᠭᠠᠨ᠎ᠠ ᠪᠠᠨ ᠬᠠᠨᠢ ᠲᠡᠶ ᠣᠯᠤᠰ ᠤᠳ ᠨᠢᠭᠤᠴᠠ ᠪᠠᠷ ᠶᠠᠪᠣᠯᠴᠠᠵᠤ ᠪᠠᠢ᠌ᠭᠠᠤᠨ ᠪᠠᠷᠢᠭᠳᠠᠪᠠᠯ ᠳᠠᠪᠬᠤᠷ ᠣᠷᠤᠭᠯᠠᠭᠰᠠᠨ ᠶᠠᠯ᠎ᠠ ᠳᠤ ᠣᠨᠠᠨ᠎ᠠ ᠰᠢᠤ ᠭᠡᠵᠤ ᠠᠷᠭᠠᠳᠠᠬᠤ ᠠᠶᠤᠯᠭᠠᠬᠤ ᠶᠢ ᠬᠤᠤᠰᠯᠠᠭᠤᠯᠤᠯ᠎ᠠ᠃

᠊᠊᠊᠊᠊᠊᠊᠊᠊᠊᠊᠊᠊᠊᠊ ᠪᠢ ᠦᠨᠡᠨ ᠠᠶᠤᠭᠠᠤᠨ ᠪᠠᠢ᠌ᠨ᠎ᠠ᠂ ᠶᠠᠭᠠᠭᠢᠳᠠᠭ ᠪᠢᠯᠠ ︖

᠊᠊᠊᠊᠊᠊᠊᠊᠊᠊᠊᠊᠊᠊᠊ ᠠᠶᠤᠬᠤ ᠭᠡᠷᠡᠭ᠌ ᠦᠭᠡᠶ᠂ ᠣᠳᠤ ᠮᠡᠷᠭᠡᠵᠢᠯ ᠰᠠᠢ᠌ᠨ ᠶᠤᠮ ᠴᠢᠨᠢ ᠠᠰᠠᠭᠤᠳᠠᠯ ᠭᠠᠷᠬᠤ ᠦᠭᠡᠶ᠃

᠊᠊᠊᠊᠊᠊᠊᠊᠊᠊᠊᠊᠊᠊᠊ ᠡᠩ᠂ ᠳᠡᠭᠡᠪᠠᠯ ᠳᠤᠷᠰᠢᠭᠠᠤᠨ ᠦᠵᠡᠶ᠎ᠠ᠃

ᠪᠠᠯᠭᠠᠷ ᠤᠨ ᠴᠡᠭᠡᠵᠢᠨ ᠳᠡᠭᠡᠷ᠎ᠡ ᠳᠠᠷᠤᠵᠤ ᠪᠠᠢ᠌ᠭᠰᠠᠨ ᠬᠠᠷ᠎ᠠ ᠴᠢᠯᠠᠭᠤ ᠣᠨᠠᠬᠤ ᠰᠢᠭ ᠪᠣᠯᠪᠠ᠃ ᠭᠦᠮᠤᠨ ᠢ ᠣᠭᠤᠰᠤᠷᠯᠠᠬᠤ ᠭᠡᠳ ᠪᠠᠢ᠌ᠳᠠᠭ ᠣᠳᠠᠰᠤ ᠶᠢ ᠨᠢ ᠳᠠᠰᠤᠯᠵᠤ ᠬᠠᠶᠠᠭᠰᠠᠨ ᠴᠠᠭ ᠲᠤ ᠣᠬᠠᠭᠠᠨ ᠪᠣᠢ᠃ ᠶᠠᠮᠠᠷ ᠥᠭᠦᠯ ᠨᠢ ᠳᠤᠯᠤᠭᠰᠠᠨ ᠭᠡᠭᠡᠷ᠎ᠡ ᠶᠢᠨ ᠳᠠᠤᠯᠠᠢ ᠪᠠᠢ᠌ᠬᠤ ᠴᠤ ᠪᠢᠰᠢ᠂ ᠶᠠᠭᠤ ᠭᠡᠵᠤ ᠴᠢᠨᠤ ᠳᠠᠯᠪᠢᠭᠰᠠᠨ ᠣᠷᠠᠬᠠᠨ ᠳᠤ ᠣᠷᠤᠵᠤ ᠪᠣᠭᠤᠭᠳᠠᠬᠤ ᠶᠤᠮ ︖ ᠪᠠᠰᠢᠷ ᠤᠨ ᠬᠠᠷᠢᠭᠤ ᠳᠤ ᠪᠠᠰᠢᠷ ᠭᠡᠷᠡᠭᠯᠡᠭᠦ ᠯᠠ ᠭᠡᠷᠡᠭ᠍ᠳᠡᠢ᠃

᠊᠊᠊᠊᠊᠊᠊᠊᠊᠊᠊᠊᠊᠊᠊ ᠪᠢ ᠠᠷᠭ᠎ᠠ ᠦᠭᠡᠶ ᠰᠢᠤ᠂ ᠪᠦᠰᠡᠭᠦᠢ ᠡᠴᠡ ᠪᠠᠨ ᠨᠢᠭᠤᠬᠤ ᠭᠡᠷᠡᠭ᠍ᠳᠡᠢ᠂ ᠴᠢᠮ᠎ᠠ ᠡᠴᠡ ᠠᠶᠤᠬᠤ ᠭᠡᠷᠡᠭ᠍ᠳᠡᠢ ᠭᠡᠳ ᠰᠢᠶᠤᠤ ᠮᠢᠩ ᠤᠨ ᠭᠦᠭᠦᠨ ᠳᠤᠪᠴᠢ ᠶᠢ ᠢᠮᠠᠷᠤᠨ ᠭᠤᠤᠴᠢᠯᠠᠨ᠎ᠠ᠃

᠊᠊᠊᠊᠊᠊᠊᠊᠊᠊᠊᠊᠊᠊᠊ ᠭᠢ ᠭᠢ᠂᠂ ᠪᠦᠰᠡᠭᠦᠢ ᠡᠴᠡ ᠪᠠᠨ ᠨᠢᠭᠤᠬᠤ ᠭᠡᠳᠡᠭ᠌ ᠯᠠ ᠦᠨᠡᠨ ᠪᠠᠢ᠌ᠬ᠎ᠠ᠂ ᠭᠡᠷᠪᠡ ᠰᠤᠨᠤᠰᠪᠠᠯ ᠭᠦᠭ᠍ᠰᠢᠷᠡᠵᠤ ᠮᠡᠳᠡᠳᠡᠭ᠌ ᠦᠭᠡᠶ ᠭᠦᠭ᠍ᠰᠢᠨ ᠪᠣᠬ᠎ᠠ ᠪᠠᠨ ᠭᠦᠩᠭᠡᠯᠡᠭᠡᠳ ᠬᠠᠶᠠᠴᠢᠬ᠎ᠠ ᠪᠠᠢ ᠯᠠ ᠦᠭᠡᠶ᠃

᠊᠊᠊᠊᠊᠊᠊᠊᠊᠊᠊᠊᠊᠊᠊ ᠳᠠᠷᠠ ᠴᠠᠭ ᠲᠤ ᠴᠢ ᠴᠤ ᠬᠠᠳᠠᠬᠤ ᠪᠢᠵᠠ ︖ ᠵᠠ ᠣᠳᠤ ᠣᠠᠳᠠᠶ᠎ᠠ᠂ ᠪᠦᠳᠤᠨ ᠡᠳᠦᠷ ᠳᠡᠷᠭᠡᠨ ᠳᠤ ᠰᠠᠵᠢᠯᠠᠭᠠᠤᠨ ᠶᠠᠳᠠᠷᠠᠭᠰᠠᠨ ᠳᠡᠭᠡᠷ᠎ᠡ ᠴᠢᠨᠤ ᠭᠠᠩ ᠳᠠᠢ᠌ᠯᠤᠭᠠᠤᠨ ᠳᠠᠮᠢᠷ ᠶᠢᠡᠨ ᠪᠠᠷᠠᠯ᠎ᠠ᠃

᠊᠊᠊᠊᠊᠊᠊᠊᠊᠊᠊᠊᠊᠊᠊ ᠭᠢ ᠭᠢ᠂᠂ ᠮᠢᠨᠤ ᠭᠠᠩ ᠳᠠᠢ᠌ᠯᠤᠭᠠᠤᠨ ᠭᠡᠴᠢᠭᠡᠵᠤ᠂ ᠦᠪᠡᠷ ᠶᠢᠡᠨ ᠬᠠᠷᠢᠨ ᠬᠠᠳᠠᠭᠰᠠᠨ ᠯᠤᠤᠪᠠᠩ ᠶᠢᠡᠨ ᠳᠡᠪᠳᠦᠭᠡᠵᠤ ᠠᠪᠴᠢᠬᠠᠭᠠᠤᠨ ᠭᠡᠵᠤ ᠭᠡᠳᠡᠷᠭᠦ ᠪᠠᠯᠭᠠᠷ ᠢ ᠵᠦᠷᠢᠴᠢᠯᠠᠨ᠎ᠡ᠃ ᠠᠷᠭ᠎ᠠ ᠦᠭᠡᠶ ᠨᠠᠰᠤᠨ ᠪᠠᠬᠠᠨ ᠶᠠᠪᠣᠭᠠᠤᠨ ᠵᠠᠯᠠᠭᠤ ᠶᠢᠨ ᠳᠠᠮᠢᠷ ᠶᠢᠡᠨ ᠪᠠᠷᠠᠴᠢᠬᠠᠭᠰᠠᠨ ᠭᠡᠭᠦ ᠡᠴᠡ ᠪᠢᠰᠢ᠂ ᠪᠣᠯᠳᠠᠭ ᠶᠤᠮ ᠪᠣᠯ ᠴᠢᠮ᠎ᠠ ᠶᠢ ᠪᠦᠳᠤᠨ ᠰᠦᠨᠢ ᠪᠠᠷ ᠨᠤᠬᠤᠵᠤ ᠪᠠᠢ᠌ᠭᠠᠤᠨ ᠴᠤ ᠭᠡᠰᠡᠨ ᠨᠤᠮ ᠳᠠᠭᠠᠨ ᠢᠷᠡᠭᠦᠯᠭᠦ ᠰᠠᠨ᠃

ᠮᠠᠷᠭᠠᠰᠢ ᠨᠢ ᠪᠠᠯᠭᠠᠷ᠂ ᠰᠢᠶᠤᠤ ᠮᠢᠩ ᠬᠤᠶᠠᠷ ᠡᠮᠨᠡᠯᠭᠡ ᠳᠤ ᠣᠴᠢᠭᠠᠤᠨ ᠬᠡᠦᠬᠡᠳ ᠶᠢᠡᠨ ᠬᠤᠰᠤᠭᠤᠯᠬᠤ ᠭᠡᠪᠡ᠃ ᠭᠡᠷᠡᠭ᠌ ᠲᠤ ᠭᠡᠷᠡᠭ᠌ ᠦᠭᠡᠶ ᠶᠠᠭᠤᠮ᠎ᠠ ᠱᠠᠯᠠᠨ ᠣᠳᠠᠳᠠᠯ᠎ᠠ ᠪᠠᠢ᠌ᠴᠠᠭᠠᠭᠰᠠᠨ ᠡᠮᠴᠢ ᠪᠦᠰᠡᠭᠦᠢ᠄

᠊᠊᠊᠊᠊᠊᠊᠊᠊᠊᠊᠊᠊᠊᠊ ᠦᠨᠡᠨ ᠬᠤᠰᠤᠭᠤᠯᠬᠤ ᠪᠠᠷ ᠪᠣᠯᠤᠭᠰᠠᠨ ᠦᠦ ︖ ᠬᠡᠦᠬᠡᠳ ᠴᠢᠨᠢ ᠨᠢᠭᠡᠨᠲᠡ ᠳᠤᠮᠤᠷᠠᠴᠢᠬᠠᠵᠠᠢ ᠭᠡᠳ ᠳᠠᠷᠠ ᠬᠤᠶᠠᠷ ᠢ ᠡᠭᠡᠯᠵᠢᠯᠡᠨ ᠬᠠᠷᠠᠨ᠎ᠠ᠃

᠊᠊᠊᠊᠊᠊᠊᠊᠊᠊᠊᠊᠊᠊᠊ ᠳᠠᠢ᠌ᠮᠤ᠂ ᠬᠤᠰᠤᠭᠤᠯᠬᠤ ᠪᠠᠷ ᠪᠣᠯᠤᠭᠰᠠᠨ᠂ ᠳᠠ ᠨᠢᠭᠡ ᠠᠷᠭᠠᠯᠠᠭᠠᠤᠨ ᠦᠵᠡ ︕ ᠡᠨᠡ ᠬᠡᠦᠬᠡᠳ ᠢ ᠪᠢᠳᠠ ᠦᠨᠡᠨ ᠠᠪᠴᠤ ᠪᠣᠯᠬᠤ ᠦᠭᠡᠶ ᠭᠡᠵᠤ ᠪᠠᠯᠭᠠᠷ ᠡᠮᠴᠢ ᠪᠦᠰᠡᠭᠦᠢ ᠶᠢ ᠴᠢᠷᠠᠢ᠌ᠳᠠᠪᠠ᠃

᠊᠊᠊᠊᠊᠊᠊᠊᠊᠊᠊᠊᠊᠊᠊ ᠴᠢ ᠡᠨᠡ ᠬᠡᠦᠬᠡᠳ ᠤᠨ ᠡᠴᠢᠭᠡ ᠨᠢ ᠦᠦ ᠭᠡᠵᠤ ᠡᠮᠴᠢ ᠪᠦᠰᠡᠭᠦᠢ ᠪᠠᠯᠭᠠᠷ ᠢ ᠭᠠᠢ᠌ᠬᠠᠨ ᠰᠢᠷᠳᠠᠯ᠎ᠠ᠃

ᠪᠠᠯᠭᠠᠷ ᠤᠨ ᠨᠢᠭᠤᠷ ᠡᠴᠡ ᠦᠪᠡᠷ ᠤᠨ ᠡᠷᠭᠡ ᠦᠭᠡᠶ ᠭᠠᠯ ᠣᠨᠠᠮᠠᠷ ᠪᠣᠯᠤᠭᠰᠠᠨ ᠶᠢᠡᠨ ᠬᠠᠷᠠᠴᠠ ᠪᠠᠨ ᠪᠣᠷᠤᠭᠤᠯᠵᠤ᠄

᠊᠊᠊᠊᠊᠊᠊᠊᠊᠊᠊᠊᠊᠊᠊ ᠳᠠᠢ᠌ᠮᠤ ᠪᠠᠢ᠌ᠨ᠎ᠠ ᠭᠡᠴᠢᠭᠡᠯ᠎ᠡ᠃

ᠡᠴᠢᠭᠡ ᠭᠡᠦᠭᠡᠨ ᠬᠤᠶᠠᠷ ᠰᠢᠭ ᠬᠤᠭᠤᠷᠤᠠᠳᠤ ᠪᠠᠨ ᠵᠦᠷᠢᠵᠤ ᠪᠠᠢ᠌ᠭᠠᠤᠨ ᠶᠠᠭᠠᠭᠢᠭᠠᠤᠨ ᠡᠷ᠎ᠡ ᠡᠮ᠎ᠡ ᠪᠣᠯᠴᠢᠬᠠᠪᠠ ᠭᠡᠵᠤ ᠰᠤᠨᠢᠷᠬᠠᠭᠰᠠᠨ ᠪᠤᠯᠤᠯᠭᠦᠢ᠂ ᠰᠠᠷᠠᠪᠴᠢ ᠶᠢᠨ ᠶᠢᠡᠨ ᠳᠡᠭᠡᠭᠦᠷ ᠰᠠᠢ᠌ᠨ ᠨᠢᠭᠡ ᠠᠵᠢᠭᠯᠠᠵᠤ ᠠᠪᠣᠭᠰᠠᠨ ᠶᠢᠡᠨ᠄

᠊᠊᠊᠊᠊᠊᠊᠊᠊᠊᠊᠊᠊᠊᠊ ᠬᠤᠰᠤᠵᠤ ᠪᠣᠯᠤᠨ᠎ᠡ᠂ ᠭᠡᠪᠠᠴᠤ ᠠᠮᠤᠷ ᠲᠦᠪᠰᠢᠨ ᠢ ᠬᠠᠷᠢᠨ ᠪᠠᠳᠤᠯᠠᠵᠤ ᠴᠢᠳᠠᠬᠤ ᠦᠭᠡᠶ ᠭᠡᠪᠡ᠃

ᠪᠠᠯᠭᠠᠷ ᠤᠨ ᠳᠤᠳᠤᠷ᠎ᠠ ᠫᠠᠯ ᠭᠡᠵᠤ ᠬᠠᠵᠠᠭᠤ ᠳᠠᠭᠠᠨ ᠰᠢᠶᠤᠤ ᠮᠢᠩ ᠢ ᠬᠠᠷᠠᠭᠠᠤᠨ ᠠᠪᠣᠯ᠎ᠠ᠃ ᠭᠦᠴᠦᠳᠡᠢ ᠴᠢᠴᠢᠪᠠᠯ ᠴᠤᠭᠤᠷᠤᠴᠢᠬᠠᠮᠠᠷ ᠪᠠᠢ᠌ᠭᠰᠠᠨ ᠴᠠᠭᠠᠰᠤ ᠠᠳᠠᠯᠢ ᠨᠢᠮᠭᠡᠨ ᠴᠠᠭᠠᠨ ᠴᠢᠷᠠᠢ ᠨᠢ ᠪᠦᠷ ᠴᠢᠰᠤ ᠦᠭᠡᠶ ᠴᠠᠢ᠌ᠭᠠᠤᠨ ᠶᠠᠪᠣᠴᠢᠬᠠᠵᠠᠢ᠃ ᠣᠬᠠᠭᠠᠨ ᠢ ᠨᠢ ᠰᠠᠢ᠌ᠨ ᠣᠯᠤᠭᠰᠠᠨ ᠦᠭᠡᠶ ᠪᠠᠯᠭᠠᠷ ᠬᠤᠭᠤᠰᠤᠨ ᠭᠡᠰᠡᠭ᠌ ᠪᠦᠯᠳᠦᠭᠡᠨᠡᠨ ᠠᠷᠭ᠎ᠠ ᠮᠤᠬᠤᠷᠳᠠᠵᠤ᠄

᠊᠊᠊᠊᠊᠊᠊᠊᠊᠊᠊᠊᠊᠊᠊ ᠡᠮᠴᠢ ᠶᠢᠨ ᠭᠡᠯᠡᠭᠦ ᠪᠠᠷ ᠬᠤᠰᠤᠭᠤᠯᠤᠭᠰᠠᠨ ᠭᠦᠮᠤᠨ ᠳᠤ ᠠᠶᠤᠯ ᠲᠡᠶ ᠭᠡᠰᠡᠨ ᠥᠭᠡ ᠦᠦ ︖ ᠭᠡᠳ ᠳᠠᠭᠢᠨ ᠡᠮᠴᠢ ᠶᠢ ᠬᠠᠷᠠᠯ᠎ᠠ᠃

᠊᠊᠊᠊᠊᠊᠊᠊᠊᠊᠊᠊᠊᠊᠊ ᠳᠠᠢ᠌ᠮᠤ᠂ ᠴᠢᠮ᠎ᠠ ᠳᠤ ᠰᠢᠭᠤᠳ ᠭᠡᠯᠡᠴᠢᠭᠡᠶ᠎ᠡ᠂ ᠬᠡᠦᠬᠡᠳ ᠴᠢᠨᠢ ᠨᠢᠭᠡᠨᠲᠡ ᠳᠤᠮᠤᠷᠠᠴᠢᠬᠠᠵᠠᠢ᠃ ᠡᠮᠨᠡᠯᠭᠡ ᠶᠢᠨ ᠬᠤᠷᠢᠶᠠᠨ ᠤ ᠳᠤᠭᠳᠠᠭᠠᠯ ᠶᠢᠡᠷ ᠪᠣᠯ ᠡᠳᠦᠢ ᠳᠤᠮᠤ ᠪᠣᠯᠴᠢᠬᠠᠭᠰᠠᠨ ᠬᠡᠦᠬᠡᠳ ᠢ ᠬᠤᠰᠤᠵᠤ ᠪᠣᠯᠬᠤ ᠦᠭᠡᠶ᠃ ᠵᠠᠪᠠᠯ ᠬᠤᠰᠤᠭᠤᠯᠤᠨ᠎ᠡ ᠭᠡᠳᠡᠭ᠌ ᠪᠣᠯ ᠦᠪᠡᠷ ᠶᠢᠡᠨ ᠮᠠᠳᠠ᠂ ᠣᠴᠢᠷ ᠭᠠᠷᠪᠠᠯ ᠡᠮᠨᠡᠯᠭᠡ ᠶᠢᠨ ᠬᠤᠷᠢᠶᠠᠨ ᠬᠠᠷᠢᠨ ᠬᠠᠷᠢᠭᠤᠴᠠᠬᠤ ᠦᠭᠡᠶ ᠭᠡᠴᠢᠭᠡᠭᠡᠳ ᠡᠮᠦᠨᠡᠭᠢ ᠵᠣᠢ᠌ᠯᠠᠰ ᠶᠢᠡᠨ ᠳᠢᠭᠯᠡᠪᠡ᠃

ᠠᠮᠠᠷᠬᠠᠨ ᠶᠠᠭᠤᠮ᠎ᠠ ᠰᠠᠨᠠᠭᠠᠤᠨ ᠢᠷᠡᠭ᠍ᠰᠡᠨ ᠭᠦᠮᠤᠨ ᠢᠩᠭᠢᠵᠤ ᠬᠠᠳᠠᠭᠠᠰᠤ ᠮᠦᠷᠭᠦᠨ᠎ᠡ ᠭᠡᠵᠤ ᠪᠣᠳᠤᠭᠰᠠᠨ ᠦᠭᠡᠶ᠃ ᠭᠢᠭ᠍ᠰᠡᠨ ᠭᠡᠷᠡᠭ᠌ ᠶᠢᠡᠨ ᠪᠠᠯᠠᠯᠠᠨ᠎ᠠ ᠭᠡᠳ ᠳᠡᠭᠦᠨ ᠡᠴᠡ ᠪᠠᠨ ᠳᠤᠯᠤᠭᠠᠨ ᠳᠤᠤᠷ᠎ᠠ ᠶᠠᠭᠤᠮ᠎ᠠ ᠪᠣᠯᠵᠤ᠂ ᠭᠦᠮᠤᠨ ᠤ ᠠᠮᠢᠨ ᠳᠤ ᠭᠦᠷᠭᠦ ᠶᠢᠨ ᠣᠷᠤᠨ ᠳᠤ ᠪᠠᠢ᠌ᠶ᠎ᠠ᠃ ᠭᠡᠷᠡᠭ᠌ ᠨᠢᠭᠡᠨᠲᠡ ᠡᠨᠡ ᠭᠡᠮᠵᠢᠶᠡᠨ ᠳᠤ ᠭᠦᠷᠴᠢᠭᠡᠭ᠍ᠰᠡᠨ ᠶᠤᠮ ᠴᠢᠨᠢ ᠶᠠᠪᠣᠭᠠᠨ ᠳᠠᠭᠠᠨ ᠮᠡᠳᠡᠳᠡᠭ᠌ ᠪᠠ ᠭᠡᠳ ᠪᠠᠯᠭᠠᠷ ᠳᠤᠯᠤᠭᠠᠢ ᠪᠠᠨ ᠭᠠᠠᠵᠤᠭᠠᠯᠠᠨ ᠭᠡᠳᠡᠷᠭᠦ ᠡᠷᠭᠢᠯ᠎ᠡ᠃

ᠪᠣᠴᠠᠵᠤ ᠢᠷᠡᠭᠡᠳ ᠰᠢᠶᠤᠤ ᠮᠢᠩ ᠪᠠᠶ᠎ᠠ ᠵᠤᠪᠠᠭᠠᠤᠨ ᠪᠠᠢ᠌ᠨ᠎ᠠ ᠭᠡᠮᠡᠨ ᠣᠷᠤᠨ ᠳᠡᠭᠡᠷ᠎ᠡ ᠭᠠᠷᠤᠨ ᠳᠠᠭ ᠭᠡᠪᠳᠡᠴᠢᠭᠡᠪᠡ᠃ ᠶᠠᠩᠵᠤ ᠨᠢ ᠶᠠᠮᠠᠷ ᠴᠤ ᠠᠵᠢᠯ ᠪᠦᠳᠦᠭᠡᠵᠤ ᠴᠢᠳᠠᠭ᠎ᠠ ᠦᠭᠡᠶ ᠳᠡᠭᠡᠨ ᠣᠴᠠᠭᠠᠷᠳᠠᠨ ᠪᠠᠯᠭᠠᠷ ᠲᠤ ᠭᠠᠪᠢᠶᠠᠷᠬᠠᠵᠤ ᠪᠣᠢ ᠪᠣᠯᠤᠯᠳᠠᠢ᠃ ᠪᠠᠯᠭᠠᠷ ᠠᠷᠭ᠎ᠠ ᠪᠣᠰᠤ ᠭᠠᠭᠴᠠᠭᠠᠷ ᠭᠦᠳᠡᠯᠤᠨ ᠨᠤᠭᠤᠭ᠎ᠠ ᠳᠤᠳᠤᠷᠭ᠎ᠠ ᠪᠠᠨ ᠡᠪᠯᠡᠭᠦᠯᠵᠤ ᠵᠢᠭᠠᠬᠠᠨ ᠬᠤᠭᠤᠯᠠ ᠭᠡᠪᠡ᠃ ᠭᠡᠷ ᠲᠡᠭᠡᠨ ᠪᠠᠢ᠌ᠬᠤ ᠳᠤ ᠪᠦᠰᠡᠭᠦᠢ ᠪᠠᠷ ᠶᠢᠡᠨ ᠭᠦᠡᠳᠦᠯᠡᠭᠦᠯᠵᠤ ᠰᠠᠭᠤᠭᠰᠠᠨ ᠡᠴᠡ ᠪᠢᠰᠢ᠂ ᠪᠦᠰᠡᠭᠦᠢ ᠪᠠᠨ ᠭᠦᠡᠳᠦᠯᠡᠭ᠍ᠰᠡᠨ ᠣᠳᠠᠭ᠎ᠠ ᠶᠠᠷᠤ ᠪᠠᠢ᠌ᠭ᠎ᠠ ᠦᠭᠡᠶ᠃ ᠭᠦᠮᠤᠨ ᠤ ᠡᠷᠭᠡᠨ ᠳᠤ ᠣᠷᠤᠵᠤ ᠭᠦᠡᠳᠤ ᠪᠠᠨ ᠪᠠᠷᠠᠬᠤ ᠶᠢᠨ ᠵᠤᠪᠠᠯᠠᠩ ᠢ ᠠᠩᠬ᠎ᠠ ᠦᠵᠡᠯ᠎ᠠ᠃ ᠵᠢᠷᠭᠠᠯ ᠡᠴᠡ ᠣᠢ᠌ᠳᠤᠭᠠᠤᠨ ᠵᠤᠪᠠᠯᠠᠩ ᠳᠤ ᠳᠤᠷᠠᠯᠠᠳᠠᠭ ᠦᠪᠡᠷ ᠤᠨ ᠳᠦᠭ᠍ᠵᠢᠩ ᠪᠢᠵᠠ ︕

ᠪᠠᠯᠭᠠᠷ ᠤᠨ ᠠᠶᠠᠭᠠᠯᠠᠭᠰᠠᠨ ᠬᠤᠭᠤᠯᠠ ᠶᠢ ᠢᠳᠠᠵᠤ ᠪᠠᠢ᠌ᠭᠰᠠᠨ ᠶᠢᠡᠨ ᠰᠢᠶᠤᠤ ᠮᠢᠩ᠄

᠊᠊᠊᠊᠊᠊᠊᠊᠊᠊᠊᠊᠊᠊᠊ ᠬᠡᠦᠬᠡᠳ ᠭᠡᠳᠡᠰᠤᠨ ᠳᠤ ᠪᠠᠢ᠌ᠬᠤ ᠳᠤ ᠰᠢᠮ᠎ᠠ ᠳᠡᠵᠢᠭᠡᠯ ᠶᠠᠭᠤᠨ ᠡᠴᠡ ᠴᠤ ᠴᠢᠬᠤᠯᠠ᠂ ᠪᠠᠢ᠌ᠰᠭᠢᠭᠡᠳ ᠵᠡᠭᠡᠯᠢ ᠳᠤ ᠭᠠᠷᠤᠨ ᠪᠠᠭ᠎ᠠ ᠰᠠᠭ᠎ᠠ ᠵᠢᠮᠢᠰ ᠥᠡᠳᠡᠭᠡᠨ ᠤ ᠵᠣᠢ᠌ᠯ ᠠᠪᠣᠶ᠎ᠠ ᠭᠡᠳ ᠳᠡᠭᠦᠨ ᠢ ᠬᠠᠷᠠᠪᠠ᠃

ᠬᠤᠳᠠ ᠶᠢᠨ ᠢᠷᠭᠡᠳ ᠭᠡᠳᠡᠰᠤᠨ ᠳᠡᠭᠡᠨ ᠢᠨᠠᠭ ᠭᠡᠵᠤ᠂ ᠭᠦᠳᠡᠭᠡ ᠶᠢᠨ ᠭᠦᠮᠦᠰ ᠭᠡᠵᠢᠶ᠎ᠡ ᠨᠢ ᠢᠳᠡᠭᠦ ᠣᠤᠭᠤᠬᠤ ᠪᠠᠨ ᠭᠦᠷᠳᠡᠯ᠎ᠡ ᠬᠠᠮᠢᠶᠠᠷᠬᠤ ᠴᠢᠯᠦᠭᠡ ᠭᠠᠷᠳᠠᠭ ᠪᠢᠯᠠ ︖ ᠴᠥᠳᠦᠭᠦᠷ ᠭᠡᠳᠡᠰᠤ ᠪᠠᠨ ᠥᠵᠡᠭᠦᠯᠤᠨ ᠠᠵᠢᠯ ᠳᠤ ᠳᠠᠷᠤᠭᠳᠠᠨ ᠶᠠᠪᠣᠭᠰᠠᠭᠠᠷ ᠨᠢᠭᠡ ᠮᠡᠳᠡᠭᠦ ᠳᠤ ᠬᠡᠦᠬᠡᠳ ᠨᠢ ᠭᠠᠷᠴᠢᠬᠠᠭᠰᠠᠨ ᠡᠷᠡᠭᠦᠯ ᠡᠩᠭᠡ ᠦᠰᠤᠷᠴᠤ ᠯᠠ ᠪᠠᠢ᠌ᠳᠠᠭ᠃ ᠳᠡᠭᠡᠭᠡᠳ ᠵᠢᠮᠢᠰ ᠥᠡᠳᠡᠭᠡᠨ ᠤ ᠵᠣᠢ᠌ᠯ ᠢᠳᠡᠭ᠍ᠰᠡᠨ ᠦᠭᠡᠶ ᠪᠠᠷ ᠬᠡᠦᠬᠡᠳ ᠨᠢ ᠳᠤᠳᠠᠭᠤ ᠵᠡᠮᠳᠡᠭ᠌ ᠪᠣᠯᠴᠢᠬᠠᠭᠰᠠᠨ ᠣᠳᠠᠭ᠎ᠠ ᠪᠠᠢ᠌ᠬᠤ ᠦᠭᠡᠶ᠃ ᠣᠴᠠᠭᠠᠷ ᠲᠡᠶ ᠣᠯᠠᠨ ᠠᠵᠢᠯ ᠭᠠᠷᠭᠠᠨ ᠭᠦᠮᠤᠨ ᠢ ᠣᠳᠠᠰᠤᠨ ᠳᠡᠭᠡᠭᠦᠷ ᠭᠦᠶ‍ᠦᠯᠭᠡᠭᠦ ᠭᠡᠳ ᠵᠤᠪᠠᠭᠠᠳᠠᠭ ᠨᠢ ᠬᠤᠳᠠ ᠶᠢᠨ ᠢᠷᠭᠡᠳ ᠤᠨ ᠢᠯᠡᠭᠦᠳᠡᠭ᠍ᠰᠡᠨ ᠭᠢᠳᠠᠯ᠃ ᠪᠠᠯᠭᠠᠷ ᠳᠤᠳᠤᠷ᠎ᠠ ᠪᠠᠨ ᠳᠤᠷ᠎ᠠ ᠥᠭᠡᠢ᠌ᠴᠡᠵᠤ᠂ ᠳᠠᠷᠠ ᠴᠢᠨᠢ ᠭᠡᠷᠡᠭ᠌ ᠲᠤ ᠭᠦᠷᠳᠡᠭ᠌ ᠪᠣᠯ ᠦᠪᠡᠷ ᠶᠢᠡᠨ ᠶᠠᠪᠣᠭᠠᠤᠨ ᠠᠪ ᠭᠡᠵᠤ ᠭᠡᠯᠡᠮᠡᠷ ᠰᠠᠨᠠᠭᠳᠠᠭᠰᠠᠨ ᠴᠤ ᠴᠢᠳᠠᠭᠰᠠᠨ ᠦᠭᠡᠶ᠄

᠊᠊᠊᠊᠊᠊᠊᠊᠊᠊᠊᠊᠊᠊᠊ ᠡᠳᠦᠷᠵᠢᠨ ᠵᠡᠭᠡᠯᠢ ᠳᠤᠭᠤᠷᠢᠭᠠᠤᠨ ᠬᠠᠰᠢᠷᠠᠳᠠᠭ ᠦᠭᠡᠶ ᠪᠣᠯ ᠳᠡᠭᠡᠶ᠎ᠡ ᠭᠡᠵᠤ ᠳᠤᠷᠠᠮᠵᠢᠬᠠᠨ ᠳᠤᠤᠭᠠᠷᠴᠠᠢ᠃

ᠰᠢᠶᠤᠤ ᠮᠢᠩ ᠳᠤ ᠰᠤᠭᠤᠳᠠᠭᠤᠯᠤᠨ ᠵᠡᠭᠡᠯᠢ ᠭᠡᠰᠦᠵᠤ ᠶᠠᠪᠣᠬᠤ ᠳᠠᠭᠠᠨ ᠪᠠᠯᠭᠠᠷ ᠡ᠊ᠨᠳᠡ ᠢᠷᠡᠭᠡᠳ ᠪᠦᠰᠡᠭᠦᠢ ᠳᠡᠭᠡᠨ ᠬᠤᠳᠠᠯ ᠭᠡᠯᠡᠨ ᠮᠡᠭᠡᠯᠡᠭ᠍ᠰᠡᠨ ᠶᠢᠡᠨ ᠪᠣᠳᠤᠪᠠ᠃ ᠬᠤᠳᠠᠯ ᠭᠡᠯᠡᠵᠤ ᠥᠵᠡᠭᠡ ᠦᠭᠡᠶ ᠭᠦᠮᠤᠨ ᠡᠢ᠌ᠮᠤ ᠬᠤᠷᠳᠤᠨ ᠬᠤᠳᠠᠯ ᠭᠡᠯᠡᠭᠡᠳ ᠰᠤᠷᠴᠢᠬᠠᠭᠰᠠᠨ ᠶᠢᠡᠨ ᠭᠠᠢ᠌ᠬᠠᠨ᠎ᠠ᠃ ᠭᠡᠳᠥᠢᠪᠠᠷ ᠬᠤᠳᠠᠯ ᠵᠤᠬᠢᠶᠠᠵᠤ ᠪᠦᠰᠡᠭᠦᠢ ᠪᠠᠨ ᠬᠠᠭᠤᠷᠬᠤ ᠦᠨᠡᠨ ᠰᠠᠨᠠᠭ᠎ᠠ ᠦᠭᠡᠶ ᠴᠤ ᠶᠠᠪᠣᠵᠤ ᠢᠷᠡᠭ᠍ᠰᠡᠨ ᠵᠠᠮ ᠨᠢ ᠳᠡᠭᠦᠨ ᠢ ᠭᠦᠳᠦᠯᠤᠨ ᠨᠢᠭᠡᠨᠲᠡ ᠡ᠊ᠨᠳᠡ ᠢᠷᠡᠭᠦᠯᠴᠢᠭᠡᠵᠡᠢ᠃ ᠭᠡᠷᠪᠡ ᠶᠠᠪᠣᠭᠰᠠᠨ ᠵᠠᠮ ᠶᠢᠡᠷ ᠶᠢᠡᠨ ᠭᠡᠳᠡᠷᠭᠦ ᠪᠣᠴᠠᠭᠠᠤᠨ ᠭᠦᠶ‍ᠦᠴᠢᠭᠡᠵᠤ ᠪᠣᠯᠳᠠᠭ ᠪᠣᠯ ᠪᠣᠴᠠᠭᠠᠤᠨ ᠯᠠ ᠭᠦᠶ‍ᠦᠴᠢᠭᠡᠮᠡᠷ᠃ ᠭᠡᠳᠡᠯ᠎ᠡ ᠳᠡᠭᠡᠵᠤ ᠪᠣᠯᠳᠠᠭ ᠦᠭᠡᠶ ᠬᠣᠢ᠌ᠨ᠎ᠡ ᠳ᠋ᠠ᠂ ᠵᠠᠶᠠᠭ᠎ᠠ ᠪᠠᠨ ᠭᠦᠯᠢᠶᠡᠵᠤ ᠰᠠᠨᠠᠭ᠎ᠠ ᠪᠠᠨ ᠢᠳᠡᠳᠡᠭ᠌ ᠯᠠ ᠭᠡᠷᠡᠭ᠌᠃ ᠮᠠᠭᠤ ᠪᠦᠰᠡᠭᠦᠢ ᠨᠢ ᠦᠨᠡᠨ ᠳᠡᠭᠦᠨ ᠢ ᠡᠪᠡᠳᠴᠢᠨ ᠶᠢᠡᠨ ᠡᠮᠨᠡᠭᠦᠯᠤᠨ ᠡ᠊ᠨᠳᠡ ᠰᠠᠭᠤᠭ᠎ᠠ ᠭᠡᠮᠡᠨ ᠢᠳᠡᠭᠡᠵᠤ ᠪᠠᠢ᠌ᠬ᠎ᠠ᠃ ᠬᠠᠷᠢᠨ ᠭᠡᠷᠡᠭ᠌ ᠲᠤ ᠬᠠᠪᠴᠢᠭᠤᠯᠴᠢᠬᠠᠭᠠᠤᠨ ᠪᠠᠶ᠎ᠠ ᠪᠠᠨ ᠭᠠᠰᠠᠯᠭᠠᠨ ᠶᠠᠪᠣᠭ᠎ᠠ ᠶᠢ ᠶᠠᠭᠠᠭᠢᠵᠤ ᠪᠣᠳᠤᠨ ᠣᠯᠬᠤ ᠪᠢᠯᠠ ︖ ᠨᠠᠩ ᠴᠤ ᠡᠪᠡᠳᠴᠢᠨ ᠥᠵᠡᠭᠦᠯᠭᠦ ᠪᠠᠯᠠᠨ ᠰᠢᠯᠳᠠᠭ ᠶᠢᠡᠷ ᠬᠠᠨᠢ ᠦᠷ᠎ᠡ ᠡᠴᠡ ᠪᠠᠨ ᠳᠠᠷᠰᠯᠠᠨ ᠥᠭᠡᠷ᠎ᠡ ᠪᠦᠰᠡᠭᠦᠢ ᠳᠠᠭᠠᠭᠤᠯᠴᠢᠬᠠᠭᠰᠠᠨ ᠦᠰᠤᠷᠴᠤ ᠪᠠᠢ᠌ᠬᠤ ᠶᠢ ᠵᠡᠭᠦᠳᠦᠯᠡᠭᠡᠳ ᠴᠤ ᠵᠡᠭᠦᠳᠤᠨ ᠳᠤ ᠨᠢ ᠣᠷᠤᠬᠤ ᠦᠭᠡᠶ ᠳ᠋ᠠ᠃ ᠦᠪᠡᠷ ᠲᠤ ᠨᠢ ᠦᠴᠦᠭᠡᠨ ᠴᠤ ᠥ ᠰᠠᠨᠠᠭ᠎ᠠ ᠦᠭᠡᠶ ᠮᠠᠭᠤ ᠪᠦᠰᠡᠭᠦᠢ ᠪᠠᠨ ᠭᠦᠮᠤᠨ ᠡᠴᠡ ᠳᠠᠯᠳᠠ ᠮᠡᠭᠡᠯᠡᠵᠤ᠂ ᠭᠢᠰᠭᠢᠵᠤ ᠶᠠᠪᠣᠳᠠᠭ ᠪᠢ ᠴᠤᠬᠤᠮ ᠴᠤ ᠳᠦᠭᠦᠷᠦᠭ᠍ᠰᠡᠨ ᠡᠷ᠎ᠡ ᠡ ︕

ᠨᠢᠭᠡ ᠶᠡᠭᠡ ᠪᠠᠶᠠᠨ ᠠᠪᠠᠬᠠᠢ ᠶᠢᠨ ᠶᠠᠩᠵᠤ ᠭᠠᠷᠤᠨ ᠶᠠᠭᠤ ᠪᠦᠭᠦᠨ ᠣᠷᠤᠭᠤ ᠨᠢᠳᠤ ᠭᠦᠶ‍ᠦᠯᠭᠡᠵᠤ ᠶᠠᠪᠣᠭᠰᠠᠨ ᠰᠢᠶᠤᠤ ᠮᠢᠩ ᠭᠡᠨᠡᠳᠲᠡ ᠪᠠᠯᠭᠠᠷ ᠤᠨ ᠳᠤᠬᠤᠢ ᠡᠴᠡ ᠣᠭᠵᠠᠷᠠᠨ᠄

᠊᠊᠊᠊᠊᠊᠊᠊᠊᠊᠊᠊᠊᠊᠊ ᠳᠠᠰᠢ ᠬᠠᠷᠠ᠂ ᠳᠠᠷᠠ ᠶᠠᠭᠠᠨ ᠥᠩᠭᠡ ᠶᠢᠨ ᠭᠦᠷᠮ᠎ᠡ ᠶᠠᠭᠠᠭᠢᠭᠰᠠᠨ ᠭᠤᠶᠤ ᠪᠣᠢ ︖ ᠥᠵᠡᠳᠡᠭᠡᠶ᠎ᠡ ᠭᠡᠳ ᠴᠢᠷᠤᠯ᠎ᠠ᠃

ᠭᠤᠶ᠎ᠠ ᠪᠠᠨ ᠪᠠᠷᠢᠭᠰᠠᠨ ᠭᠤᠶᠤᠯᠭᠠᠴᠢᠨ ᠪᠠᠢ᠌ᠳᠠᠭ ᠶᠢᠡᠨ ᠮᠡᠳᠡᠭᠦ ᠦᠭᠡᠶ᠂ ᠶᠠᠭᠤ ᠪᠦᠭᠦᠨ ᠣᠷᠤᠭᠤ ᠥᠩᠭᠡᠯᠵᠡᠭᠡᠳ ᠭᠡᠵᠤ ᠡᠭ᠍ᠳᠡᠭᠦᠴᠡᠭ᠍ᠰᠡᠨ ᠪᠠᠯᠭᠠᠷ᠄

᠊᠊᠊᠊᠊᠊᠊᠊᠊᠊᠊᠊᠊᠊᠊ ᠶᠠᠮᠠᠷ ᠥᠯᠦᠰᠭᠦᠯᠡᠩ ᠳᠡᠮᠡᠭᠡᠨ ᠪᠠᠢ᠌ᠬᠤ ᠪᠢᠰᠢ ᠡᠪᠠᠰᠤᠨ ᠥᠵᠡᠭ᠍ᠳᠡᠭᠦ ᠳᠤ ᠵᠢᠭᠤᠷᠠᠭᠠᠤᠨ ᠭᠡᠵᠤ ᠨᠠᠭᠠᠳᠤᠭᠢ ᠪᠠᠨ ᠬᠠᠰᠢᠪᠠ᠃

᠊᠊᠊᠊᠊᠊᠊᠊᠊᠊᠊᠊᠊᠊᠊ ᠪᠢ ᠠᠪᠬᠤ ᠦᠭᠡᠶ᠂ ᠵᠥᠭᠡᠷ ᠡᠮᠦᠰᠦᠭᠡᠳ ᠥᠵᠡᠳᠡᠭᠡᠶ᠎ᠡ ᠭᠡᠳ ᠰᠢᠶᠤᠤ ᠮᠢᠩ ᠪᠣᠯᠤᠯ ᠦᠭᠡᠶ ᠠᠯᠳᠠᠭᠳᠠᠯ᠎ᠠ᠃

ᠪᠠᠷᠠᠭᠠᠨ ᠤ ᠡᠵᠡᠨ ᠭᠡᠰᠭᠦᠯᠡᠩ ᠴᠢᠷᠠᠢ᠌ᠯᠠᠴᠢᠬᠠᠭᠰᠠᠨ ᠪᠣᠰᠴᠤ ᠢᠷᠡᠭᠡᠳ ᠭᠦᠷᠮ᠎ᠡ ᠪᠠᠨ ᠳᠡᠭᠦᠨ ᠳᠤ ᠡᠮᠦᠰᠭᠡᠵᠤ᠂ ᠭᠡᠯᠡᠭᠦ ᠥᠭᠡ ᠪᠠᠨ ᠣᠯᠬᠤ ᠦᠭᠡᠶ ᠮᠠᠭᠳᠠᠵᠤ ᠭᠠᠷᠪᠠ᠃ ᠰᠢᠶᠤᠤ ᠮᠢᠩ ᠪᠠᠶ᠎ᠠ ᠪᠠᠨ ᠳᠤᠯᠢᠳᠠᠨ ᠨᠠᠰᠢ ᠴᠠᠰᠢ ᠭᠡᠳᠤ ᠡᠷᠭᠢᠭ᠍ᠰᠡᠨ ᠶᠢᠡᠨ ᠪᠠᠯᠭᠠᠷ ᠢ ᠴᠠᠷᠠᠢ᠌ᠳᠠᠵᠤ᠄

᠊᠊᠊᠊᠊᠊᠊᠊᠊᠊᠊᠊᠊᠊᠊ ᠶᠡᠭᠡ ᠪᠠᠭ᠎ᠠ ᠨᠢ ᠳᠤᠩ ᠰᠠᠢ᠌ᠬᠠᠨ ᠳᠠᠭᠠᠷᠠᠵᠠᠢ᠃ ᠳᠡᠭᠡᠭᠡᠳ ᠪᠠᠶ᠎ᠠ ᠳᠤ ᠶᠡᠭᠡ ᠡᠪ ᠲᠡᠶ ᠭᠡᠳ ᠢᠨᠢᠶᠡᠮᠰᠦᠭᠯᠡᠪᠡ᠃

ᠳᠡᠭᠡᠷ᠎ᠡ ᠡᠴᠡ ᠨᠢ ᠪᠠᠷᠠᠭᠠᠨ ᠤ ᠡᠵᠡᠨ ᠢᠷᠵᠠᠭᠠᠷ ᠰᠢᠷ᠎ᠠ ᠡᠮᠡᠭᠡᠨ᠄

᠊᠊᠊᠊᠊᠊᠊᠊᠊᠊᠊᠊᠊᠊᠊ ᠣᠳᠤ ᠭᠠᠭᠴᠠᠬᠠᠨ ᠥᠯᠡᠳᠡᠭᠡᠳ ᠪᠠᠢ᠌ᠭ᠎ᠠ᠂ ᠳᠠᠨᠤᠰ ᠲᠤ ᠭᠢᠮᠳᠠ ᠪᠠᠷ ᠥᠭ᠍ᠴᠢᠭᠡᠶ᠎ᠡ ᠭᠡᠳ ᠣᠯᠠᠮ ᠭᠠᠯ ᠳᠡᠭᠡᠷ᠎ᠡ ᠳᠤᠰᠤ ᠨᠠᠮᠠᠯ᠎ᠠ᠃

ᠬᠤᠶᠠᠷ ᠭᠢᠮᠤᠰᠤᠨ ᠤ ᠵᠠᠪᠰᠠᠷ ᠬᠠᠪᠴᠢᠭᠳᠠᠭᠰᠠᠨ ᠪᠦᠭᠡᠰᠤ ᠪᠣᠯᠤᠭ᠎ᠠ ᠦᠪᠡᠷ ᠤᠨ ᠪᠠᠶ᠎ᠠ ᠪᠠᠨ ᠪᠠᠯᠭᠠᠷ ᠭᠦᠭᠡᠷᠦᠭᠦᠢᠯᠡᠵᠡᠢ᠃ ᠨᠢᠳᠤ ᠪᠠᠨ ᠠᠨᠢᠨ ᠪᠠᠢ᠌ᠵᠤ ᠠᠪᠣᠨ᠎ᠠ ᠭᠡᠰᠡᠨ ᠢ ᠨᠢ ᠠᠪᠴᠤ ᠦᠭ‍ᠭᠦᠭᠡᠳ ᠴᠠᠰᠢ ᠶᠠᠪᠣᠵᠤ ᠪᠠᠢ᠌ᠬᠤ ᠳᠠᠭᠠᠨ ᠪᠠᠰᠠ ᠯᠠ ᠮᠠᠭᠤ ᠪᠦᠰᠡᠭᠦᠢ ᠪᠠᠨ ᠰᠠᠨᠠᠴᠢᠬᠠᠯ᠎ᠠ᠃ ᠭᠡᠷᠯᠡᠭ᠍ᠰᠡᠨ ᠴᠠᠭ ᠡᠴᠡ ᠡᠳᠦᠢ ᠪᠣᠯᠳᠠᠯ᠎ᠠ ᠪᠠᠶ᠎ᠠ ᠳᠡᠭᠡᠨ ᠶᠠᠭᠤᠮ᠎ᠠ ᠠᠪᠣᠨ᠎ᠠ ᠭᠡᠵᠤ ᠶᠠᠷᠤ ᠠᠮᠠᠯᠠᠵᠤ ᠥᠩᠭᠡᠷᠡᠭᠡ ᠦᠭᠡᠶ᠃ ᠵᠢᠯ ᠴᠠᠭᠠᠨ ᠰᠠᠷ᠎ᠠ ᠳᠤ ᠭᠠᠭᠴᠠ ᠨᠢᠭᠡᠨ ᠦᠨᠡᠳᠠᠢ ᠰᠢᠭ᠌ ᠬᠤᠪᠴᠠᠰᠤ ᠠᠪᠣᠪᠠᠯ ᠳᠡᠭᠦᠨ ᠶᠢᠡᠨ ᠳᠠᠷᠤᠨ ᠳᠠᠷᠤᠨ ᠬᠠᠳᠠᠭᠠᠯᠠᠨ ᠪᠠᠢ᠌ᠵᠤ ᠥᠩᠭᠡ ᠨᠢ ᠣᠨᠠᠳᠠᠯ᠎ᠠ ᠡᠮᠦᠰᠤᠨ᠎ᠡ᠃ ᠪᠢ ᠭᠡᠳᠡᠭ᠌ ᠳᠤᠠᠳᠠᠭᠤᠷ ᠵᠠᠶᠠᠭᠠᠳᠤ ᠬᠠᠨᠢ ᠶᠢᠨ ᠰᠠᠢ᠌ᠨ ᠢ ᠮᠡᠳᠡᠭᠦ ᠦᠭᠡᠶ ᠠᠢ᠌ᠯ ᠤᠨ ᠪᠦᠰᠡᠭᠦᠢ ᠪᠠᠷ ᠳᠤᠯᠤᠭᠠᠢ ᠪᠠᠨ ᠮᠡᠳᠡᠭᠦᠯᠴᠢᠭᠡᠭᠡᠳ ᠳᠠᠨᠤᠵᠤ ᠪᠠᠢ᠌ᠳᠠᠭ ᠴᠤᠬᠤᠮ ᠳᠠᠭᠠᠷᠠᠪᠠ ᠡ ᠭᠡᠵᠤ ᠪᠠᠯᠭᠠᠷ ᠦᠪᠡᠷ ᠢ ᠪᠠᠨ ᠭᠤᠯᠤᠯ᠎ᠠ᠃ ᠵᠠᠮ ᠳᠠᠭᠠᠨ ᠪᠢᠰᠢ ᠵᠠᠶᠠᠭᠠᠨ ᠳᠠᠭᠠᠨ ᠪᠦᠳᠦᠷᠢᠳᠡᠭ᠌ ᠭᠦᠮᠤᠨ ᠤ ᠬᠤᠪᠢ ᠵᠠᠶᠠᠭ᠎ᠠ ᠦᠨᠡᠨ ᠭᠦᠭᠡᠷᠦᠭᠦᠢ ᠡ ︕


    ᠭᠤᠷᠪᠠ


ᠰᠡᠷᠭᠦᠯᠡᠩᠮ᠎ᠡ ᠭᠠᠳᠠᠨ᠎ᠠ ᠰᠠᠭᠤᠭᠠᠤᠨ ᠬᠤᠪᠴᠠᠰᠤ ᠣᠭᠢᠶᠠᠨ᠎ᠠ᠃ ᠴᠤᠬᠤᠮ ᠴᠤ ᠢᠰᠡᠭᠡᠢ ᠵᠤᠯᠤᠮᠠᠷ ᠰᠠᠢ᠌ᠬᠠᠨ ᠡᠳᠦᠷ ᠡ᠃ ᠣᠯᠠᠷᠢᠯ ᠤᠨ ᠰᠠᠢ᠌ᠬᠠᠨ ᠨᠢ ᠪᠠᠢ᠌ᠭᠠᠯᠢ ᠪᠠᠨ ᠴᠢᠮᠡᠳᠡᠭ᠌ ᠤᠨ ᠠᠳᠠᠯᠢ ᠡᠳᠦᠷ ᠤᠨ ᠰᠠᠢ᠌ᠬᠠᠨ ᠨᠢ ᠭᠦᠮᠤᠨ ᠤ ᠰᠡᠳᠭᠢᠯ ᠢ ᠳᠡᠨᠡᠢ᠌ᠯᠭᠡᠳᠡᠭ᠌ ᠪᠠᠢ᠌ᠵᠠᠢ᠃ ᠰᠡᠷᠭᠦᠯᠡᠩᠮ᠎ᠡ ᠬᠠᠵᠠᠭᠤ ᠡᠴᠡ ᠪᠠᠨ ᠪᠠᠯᠭᠠᠷ ᠤᠨ ᠳᠤᠳᠤᠷ᠎ᠠ ᠬᠠᠠᠳᠠᠭᠠᠵᠠ ᠶᠢ ᠠᠪᠤᠨ ᠣᠰᠤᠨ ᠳᠠᠭᠠᠨ ᠳᠡᠪᠳᠦᠭᠡᠭᠦ ᠭᠡᠳᠡᠯ᠎ᠡ ᠬᠠᠷᠮᠠᠨ ᠡᠴᠡ ᠨᠢ ᠳᠦᠷᠪᠠᠯᠵᠢᠯᠠᠨ ᠡᠪᠭᠡᠭ᠍ᠰᠡᠨ ᠵᠢᠵᠢᠭ᠌ ᠴᠠᠭᠠᠰᠤ ᠭᠠᠷᠤᠨ ᠣᠨᠠᠪᠠ᠃ ᠠᠪᠣᠭᠠᠤᠨ ᠵᠠᠳᠠᠯᠪᠠᠯ ᠳᠤᠳᠤᠷ᠎ᠠ ᠡᠴᠡ ᠨᠢ ᠨᠢᠭᠡ ᠵᠠᠯᠠᠭᠤᠬᠠᠨ ᠪᠦᠰᠡᠭᠦᠢ ᠶᠢᠨ ᠵᠢᠷᠤᠭ ᠭᠠᠷᠴᠤ ᠢᠷᠠᠯ᠎ᠠ᠃ ᠭᠡᠨ ᠤ ᠵᠢᠷᠤᠭ ᠪᠣᠯᠴᠢᠬᠠᠪᠠ ᠭᠡᠵᠤ ᠯᠠᠪᠯᠠᠨ ᠬᠠᠷᠠᠪᠠᠯ ᠬᠠᠷᠢᠨ ᠳᠠᠨᠢᠬᠤ ᠦᠭᠡᠶ ᠯᠠ ᠭᠦᠮᠤᠨ ᠪᠠᠢ᠌ᠨ᠎ᠠ᠃ ᠳᠠᠨᠢᠬᠤ ᠦᠭᠡᠶ ᠭᠦᠮᠤᠨ ᠤ ᠵᠢᠷᠤᠭ ᠢ ᠶᠠᠭᠤᠨ ᠳᠤ ᠪᠠᠶ᠎ᠠ ᠳᠡᠭᠡᠨ ᠬᠠᠳᠠᠭᠠᠯᠠᠵᠤ ᠶᠠᠪᠣᠳᠠᠭ ᠶᠤᠮ ᠭᠡᠵᠤ ᠪᠠᠬᠠᠨ ᠭᠠᠢ᠌ᠬᠠᠯ᠎ᠠ᠃ ᠡ᠊ᠨᠳᠡᠭᠦᠷᠡᠭᠡᠳ ᠠᠪᠣᠭᠰᠠᠨ ᠶᠢᠡᠷ ᠪᠣᠳᠤᠬᠤ ᠳᠤ ᠪᠠᠯᠭᠠᠷ ᠳᠠᠢ᠌ᠮᠤ ᠴᠤ ᠠᠯᠠᠩ ᠰᠠᠯᠠᠩ ᠭᠦᠮᠤᠨ ᠪᠢᠰᠢ ᠯᠠ ᠳ᠋ᠠ᠃ ᠬᠠᠮᠳᠤ ᠠᠵᠢᠯᠯᠠᠵᠤ ᠥᠩᠭᠡᠷᠡᠭ᠍ᠰᠡᠨ ᠡᠴᠡ ᠨᠢᠭᠡ ᠨᠢ ᠪᠠᠢ᠌ᠨ᠎ᠠ ᠦᠦ ᠭᠡᠭᠦ ᠳᠤ ᠪᠠᠢ᠌ᠭᠤᠯᠭ᠎ᠠ ᠳᠤ ᠨᠢ ᠡᠢ᠌ᠮᠤ ᠡᠮᠡᠭ᠍ᠳᠡᠢ ᠪᠠᠢ᠌ᠭᠰᠠᠨ ᠢ ᠪᠣᠳᠤᠭᠠᠤᠨ ᠣᠯᠤᠭᠰᠠᠨ ᠦᠭᠡᠶ᠃ ᠠᠷᠠᠢ ᠴᠤ ᠨᠢᠭᠤᠴᠠ ᠪᠠᠷ ᠬᠠᠨᠢᠯᠠᠵᠤ ᠥᠶᠡᠷᠭᠡᠳᠡᠭ᠌ ᠨᠢ ᠪᠢᠯᠠ ᠦᠦ ᠭᠡᠭᠦ ᠳᠤ ᠡᠳᠦᠢ ᠣᠳᠠᠭᠠᠨ ᠵᠢᠯ ᠬᠠᠮᠳᠤ ᠠᠮᠢᠳᠤᠷᠠᠴᠢᠬᠠᠭᠠᠤᠨ ᠥᠭᠡᠷ᠎ᠡ ᠪᠦᠰᠡᠭᠦᠢ ᠲᠡᠶ ᠶᠠᠪᠣᠯᠴᠠᠵᠤ ᠪᠠᠢ᠌ᠬᠤ ᠶᠢ ᠨᠢ ᠥᠵᠡᠭᠦ ᠪᠠᠢ᠌ᠳᠤᠭᠠᠢ ᠰᠤᠨᠤᠰᠤᠭ᠎ᠠ ᠴᠤ ᠦᠭᠡᠶ᠃ ᠳᠠᠭᠢᠭᠠᠤᠨ ᠭᠡᠯᠡᠪᠠᠯ ᠶᠠᠮᠠᠷ ᠮᠠᠯ ᠪᠠᠢ᠌ᠬᠤ ᠴᠤ ᠪᠢᠰᠢ᠂ ᠭᠡᠦᠭᠡᠨ ᠲᠡᠶ ᠨᠢ ᠠᠳᠠᠯᠢᠬᠠᠨ ᠵᠠᠯᠠᠭᠤ ᠪᠦᠰᠡᠭᠦᠢ ᠲᠡᠶ ᠶᠠᠭᠤ ᠭᠡᠵᠤ ᠭᠦᠯ ᠭᠠᠷ ᠪᠣᠯᠬᠤ ᠶᠤᠮ ︖ ᠢᠴᠢᠵᠤ ᠥᠭᠦᠨ᠎ᠡ ᠭᠡᠵᠤ ᠦᠪᠡᠷ ᠤᠨ ᠪᠣᠳᠤᠯ ᠶᠢᠡᠨ ᠦᠪᠡᠷ ᠶᠢᠡᠨ ᠦᠷᠭᠦᠭᠡᠪᠡ᠃ ᠭᠠᠷᠠᠭ ᠪᠣᠯᠤᠭᠠᠤᠨ ᠭᠠᠷᠤᠭᠠᠤᠨ ᠢᠷᠠᠨ᠎ᠡ ᠭᠡᠰᠡᠨ ᠭᠦᠮᠤᠨ ᠡᠳᠦᠢ ᠪᠣᠯᠳᠠᠯ᠎ᠠ ᠪᠠᠷ᠎ᠠ ᠰᠤᠷᠠᠭ ᠦᠭᠡᠶ ᠳᠤ ᠪᠠᠬᠠᠨ ᠣᠴᠠᠭᠠᠷᠳᠠᠳᠠᠭ ᠴᠤ ᠰᠡᠳᠭᠢᠯ ᠳᠡᠭᠡᠨ ᠶᠠᠷᠤ ᠬᠠᠷᠠᠳᠠᠵᠤ ᠴᠢᠳᠠᠳᠠᠭ ᠦᠭᠡᠶ᠃ ᠬᠠᠷᠢᠨ ᠡᠪᠡᠳᠴᠢᠨ ᠬᠠᠭᠤᠴᠢᠨ ᠨᠢ ᠠᠶᠠᠷᠠᠬᠤ ᠦᠭᠡᠶ ᠳᠠᠭᠠᠮᠵᠢᠷᠠᠭᠠᠤᠨ ᠪᠠᠢ᠌ᠳᠠᠭ ᠪᠠᠢ ᠯᠠ ᠦᠭᠡᠶ ᠭᠡᠮᠡᠨ ᠰᠠᠨᠠᠭ᠎ᠠ ᠪᠣᠯᠵᠤ᠂ ᠵᠦᠪ ᠦᠭ‍ᠭᠦᠨ᠎ᠡ᠃ ᠬᠣᠢ᠌ᠨ᠎ᠡ ᠡᠴᠡ ᠨᠢ ᠭᠦᠷᠦᠶ᠎ᠡ ᠭᠡᠭᠦ ᠳᠤ ᠭᠡᠷᠡᠭ᠌ ᠦᠭᠡᠶ ᠭᠡᠳ ᠪᠣᠯᠬᠤ ᠦᠭᠡᠶ᠃ ᠪᠢᠰᠢ ᠡ᠊ᠨᠳᠡ ᠵᠥᠭᠡᠷ ᠭᠡᠪᠳᠡᠵᠤ ᠪᠠᠢ᠌ᠬᠤ ᠭᠦᠮᠤᠨ ᠬᠠᠵᠠᠭᠤ ᠳᠤ ᠨᠢ ᠭᠦᠷᠦᠭᠡᠳ ᠬᠠᠷᠠᠭᠠᠯᠵᠠᠵᠤ᠂ ᠱᠦᠯᠦ ᠣᠰᠤ ᠶᠢ ᠨᠢ ᠭᠢᠵᠤ ᠥᠭ᠍ᠪᠠᠯ ᠭᠡᠨ ᠪᠢᠳᠡᠭᠡᠢ ᠭᠡᠭᠦ ᠪᠣᠢ᠃ ᠨᠠᠰᠤ ᠪᠠᠷ ᠮᠢᠨᠤ ᠭᠠᠷ ᠡᠴᠡ ᠪᠠᠯᠠᠨ ᠬᠤᠭᠤᠯᠠ ᠢᠳᠡᠭᠡᠳ ᠳᠠᠰᠤᠭᠰᠠᠨ ᠭᠦᠮᠤᠨ ᠬᠤᠳᠠ ᠶᠢᠨ ᠬᠤᠭᠤᠯᠠᠨ ᠳᠤ ᠯᠠ ᠢᠳᠡᠭᠡᠰᠢᠭᠦ ᠦᠭᠡᠶ ᠵᠤᠪᠠᠵᠤ ᠪᠠᠢ᠌ᠬ᠎ᠠ᠃ ᠪᠠᠢ᠌ᠭ᠎ᠠ ᠭᠠᠵᠠᠷ ᠢ ᠨᠢ ᠮᠡᠳᠡᠭᠦ ᠦᠭᠡᠶ ᠭᠡᠭᠦ ᠡᠴᠡ ᠪᠢᠰᠢ ᠭᠦᠮᠤᠨ ᠬᠠᠷ᠎ᠠ ᠶᠠᠪᠣᠪᠠᠯ ᠵᠢᠭᠠᠬᠠᠨ ᠶᠠᠭᠤᠮ᠎ᠠ ᠶᠠᠪᠣᠭᠤᠯᠬᠤ ᠰᠠᠨ᠃ ᠭᠠᠭᠴᠠ ᠮᠠᠭᠤ ᠨᠢ ᠰᠠᠭᠤᠭ᠎ᠠ ᠭᠠᠵᠠᠷ ᠶᠢᠡᠨ ᠭᠡᠯᠡᠭᠦ ᠦᠭᠡᠶ᠂ ᠣᠳᠠᠰᠤ ᠮᠤᠳᠠᠰᠤ ᠴᠤ ᠢᠷᠡᠭᠦ ᠦᠭᠡᠶ ᠭᠡᠵᠤ ᠭᠤᠮᠤᠳᠠᠨ᠎ᠠ᠃ ᠵᠢᠯᠢ᠌ᠭ᠍ᠰᠡᠨ ᠴᠠᠭ ᠡᠴᠡ ᠪᠠᠨ ᠭᠡᠷ ᠲᠡᠭᠡᠨ ᠣᠳᠠᠰᠤ ᠢᠷᠡᠭᠦᠯᠤᠨ᠎ᠡ ᠭᠡᠳ ᠪᠠᠷᠤᠭ ᠪᠠᠢ᠌ᠳᠠᠭ ᠦᠭᠡᠶ᠃ ᠶᠠᠭᠤᠨ ᠳᠠᠭᠠᠨ ᠳᠡᠭᠡᠵᠤ ᠶᠠᠭᠠᠷᠠᠭᠠᠤᠨ ᠪᠠᠢ᠌ᠳᠠᠭ ᠪᠣᠯ ᠭᠡᠵᠤ ᠰᠤᠨᠢᠷᠬᠠᠨ᠎ᠠ᠃ ᠳᠡᠭᠡᠭᠡᠳ ᠶᠡᠭᠡᠩᠭᠢ ᠳᠡᠭᠡᠨ ᠰᠡᠷᠭᠦᠯᠡᠩᠮ᠎ᠡ ᠴᠠᠰᠢ ᠣᠳᠠᠰᠤ ᠠᠪᠣᠨ᠎ᠠ᠃ ᠶᠠᠪᠣᠭᠠᠨ ᠳᠠᠭᠠᠨ ᠰᠡᠷᠭᠦᠯᠡᠩᠮ᠎ᠡ ᠶᠢᠨ ᠣᠳᠠᠰᠤ ᠶᠢ ᠳᠤᠰᠬᠤ ᠨᠢ ᠴᠤ ᠴᠥᠭᠡᠷᠡᠵᠡᠢ᠃ ᠳᠤᠰᠴᠢᠬᠠᠭᠠᠤᠨ ᠴᠤ ᠬᠠᠰᠢ ᠶᠠᠰᠢ ᠭᠡᠳᠦᠭᠡᠨ ᠥᠭᠡ ᠭᠡᠯᠡᠭᠡᠳ ᠣᠳᠠᠰᠤ ᠪᠠᠨ ᠬᠠᠭᠠᠴᠢᠬᠠᠨ᠎ᠠ᠃ ᠮᠠᠨ ᠤ ᠭᠦᠮᠤᠨ ᠮᠦᠩᠭᠦ ᠪᠠᠨ ᠠᠷᠪᠢᠯᠠᠭᠠᠤᠨ ᠯᠠ ᠪᠠᠢ᠌ᠬ᠎ᠠ᠂ ᠭᠡᠨᠡᠳᠲᠡ ᠭᠡᠷᠡᠭ᠌ ᠦᠭᠡᠶ ᠶᠠᠭᠤᠮᠠᠨ ᠳᠤ ᠮᠦᠩᠭᠦ ᠦᠷᠠᠯ᠎ᠠ ᠭᠡᠳ ᠭᠠᠰᠠᠯᠵᠤ ᠰᠠᠭᠤᠳᠠᠭ ᠢ ᠠᠯᠢ ᠶᠢ ᠨᠢ ᠳᠤᠭᠠᠯᠠᠭᠠᠤᠨ ᠪᠠᠷᠠᠬᠤ ᠪᠣᠢ᠃ ᠨᠠᠭᠠᠳᠤᠭᠢ ᠴᠢᠨᠢ ᠡᠢ᠌ᠮᠤ ᠯᠠ ᠵᠢᠭ᠍ᠳᠡᠢ ᠵᠠᠩ ᠲᠡᠶ ᠭᠦᠮᠤᠨ ᠰᠢᠤ ᠭᠡᠵᠤ ᠰᠡᠷᠭᠦᠯᠡᠩᠮ᠎ᠡ ᠨᠢᠯᠬ᠎ᠠ ᠬᠡᠦᠬᠡᠳ ᠤᠨ ᠪᠣᠳᠤᠯ ᠶᠢᠡᠷ ᠪᠠᠶ᠎ᠠ ᠪᠠᠨ ᠬᠠᠭᠤᠷᠤᠨ᠎ᠠ᠃ ᠡᠷ᠎ᠡ ᠭᠦᠮᠤᠨ ᠤ ᠳᠤᠬᠠᠢ ᠡᠯᠳᠡᠪ ᠤᠨ ᠴᠤᠤᠷᠬᠠᠯ ᠰᠤᠨᠤᠰᠳᠠᠭ ᠴᠤ ᠳᠠᠷᠠ ᠪᠣᠯᠭᠠᠨ ᠢ ᠢᠳᠡᠭᠡᠳᠡᠭ᠌ ᠦᠭᠡᠶ᠃ ᠭᠠᠯ ᠵᠠᠯᠠᠭᠤ ᠨᠠᠰᠤᠨ ᠤ ᠭᠢᠨᠢ ᠠᠮᠢᠳᠤᠷᠠᠯ ᠳᠤ ᠭᠡᠨᠡᠳᠲᠡ ᠣᠷᠤᠵᠤ ᠢᠷᠡᠭ᠍ᠰᠡᠨ ᠡᠨᠡ ᠭᠦᠮᠤᠨ ᠢ ᠥᠵᠡᠭ᠍ᠰᠡᠨ ᠴᠠᠭ ᠡᠴᠡ ᠭᠠᠭᠴᠠ ᠮᠢᠨᠤ ᠯᠠ ᠪᠠᠢ᠌ᠬᠤ ᠶᠤᠰᠤᠳᠠᠢ ᠭᠡᠵᠤ ᠰᠡᠳᠭᠢᠯ ᠳᠡᠭᠡᠨ ᠦᠮᠴᠢᠯᠠᠵᠤ ᠶᠠᠪᠣᠵᠠᠢ᠃ ᠡᠭᠦᠨ ᠤ ᠪᠠᠨ ᠭᠠᠢ ᠪᠠᠷ ᠭᠡᠦᠭᠡᠨ ᠪᠠᠶ᠎ᠠ ᠪᠠᠨ ᠬᠠᠷᠠᠮ ᠦᠭᠡᠶ ᠳᠤᠰᠢᠶᠠᠵᠤ᠂ ᠭᠦᠮᠤᠨ ᠤ ᠠᠮᠢᠳᠤᠷᠠᠯ ᠤᠨ ᠨᠠᠷᠢᠨ ᠭᠢᠠᠵᠢᠨ ᠳᠤ ᠳᠤᠷᠠᠳᠠᠢ ᠭᠢᠠᠵᠢᠯᠡᠭᠳᠡᠭᠰᠡᠨ ᠪᠢᠯᠠ᠃

ᠰᠡᠷᠭᠦᠯᠡᠩᠮ᠎ᠡ ᠣᠭᠢᠶᠠᠭᠰᠠᠨ ᠬᠤᠪᠴᠠᠰᠤ ᠪᠠᠨ ᠳᠠᠮᠤᠷ ᠣᠳᠠᠰᠤᠨ ᠳᠡᠭᠡᠭᠦᠷ ᠳᠡᠯᠭᠡᠨ ᠬᠠᠳᠠᠭᠠᠪᠠ᠃ ᠭᠡᠦᠭᠡᠨ ᠴᠡᠩᠭᠡᠮ᠎ᠡ ᠨᠢ ᠭᠠᠳᠠᠭᠤᠷ ᠳᠤᠭᠤᠷᠢᠨ᠎ᠠ ᠭᠡᠳ ᠭᠠᠷᠤᠭᠰᠠᠨ ᠭᠦᠮᠤᠨ ᠪᠠᠷ᠎ᠠ ᠴᠢᠭ᠌ ᠪᠠᠢ᠌ᠳᠠᠭ ᠦᠭᠡᠶ᠃ ᠡᠳᠦᠷᠵᠢᠨ ᠭᠡᠷ ᠤᠨ ᠮᠤᠬᠤᠷ ᠲᠤ ᠬᠤᠷᠭᠤᠳᠠᠨ ᠪᠠᠶ᠎ᠠ ᠪᠠᠨ ᠬᠠᠷᠢᠭᠤᠯᠵᠤ ᠰᠠᠭᠤᠬᠤ ᠪᠠᠷ ᠭᠠᠳᠠᠨ᠎ᠠ ᠳᠤᠳᠤᠨ᠎ᠠ ᠭᠠᠷᠴᠤ ᠰᠠᠨᠠᠭ᠎ᠠ ᠰᠡᠳᠭᠢᠯ ᠶᠢᠡᠨ ᠰᠡᠷᠭᠦᠭᠡᠭᠦ ᠨᠢ ᠵᠦᠪ᠃ ᠣᠳᠤ ᠶᠢᠨ ᠵᠠᠯᠠᠭᠤᠴᠤᠳ ᠰᠡᠳᠭᠢᠯ ᠳᠡᠭᠡᠨ ᠶᠡᠭᠡ ᠳᠠᠷᠤᠭᠠᠰᠤ ᠲᠡᠶ ᠭᠡᠳᠡᠭ᠌ ᠨᠢ ᠰᠤᠨᠢᠨ᠃ ᠮᠢᠨᠤ ᠪᠠᠭ᠎ᠠ ᠳᠤ ᠡᠨᠡ ᠳᠠᠷᠠ ᠶᠠᠭᠤᠮᠠᠨ ᠤ ᠲᠦᠯᠦᠭᠡ ᠰᠠᠨᠠᠭ᠎ᠠ ᠵᠤᠪᠠᠵᠤ ᠪᠣᠢ ᠭᠡᠳ ᠪᠠᠷᠤᠭ ᠪᠠᠢ᠌ᠳᠠᠭ ᠦᠭᠡᠶ᠃ ᠭᠡᠳᠡᠯ᠎ᠡ ᠣᠳᠤ ᠶᠢᠨ ᠵᠠᠯᠠᠭᠤᠴᠤᠳ ᠠᠵᠢᠯ ᠠᠮᠢᠳᠤᠷᠠᠯ ᠭᠡᠳ ᠨᠢᠭᠡ ᠣᠯᠠᠨ ᠶᠠᠭᠤᠮᠠᠨ ᠳᠤ ᠰᠡᠳᠭᠢᠯ ᠶᠢᠡᠨ ᠵᠦᠳᠡᠭᠡᠨ ᠰᠠᠨᠠᠭ᠎ᠠ ᠪᠠᠨ ᠪᠠᠷᠠᠨ᠎ᠠ᠃ ᠶᠠᠭᠤᠨ ᠤ ᠲᠦᠯᠦᠭᠡ ᠭᠡᠭᠦ ᠪᠣᠢ᠂ ᠪᠣᠳᠠᠭᠠᠨ ᠠᠶᠠᠭ᠎ᠠ ᠣᠯᠳᠠᠭᠰᠠᠨ ᠦᠭᠡᠶ ᠭᠡᠳ ᠶᠠᠮᠠᠷ ᠪᠣᠭᠤᠭᠠᠤᠨ ᠥᠭᠦᠯᠳᠡᠢ ᠪᠢᠰᠢ ᠠᠷᠭ᠎ᠠ ᠣᠯᠳᠠᠳᠠᠭ ᠪᠠᠢ ᠯᠠ ᠦᠭᠡᠶ᠃ ᠬᠠᠷᠢᠨ ᠬᠠᠨᠢ ᠢᠵᠢᠯᠢ ᠪᠠᠨ ᠡᠷᠳᠡᠭᠡᠨ ᠡᠴᠡ ᠬᠠᠢ᠌ᠵᠤ᠂ ᠬᠠᠯᠠᠭᠤᠨ ᠪᠦᠯᠢᠶᠡᠨ ᠭᠡᠷ ᠪᠦᠯᠢ ᠲᠡᠶ ᠪᠣᠯᠵᠤ ᠠᠪᠬᠤ ᠨᠢ ᠶᠠᠭᠤ ᠶᠠᠭᠤᠨ ᠡᠴᠡ ᠴᠢᠬᠤᠯᠠ᠃ ᠠᠵᠢᠯ ᠭᠦᠯᠢᠶᠡᠵᠤ ᠪᠣᠢ ᠭᠡᠭ᠍ᠰᠡᠭᠡᠷ ᠪᠠᠢ᠌ᠭᠠᠤᠨ ᠬᠤᠶᠠᠷ ᠤᠨ ᠬᠤᠭᠤᠷᠤᠠᠳᠤ ᠶᠠᠭᠤ ᠴᠤ ᠦᠭᠡᠶ ᠬᠤᠭᠤᠰᠤᠨ ᠬᠤᠴᠤᠷᠬᠤ ᠡᠴᠡ ᠳᠡᠭᠡᠷ᠎ᠡ ᠪᠢᠵᠠ᠃

ᠰᠡᠷᠭᠦᠯᠡᠩᠮ᠎ᠡ ᠶᠢ ᠬᠤᠪᠴᠠᠰᠤ ᠪᠠᠨ ᠬᠠᠳᠠᠭᠠᠭᠠᠤᠨ ᠡᠷᠭᠢᠳᠡᠯ᠎ᠡ ᠭᠦᠤ ᠠᠶᠠᠨ ᠨᠢ ᠪᠦᠰᠡᠭᠦᠢ ᠲᠡᠶ ᠪᠠᠨ ᠣᠷᠤᠵᠤ ᠢᠷᠠᠪᠠ᠃ ᠪᠠᠯᠴᠢᠷ ᠣᠮᠪᠣᠯ ᠨᠢ ᠭᠡᠵᠤ ᠰᠢᠭᠡᠵᠢ ᠶᠢᠨ ᠴᠢᠨᠡᠭᠡᠨ ᠠᠮᠢᠳᠠᠨ ᠭᠦᠶ‍ᠦᠵᠤ ᠪᠣᠢ ᠭᠡᠳ ᠭᠠᠵᠠᠷ ᠭᠦᠳᠡᠯᠭᠡᠨ ᠥᠭᠦᠭᠡᠷ ᠭᠦᠷᠭᠡᠨ᠎ᠡ᠃ ᠰᠡᠷᠭᠦᠯᠡᠩᠮ᠎ᠡ ᠳᠠᠪᠠᠷᠢᠵᠤ ᠠᠪᠣᠭᠠᠤᠨ ᠵᠢᠭᠠᠬᠠᠨ ᠬᠠᠴᠠᠷ ᠡᠴᠡ ᠨᠢ ᠭᠦᠭᠦᠨ ᠣᠳᠠᠭᠠᠨ ᠦᠨᠦᠰᠤᠯ᠎ᠠ᠃ ᠣᠮᠪᠣᠯ ᠨᠢ ᠡᠮᠡᠭᠡ ᠶᠢᠨ ᠶᠢᠡᠨ ᠭᠦᠵᠦᠭᠦᠤ ᠪᠠᠷ ᠵᠢᠭᠤᠷᠠᠨ ᠳᠠᠨᠠᠢ᠌ᠳᠠᠯ᠎ᠠ ᠢᠨᠢᠶᠠᠨ᠎ᠡ᠃ ᠠᠮᠢᠳᠤᠷᠠᠯ ᠤᠨ ᠊ᠭ᠍‍ᠬᠢᠷ ᠨᠠᠭᠠᠯᠳᠤᠭ᠎ᠠ ᠦᠭᠡᠶ ᠬᠡᠦᠬᠡᠳ ᠭᠦᠭᠡᠷᠦᠭᠦᠨ ᠶᠤᠮ ᠡ᠃

᠊᠊᠊᠊᠊᠊᠊᠊᠊᠊᠊᠊᠊᠊᠊ ᠠᠪᠣ ᠡᠴᠡ ᠴᠢᠮᠡᠭᠡ ᠪᠠᠢ᠌ᠨ᠎ᠠ ᠦᠦ ︖ ᠭᠡᠵᠢᠶ᠎ᠡ ᠢᠷᠡᠭᠦ ᠭᠡᠨ᠎ᠡ ︖ ᠭᠡᠳ ᠠᠶᠠᠨ ᠳᠡᠭᠦᠵᠢᠯᠡᠵᠤ ᠢᠷᠡᠭ᠍ᠰᠡᠨ ᠶᠠᠭᠤᠮ᠎ᠠ ᠪᠠᠨ ᠪᠠᠷᠢᠭᠠᠤᠨ ᠳᠤᠭᠤᠭᠠᠨ ᠭᠡᠷ ᠲᠤ ᠣᠷᠤᠪᠠ᠃

᠊᠊᠊᠊᠊᠊᠊᠊᠊᠊᠊᠊᠊᠊᠊ ᠣᠳᠠᠰᠤ ᠠᠪᠬᠤ ᠪᠣᠯᠭᠠᠨ ᠣᠳᠠᠯ ᠦᠭᠡᠶ ᠢᠷᠠᠨ᠎ᠡ ᠭᠡᠴᠢᠭᠡᠭᠡᠳ ᠡᠳᠦᠷ ᠤᠨ ᠴᠠᠭᠠᠨ᠎ᠠ ᠡᠳᠦᠷ ᠳᠠᠯᠪᠢᠨ ᠭᠦᠯᠢᠶᠡᠯᠭᠡᠵᠤ ᠯᠠ ᠪᠠᠢ᠌ᠨ᠎ᠠ ᠭᠡᠵᠤ ᠰᠡᠷᠭᠦᠯᠡᠩᠮ᠎ᠡ ᠦᠨᠡᠨ ᠶᠢᠡᠨ ᠭᠡᠯᠡᠯ᠎ᠡ᠃

᠊᠊᠊᠊᠊᠊᠊᠊᠊᠊᠊᠊᠊᠊᠊ ᠡᠨᠡ ᠠᠪᠣ ᠳᠤ ᠡᠷᠭᠢᠭᠦᠤ ᠡᠪᠡᠳᠴᠢᠨ ᠳᠤᠰᠴᠢᠬᠠᠭᠰᠠᠨ ᠦᠭᠡᠶ ᠪᠠ ︖ ᠵᠥᠩᠳᠡᠭᠡᠨ ᠶᠠᠪᠣᠭᠠᠤᠨ ᠦᠭᠡᠶ ᠪᠣᠯᠤᠭᠰᠠᠨ ᠭᠦᠮᠤᠨ ᠡᠳᠦᠢ ᠳᠤ ᠬᠠᠷᠢᠵᠤ ᠢᠷᠡᠳᠡᠭ᠌ ᠦᠭᠡᠶ ᠥᠨᠡᠭᠡᠷ ᠵᠢᠭ᠍ᠳᠡᠢ᠃ ᠪᠠᠰᠠ ᠳᠡᠭᠡᠭᠡᠳ ᠦᠷ᠎ᠡ ᠬᠡᠦᠬᠡᠳ ᠦᠭᠡᠶ ᠶᠤᠮ ᠰᠢᠭ ᠮᠠᠨᠤᠰ ᠲᠤ ᠴᠤ ᠣᠴᠢᠷ ᠶᠠᠪᠣᠳᠠᠯ ᠶᠢᠡᠨ ᠭᠡᠯᠡᠭᠦ ᠦᠭᠡᠶ᠃ ᠪᠢ ᠭᠡᠳᠤ ᠴᠤ ᠣᠳᠠᠭ᠎ᠠ ᠣᠳᠠᠰᠤ ᠠᠪᠣᠭᠰᠠᠨ᠂ ᠮᠢᠨᠤ ᠣᠳᠠᠰᠤ ᠳᠤᠰᠤᠨ᠎ᠠ ᠭᠡᠳ ᠵᠠᠶᠠᠭᠠᠨ ᠳᠠᠭᠠᠨ ᠪᠠᠢ᠌ᠬᠤ ᠦᠭᠡᠶ᠃ ᠶᠠᠭᠤ ᠪᠣᠯᠴᠢᠬᠠᠭᠰᠠᠨ ᠪᠠᠢ᠌ᠳᠠᠭ ᠶᠤᠮ ᠭᠡᠳ ᠳᠤᠭᠤᠭᠠᠨ ᠭᠡᠷ ᠲᠤ ᠭᠠᠭᠴᠠᠭᠠᠷ ᠶᠢᠡᠨ ᠭᠡᠰᠡᠭ᠌ ᠶᠠᠷᠢᠭᠰᠠᠨ ᠶᠢᠡᠨ᠄

᠊᠊᠊᠊᠊᠊᠊᠊᠊᠊᠊᠊᠊᠊᠊ ᠳᠤᠨᠤᠮᠠᠯ ᠡ᠂ ᠮᠢᠬ᠎ᠠ ᠡᠪᠳᠡᠭᠡᠳ ᠪᠠᠯᠠᠨ ᠪᠣᠯᠭᠠᠭᠰᠠᠨ᠂ ᠴᠢ ᠢᠷᠡᠭᠡᠳ ᠴᠢᠨᠠᠭᠠᠤᠨ ᠣᠷᠭᠢ᠃ ᠦᠨᠦᠳᠤᠷ ᠰᠠᠨᠠᠭ᠎ᠠ ᠪᠠᠷ ᠰᠠᠢ᠌ᠬᠠᠨ ᠴᠤᠬᠤᠷ ᠮᠢᠬ᠎ᠠ ᠳᠠᠭᠠᠷᠠᠵᠠᠢ᠃ ᠭᠡᠳᠦᠭᠦᠯᠡ ᠨᠢᠭᠡ ᠰᠠᠢ᠌ᠨ ᠢᠳᠡᠭᠡᠳ ᠠᠪᠣᠶ᠎ᠠ᠂ ᠮᠢᠬ᠎ᠠ ᠰᠠᠨᠠᠭᠠᠤᠨ ᠣᠳᠠᠯ᠎ᠠ ᠭᠡᠵᠤ ᠪᠦᠰᠡᠭᠦᠢ ᠪᠠᠨ ᠳᠠᠭᠤᠳᠠᠪᠠ᠃

᠊᠊᠊᠊᠊᠊᠊᠊᠊᠊᠊᠊᠊᠊᠊ ᠠᠯᠢ᠂ ᠡᠵᠢ ᠨᠢ ᠭᠦᠷᠦᠶ᠎ᠡ᠂ ᠳᠠᠷᠠ ᠮᠠᠭᠤ ᠴᠠᠭᠢᠯᠭᠠᠨ ᠵᠤᠤᠬ᠎ᠠ ᠶᠢᠨ ᠨᠡᠭᠡᠭᠡᠯᠭᠡ ᠶᠢᠨ ᠱᠤᠷᠠᠭ ᠡᠪᠳᠡᠷᠡᠭᠡᠳ ᠠᠮᠠᠷᠬᠠᠨ ᠨᠤᠴᠤᠬᠤ ᠪᠠᠨ ᠪᠣᠯᠢᠴᠢᠬᠠᠵᠠᠢ ᠭᠡᠳ ᠰᠡᠷᠭᠦᠯᠡᠩᠮ᠎ᠡ ᠦᠨᠳᠠᠢ᠌ᠳᠠᠯ᠎ᠠ ᠭᠠᠷ ᠶᠢᠡᠨ ᠠᠷᠴᠢᠭᠰᠠᠭᠠᠷ ᠭᠠᠷᠴᠤ ᠢᠷᠡᠭ᠍ᠰᠡᠨ ᠠᠶᠠᠨ᠄

᠊᠊᠊᠊᠊᠊᠊᠊᠊᠊᠊᠊᠊᠊᠊ ᠡᠵᠢ ᠶᠠᠮᠠᠷ ᠵᠢᠭ᠍ᠳᠡᠢ ᠶᠢᠨ ᠪᠠᠢ᠌ᠨ᠎ᠠ᠂ ᠪᠠᠷᠢ ᠶᠢᠨ ᠶᠢᠡᠨ ᠡᠮᠤᠨ᠎ᠡ ᠪᠢᠳᠡᠭᠡᠢ ᠪᠠᠷᠢ ᠨᠢ ᠰᠢᠭ᠌ ᠦᠰᠦᠷᠦᠭᠡᠳ ᠪᠠᠢ ︕ ᠳᠠᠷᠠ ᠵᠢᠭᠠᠬᠠᠨ ᠣᠴᠢᠷ ᠲᠤ ᠳᠤᠨᠤᠮᠠᠯ ᠠᠰᠠᠭᠤᠳᠠᠯ ᠪᠠᠢ᠌ᠬᠤ ᠦᠭᠡᠶ ᠭᠡᠮᠡᠨ ᠪᠦᠰᠡᠭᠦᠢ ᠣᠷᠤᠭᠤ ᠪᠠᠨ ᠨᠢᠳᠤ ᠪᠠᠨ ᠢᠷᠮᠠᠨ ᠢᠨᠢᠶᠡᠮᠰᠦᠭᠯᠡᠪᠡ᠃

᠊᠊᠊᠊᠊᠊᠊᠊᠊᠊᠊᠊᠊᠊᠊ ᠠᠵᠢᠯ ᠲᠡᠶ ᠣᠯᠤᠰ ᠭᠠᠷ ᠭᠦᠯ ᠶᠢᠡᠨ ᠭᠡᠮᠳᠦᠭᠡᠴᠢᠭᠡᠪᠠᠯ ᠠᠵᠢᠯ ᠶᠢᠡᠨ ᠰᠠᠭᠠᠳᠠᠭᠠᠴᠢᠬᠠᠨ᠎ᠠ᠂ ᠳᠡᠭᠦᠨ ᠵᠡᠷᠭᠡ ᠳᠤ ᠡᠵᠢ ᠨᠢ ᠶᠠᠮᠠᠷ ᠬᠠᠮᠢᠶ᠎ᠠ ᠵᠥᠭᠡᠷ ᠰᠠᠭᠤᠵᠤ ᠪᠠᠢ᠌ᠬᠤ ᠭᠦᠮᠤᠨ ᠭᠡᠴᠢᠭᠡᠭᠡᠳ ᠪᠣᠯᠤᠯ ᠦᠭᠡᠶ ᠪᠠᠷᠢ ᠲᠡᠶ ᠪᠠᠨ ᠣᠷᠤᠯᠳᠤᠨ ᠳᠤᠭᠤᠭᠠᠨ ᠭᠡᠷ ᠲᠤ ᠣᠷᠤᠯ᠎ᠠ᠃

ᠠᠶᠠᠨ ᠡᠵᠢ ᠶᠢᠨ ᠶᠢᠡᠨ ᠬᠣᠢ᠌ᠨ᠎ᠡ ᠡᠴᠡ᠄

᠊᠊᠊᠊᠊᠊᠊᠊᠊᠊᠊᠊᠊᠊᠊ ᠴᠠᠭᠢᠯᠭᠠᠨ ᠳᠤ ᠶᠠᠮᠠᠷ ᠨᠢᠳᠤ ᠪᠠᠢ᠌ᠬᠤ ᠪᠢᠰᠢ᠂ ᠡᠵᠢ ᠴᠤ ᠭᠢᠴᠢᠶᠡᠭᠦ ᠭᠡᠷᠡᠭ᠍ᠳᠡᠢ᠃ ᠪᠢ ᠦᠳᠡ ᠶᠢᠨ ᠬᠣᠢ᠌ᠨ᠎ᠠ ᠭᠦᠮᠤᠨ ᠣᠯᠵᠤ ᠢᠷᠡᠭᠡᠳ ᠵᠠᠰᠠᠭᠤᠯᠤᠭᠠᠤᠨ ᠦᠭ‍ᠭᠦᠶ᠎ᠡ ᠭᠡᠪᠡ᠃

᠊᠊᠊᠊᠊᠊᠊᠊᠊᠊᠊᠊᠊᠊᠊ ᠳᠡᠭᠡᠪᠠᠯ ᠮᠢᠨᠤ ᠭᠦᠤ ᠡᠵᠢ ᠪᠠᠨ ᠣᠨᠤᠭᠠᠭᠰᠠᠨ ᠪᠠᠢ᠌ᠨ᠎ᠠ᠂ ᠡᠵᠢ ᠨᠢ ᠵᠠᠶᠠᠭᠠᠨ ᠳᠠᠭᠠᠨ ᠭᠡᠷ ᠡᠴᠡ ᠭᠠᠷᠴᠤ ᠪᠣᠯᠬᠤ ᠦᠭᠡᠶ ᠶᠠᠭᠠᠷᠠᠭᠰᠠᠭᠠᠷ ᠪᠠᠢ᠌ᠭᠠᠤᠨ ᠮᠠᠷᠳᠠᠭᠠᠤᠨ ᠣᠷᠭᠢᠴᠢᠬᠠᠨ᠎ᠠ ᠭᠡᠳ ᠵᠤᠤᠬᠠᠨ ᠤ ᠪᠠᠨ ᠡ᠊ᠨᠳᠡ ᠳᠠᠠᠳᠠ ᠭᠠᠷᠤᠨ᠎ᠠ᠃

ᠬᠠᠳᠠᠮ ᠪᠠᠷᠢ ᠬᠤᠶᠠᠭᠤᠯᠠ ᠨᠢᠭᠡ ᠨᠢᠭᠡᠨ ᠳᠡᠭᠡᠨ ᠬᠠᠮᠵᠢᠨ ᠪᠠᠢ᠌ᠵᠤ ᠵᠤᠤᠬ᠎ᠠ ᠪᠠᠨ ᠨᠤᠴᠤᠭᠠᠨ ᠳᠤᠭᠤᠭ᠎ᠠ ᠲᠡᠶ ᠮᠢᠬ᠎ᠠ ᠪᠠᠨ ᠨᠡᠷᠡᠴᠢᠭᠡᠭᠡᠳ ᠰᠡᠷᠭᠦᠯᠡᠩᠮ᠎ᠡ ᠡᠨᠡ ᠳᠠᠷᠠ ᠪᠠᠨ ᠳᠠᠮᠳᠠᠷᠢᠨ ᠪᠠᠢ᠌ᠵᠤ ᠦᠷᠤᠮ᠎ᠠ ᠳᠤᠰᠤ ᠲᠡᠶ ᠰᠠᠢ᠌ᠬᠠᠨ ᠴᠠᠢ ᠠᠶᠠᠭᠠᠯᠠᠭᠠᠤᠨ ᠣᠤᠭᠤᠵᠠᠭᠠᠵᠤ ᠰᠠᠭᠤᠪᠠ᠃ ᠭᠡᠯᠡ ᠠᠮᠠ ᠮᠡᠳᠡᠭᠦ ᠦᠭᠡᠶ ᠪᠢᠴᠢᠬᠠᠨ ᠣᠮᠪᠣᠯ ᠨᠢ ᠡᠮᠡᠭᠡ ᠳᠡᠭᠡᠨ ᠡᠷᠭᠡᠯᠡᠨ ᠦᠷᠤᠮ᠎ᠠ ᠢᠳᠡᠭᠦ ᠭᠡᠮᠡᠨ ᠬᠠᠯᠠᠭᠤᠨ ᠴᠠᠢ ᠣᠷᠤᠭᠤ ᠵᠢᠳᠭᠦᠭᠡᠳ ᠵᠤᠪᠠᠭᠠᠨ᠎ᠠ᠃

᠊᠊᠊᠊᠊᠊᠊᠊᠊᠊᠊᠊᠊᠊᠊ ᠴᠡᠩᠭᠡᠮ᠎ᠡ ᠪᠠᠰᠠ ᠬᠠᠮᠢᠭ᠎ᠠ ᠵᠢᠯᠢ᠌ᠴᠢᠭᠡᠪᠡ ᠭᠡᠳ ᠠᠶᠠᠨ ᠡᠵᠢ ᠪᠠᠨ ᠬᠠᠷᠠᠪᠠ᠃

᠊᠊᠊᠊᠊᠊᠊᠊᠊᠊᠊᠊᠊᠊᠊ ᠦᠷᠯᠦᠭᠡ ᠨᠢᠭᠡ ᠨᠥᠭᠦᠤᠨ ᠲᠡᠭᠡᠨ ᠵᠤᠯᠭᠠᠨ᠎ᠠ ᠭᠡᠳ ᠭᠠᠷᠤᠭᠰᠠᠨ ᠭᠦᠮᠤᠨ ᠢᠷᠡᠭᠡ ᠦᠭᠡᠶ ᠯᠠ ᠪᠠᠢ᠌ᠨ᠎ᠠ ᠭᠡᠴᠢᠭᠡᠭᠡᠳ ᠡᠵᠢ ᠨᠢ ᠣᠮᠪᠣᠯ ᠲᠡᠶ ᠪᠠᠨ ᠨᠠᠭᠠᠳᠤᠨ᠎ᠠ᠃

᠊᠊᠊᠊᠊᠊᠊᠊᠊᠊᠊᠊᠊᠊᠊ ᠭᠡᠷ ᠡᠴᠡ ᠪᠠᠨ ᠬᠠᠯᠠᠰᠢᠷᠠᠭᠠᠤᠨ ᠪᠠᠢ᠌ᠳᠠᠭ ᠠᠪᠣ ᠴᠡᠩᠭᠡᠮ᠎ᠡ ᠬᠤᠶᠠᠷ ᠨᠢᠭᠡ ᠡᠪᠡᠳᠴᠢᠨ ᠲᠡᠶ ᠣᠯᠤᠰ ᠭᠡᠵᠤ ᠠᠶᠠᠨ ᠣᠴᠠᠭᠠᠷᠳᠠᠪᠠ᠃

᠊᠊᠊᠊᠊᠊᠊᠊᠊᠊᠊᠊᠊᠊᠊ ᠳᠠᠷᠤᠢ ᠭᠢ ᠴᠢᠨᠢ ᠦᠨᠦᠳᠤᠷ ᠨᠢᠭᠡ ᠭᠡᠷ ᠡᠴᠡ ᠭᠠᠷᠴᠤ ᠪᠠᠢ᠌ᠨ᠎ᠠ᠂ ᠵᠥᠭᠡᠷ ᠲᠤ ᠶᠠᠪᠣ ᠭᠡᠵᠤ ᠭᠦᠭᠡᠭᠡᠭᠡᠳ ᠭᠡᠷ ᠡᠴᠡ ᠴᠠᠰᠢ ᠭᠢᠰᠭᠢᠳᠡᠭ᠌ ᠦᠭᠡᠶ ᠭᠦᠮᠤᠨ᠃ ᠴᠢ ᠪᠢᠳᠡᠭᠡᠢ ᠪᠠᠶ᠎ᠠ ᠳᠤ ᠨᠢ ᠭᠡᠯᠡᠳᠡᠭᠡ᠂ ᠭᠢᠳᠠᠯ ᠦᠭᠡᠶ ᠨᠠᠮ᠎ᠠ ᠶᠢ ᠰᠠᠭᠢᠵᠤ ᠰᠠᠭᠤᠬᠤ ᠪᠠᠷ ᠭᠠᠳᠠᠭᠤᠷ ᠳᠤᠳᠤᠭᠤᠷ ᠳᠤᠭᠤᠷᠢᠭᠰᠠᠨ ᠨᠢ ᠪᠣᠯᠵᠤ ᠪᠣᠢ ᠭᠡᠴᠢᠭᠡᠯ᠎ᠡ᠃

ᠦᠪᠡᠷ ᠶᠢᠡᠨ ᠡᠳᠦᠷ ᠥᠩᠭᠡᠷᠡᠭᠡᠵᠤ ᠪᠣᠯᠬᠤ ᠦᠭᠡᠶ ᠵᠤᠪᠠᠵᠤ ᠪᠠᠢ᠌ᠳᠠᠭ ᠶᠢᠡᠨ ᠮᠡᠳᠡᠭᠦ ᠦᠭᠡᠶ᠂ ᠬᠠᠷᠢᠨ ᠭᠡᠦᠭᠡᠨ ᠶᠢᠡᠨ ᠠᠷᠤᠳᠠᠭᠠᠤᠨ ᠭᠡᠵᠤ ᠡᠵᠢ ᠪᠠᠨ ᠦᠷᠤ ᠡᠪᠠᠳᠦᠭ᠍ᠰᠡᠨ ᠠᠶᠠᠨ᠄

᠊᠊᠊᠊᠊᠊᠊᠊᠊᠊᠊᠊᠊᠊᠊ ᠭᠦᠮᠤᠨ ᠢ ᠴᠢᠳᠤᠷᠯᠠᠵᠤ ᠪᠣᠯᠳᠠᠭ ᠪᠣᠯ ᠠᠪᠣ ᠴᠡᠩᠭᠡᠮ᠎ᠡ ᠬᠤᠶᠠᠷ ᠢ ᠥᠨᠡᠭᠡᠷ ᠴᠢᠳᠦᠷᠯᠡᠭᠡᠳ ᠳᠠᠯᠪᠢᠴᠢᠬᠠᠮᠠᠷ ᠪᠠᠢ᠌ᠨ᠎ᠠ ᠭᠡᠵᠤ ᠡᠵᠢ ᠪᠠᠨ ᠵᠦᠷᠢᠴᠠᠯᠠᠨ ᠢᠨᠢᠶᠠᠯ᠎ᠠ᠃

ᠭᠦᠤ ᠶᠢᠨ ᠶᠢᠡᠨ ᠥᠭᠡᠨ ᠳᠤ ᠢᠨᠢᠶᠠᠳᠤ ᠨᠢ ᠭᠦᠷᠦᠭ᠍ᠰᠡᠨ ᠰᠡᠷᠭᠦᠯᠡᠩᠮ᠎ᠡ᠄

᠊᠊᠊᠊᠊᠊᠊᠊᠊᠊᠊᠊᠊᠊᠊ ᠥ ᠶᠠ᠂ ᠮᠢᠨᠤ ᠭᠦᠤ ᠨᠢᠭᠡ ᠰᠠᠢ᠌ᠨ ᠴᠢᠳᠤᠷ ᠪᠡᠯᠡᠳᠭᠡᠵᠤ ᠪᠠᠢ᠌ᠭᠠᠤᠨ ᠠᠪᠣ ᠴᠢᠨᠢ ᠢᠷᠡᠭᠦᠯᠡᠷ ᠴᠢᠳᠦᠷᠯᠡᠭᠡᠳ ᠳᠠᠯᠪᠢᠴᠢᠬ᠎ᠠ᠂ ᠳᠡᠭᠡᠪᠠᠯ ᠢᠵᠢᠯᠢ ᠪᠠᠨ ᠬᠠᠢ᠌ᠭᠰᠠᠨ ᠮᠤᠷᠢᠨ ᠰᠢᠭ᠌ ᠪᠠᠯᠴᠢᠭᠡᠷ ᠠᠯᠤᠰᠯᠠᠭᠠᠤᠨ ᠭᠦᠶ‍ᠦᠭᠡᠳ ᠪᠠᠢ᠌ᠬᠤ ᠦᠭᠡᠶ ᠪᠣᠯᠪᠠ ᠦᠦ ᠭᠡᠳ ᠪᠠᠰᠠ ᠯᠠ ᠢᠨᠢᠶᠠᠪᠠ᠃

ᠬᠠᠵᠠᠭᠤ ᠳᠤ ᠨᠢ ᠴᠠᠢ ᠪᠠᠨ ᠣᠤᠭᠤᠨ ᠳᠸᠯᠸᠢᠰ ᠰᠤᠨᠢᠷᠬᠠᠵᠤ ᠰᠠᠭᠤᠭᠰᠠᠨ ᠳᠤᠨᠤᠮᠠᠯ ᠲᠠᠭᠠᠨ ᠢᠨᠢᠶᠠᠵᠤ᠄

᠊᠊᠊᠊᠊᠊᠊᠊᠊᠊᠊᠊᠊᠊᠊ ᠪᠣᠯᠪᠠᠯ ᠪᠠᠶ᠎ᠠ ᠳᠡᠭᠡᠨ ᠪᠠᠰᠠ ᠨᠢᠭᠡ ᠶᠢ ᠭᠢᠴᠢᠭᠡ᠂ ᠳᠡᠭᠡᠪᠠᠯ ᠠᠷᠢᠭᠢ ᠣᠤᠭᠤᠭᠠᠤᠨ ᠠᠢ᠌ᠯ ᠳᠠᠮᠵᠢᠳᠠᠭ ᠨᠢ ᠪᠠᠭᠠᠰᠬ᠎ᠠ ᠪᠠᠢ᠌ᠬ᠎ᠠ ᠭᠡᠵᠤ ᠳᠠᠪᠠᠯᠠᠯ᠎ᠠ᠃

ᠠᠶᠠᠨ ᠰᠢᠯᠢ ᠪᠠᠨ ᠬᠠᠠᠳᠠᠷᠤᠨ ᠭᠦᠳ ᠭᠦᠳ ᠢᠨᠢᠶᠠᠵᠤ᠄

᠊᠊᠊᠊᠊᠊᠊᠊᠊᠊᠊᠊᠊᠊᠊ ᠵᠠ ᠣᠳᠤ ᠯᠠ᠂ ᠬᠠᠳᠠᠮ ᠪᠠᠷᠢ ᠬᠤᠶᠠᠷ ᠬᠠᠮᠳᠤᠷᠠᠭᠠᠤᠨ ᠨᠠᠮ᠎ᠠ ᠶᠢ ᠭᠡᠴᠡᠭᠦᠤ ᠭᠢᠭᠦ ᠪᠠᠷ ᠪᠠᠢ᠌ᠨ᠎ᠠ ᠭᠡᠴᠢᠭᠡᠭᠡᠳ ᠪᠣᠰᠪᠠ᠃

ᠬᠡᠦᠬᠡᠳ ᠨᠢ ᠢᠷᠡᠭᠡᠳ ᠭᠡᠷ ᠳᠦᠭᠦᠷᠭᠡᠭ᠍ᠰᠡᠨ ᠳᠡᠭᠡᠷ᠎ᠡ ᠰᠢᠨ᠎ᠡ ᠮᠢᠬᠠᠨ ᠤ ᠱᠠᠩᠳᠠᠭᠤᠨ ᠦᠨᠦᠷ ᠬᠠᠮᠠᠷ ᠳᠤᠰᠤᠯᠠᠭᠠᠤᠨ ᠰᠡᠷᠭᠦᠯᠡᠩᠮ᠎ᠡ ᠳᠤ ᠨᠢᠭᠡ ᠯᠠ ᠠᠶᠠᠳᠠᠢ᠌ᠬᠠᠨ ᠰᠠᠨᠠᠭᠳᠠᠨ᠎ᠠ᠃ ᠡᠮᠡᠭ᠍ᠳᠡᠢ ᠭᠦᠮᠤᠨ ᠦᠭᠡᠶ ᠭᠡᠷ ᠬᠠᠢ᠌ᠷ᠎ᠠ ᠶᠢᠨ ᠢᠯᠴᠢ ᠪᠠᠷ ᠬᠤᠮᠰᠠᠳᠠᠵᠤ ᠵᠢᠭᠡᠭᠦᠨ ᠪᠠᠢ᠌ᠳᠠᠭ ᠪᠣᠯ ᠡᠷᠡᠭ᠍ᠳᠡᠢ ᠭᠦᠮᠤᠨ ᠦᠭᠡᠶ ᠠᠢ᠌ᠯ ᠬᠠᠩᠭ᠋ᠠᠢ ᠬᠤᠭᠤᠰᠤᠨ ᠰᠠᠨᠠᠭᠳᠠᠵᠤ ᠰᠦᠷ ᠰᠦᠯᠳᠡ ᠪᠠᠨ ᠠᠯᠳᠠᠳᠠᠭ ᠠᠵᠢ ︕ ᠠᠮᠢᠳᠤᠷᠠᠯ ᠳᠤ ᠪᠣᠳᠠᠰ ᠤᠨ ᠵᠣᠢ᠌ᠯ ᠡᠴᠡ ᠭᠠᠳᠠᠨ᠎ᠠ ᠨᠠᠩ ᠴᠢᠬᠤᠯᠠ ᠨᠢ ᠬᠠᠢ᠌ᠷ᠎ᠠ ᠰᠡᠳᠭᠢᠯ᠂ ᠬᠠᠨᠢ ᠶᠢᠨ ᠬᠤᠯᠪᠣᠭ᠎ᠠ ᠪᠠᠢ᠌ᠳᠠᠭ ᠭᠡᠭ᠍ᠴᠢ ᠶᠢ ᠰᠡᠷᠭᠦᠯᠡᠩᠮ᠎ᠡ ᠭᠠᠭᠴᠠᠭᠠᠷᠳᠠᠬᠤ ᠳᠤᠰᠤᠮ ᠶᠢᠡᠨ ᠣᠯᠠᠮ ᠣᠢ᠌ᠯᠠᠭᠠᠬᠤ ᠪᠣᠯᠪᠠ᠃ ᠡᠳᠦᠷ ᠴᠤ ᠪᠣᠯ ᠶᠠᠭᠠᠭᠢᠬᠤ ᠪᠣᠢ ᠭᠦᠳᠡᠯᠦᠭᠡᠳ ᠪᠠᠢ᠌ᠪᠠᠯ ᠬᠤᠷᠳᠤᠬᠠᠨ ᠥᠩᠭᠡᠷᠡᠴᠢᠭᠡᠨ᠎ᠡ᠂ ᠬᠠᠷᠢᠨ ᠨᠣᠢ᠌ᠷ ᠦᠭᠡᠶ ᠪᠦᠯᠳᠡᠢ᠌ᠵᠤ ᠭᠡᠪᠳᠡᠭᠡᠳ ᠰᠦᠨᠢ ᠶᠢᠨ ᠣᠷᠳᠤ ᠶᠢ ᠪᠠᠷᠠᠬᠤ ᠭᠡᠳᠡᠭ᠌ ᠯᠠ ᠭᠡᠴᠡᠭᠦᠤ ᠳ᠋ᠠ᠃ ᠭᠡᠦᠭᠡᠨ ᠴᠡᠩᠭᠡᠮ᠎ᠡ ᠨᠢ ᠡᠵᠢ ᠳᠡᠭᠡᠨ ᠬᠠᠨᠢ ᠪᠣᠯᠤᠭᠠᠤᠨ ᠭᠠᠢ᠌ᠭᠤᠢ᠂ ᠦᠭᠡᠶ ᠪᠣᠯ ᠬᠠᠷ᠎ᠠ ᠭᠠᠭᠴᠠᠭᠠᠷ ᠬᠠᠩᠭ᠋ᠠᠢ ᠪᠠᠢ᠌ᠰᠢᠩ ᠳᠤ ᠬᠤᠷᠭᠤᠳᠠᠭᠠᠤᠨ ᠥᠨᠡᠭᠡᠷ ᠵᠢᠷᠦᠭᠡᠨ ᠡᠪᠡᠳᠴᠢᠨ ᠪᠣᠯᠤᠮᠠᠷ᠃ ᠡᠨᠡ ᠵᠤᠪᠠᠯᠠᠩ ᠶᠢᠡᠨ ᠰᠡᠷᠭᠦᠯᠡᠩᠮ᠎ᠡ ᠪᠠᠶ᠎ᠠ ᠳᠡᠭᠡᠨ ᠭᠡᠯᠡᠨ᠎ᠡ᠂ ᠰᠡᠳᠭᠢᠯ ᠳᠡᠭᠡᠨ ᠡᠳ᠋ᠯᠡᠨ᠎ᠡ᠃ ᠥᠭᠡᠷ᠎ᠡ ᠭᠡᠨ ᠳᠤ ᠴᠤ ᠰᠤᠨᠤᠰᠬᠠᠬᠤ ᠳᠤᠷ᠎ᠠ ᠦᠭᠡᠶ᠂ ᠨᠠᠭᠠᠳᠤ ᠵᠠᠬ᠎ᠠ ᠨᠢ ᠬᠡᠦᠬᠡᠳ ᠲᠡᠭᠡᠨ ᠴᠤ ᠠᠮᠠᠯᠠᠵᠤ ᠥᠩᠭᠡᠷᠡᠭᠡ ᠦᠭᠡᠶ᠃ ᠦᠪᠡᠷ ᠤᠨ ᠵᠤᠪᠠᠯᠠᠩ ᠶᠢᠡᠨ ᠦᠪᠡᠷ ᠶᠢᠡᠨ ᠡᠳ᠋ᠯᠡᠪᠠᠯ ᠪᠠᠷᠠᠪᠠ᠂ ᠦᠷᠦᠭᠡᠯ ᠳᠤ ᠰᠤᠨᠤᠰᠬᠠᠪᠠᠯ ᠶᠠᠮᠠᠷ ᠭᠦᠩᠭᠡᠷᠡᠭᠦ ᠴᠤ ᠪᠢᠰᠢ ᠭᠡᠮᠡᠨ ᠪᠠᠶ᠎ᠠ ᠪᠠᠨ ᠠᠷᠭᠠᠳᠠᠨ᠎ᠠ᠃ ᠳᠠᠭᠢᠭᠠᠤᠨ ᠭᠡᠯᠡᠪᠠᠯ ᠵᠠᠷᠢᠮ ᠨᠢ ᠰᠤᠨᠤᠰᠪᠠᠯ ᠡᠯᠳᠡᠪ ᠤᠨ ᠳᠤᠯᠤᠭᠠᠨ ᠴᠤᠤᠷᠬᠠᠯ ᠬᠤᠪ ᠳᠠᠷᠬᠠᠭᠠᠭᠠᠤᠨ ᠵᠤᠪᠠᠯᠠᠩ ᠬᠤᠪᠢᠶᠠᠯᠴᠢᠬᠤ ᠡᠴᠡ ᠨᠢ ᠵᠤᠪᠠᠯᠠᠩ ᠨᠠᠮᠠᠨ᠎ᠡ᠃ ᠳᠡᠭᠦᠨ ᠵᠡᠷᠭᠡ ᠳᠤ ᠳᠤᠭᠤᠢ ᠰᠠᠭᠤᠭᠰᠠᠨ ᠨᠢ ᠳᠡᠭᠡᠷ᠎ᠡ ᠡ ︕ ᠶᠠᠮᠠᠷ ᠳᠡᠭ᠍ᠷᠢ ᠳᠤ ᠳᠣᠢ᠌ᠮᠠᠷ ᠭᠠᠷᠴᠢᠬᠠᠭᠰᠠᠨ ᠪᠠᠢ᠌ᠬᠤ ᠪᠢᠰᠢ᠂ ᠶᠠᠭᠤᠨ ᠳᠠᠭᠠᠨ ᠭᠠᠢ᠌ᠬᠠᠭᠠᠤᠨ ᠪᠠᠢ᠌ᠬᠤ ᠪᠢᠯᠠ ︖ ᠡᠪᠡᠳᠴᠢᠨ ᠬᠠᠭᠤᠴᠢᠨ ᠨᠢ ᠭᠡᠮ ᠦᠭᠡᠶ ᠡᠷᠡᠭᠦᠯ ᠰᠠᠷᠠᠭᠤᠯ ᠶᠠᠪᠣᠵᠤ ᠪᠠᠢ᠌ᠪᠠᠯ ᠳᠠᠷᠠ ᠨᠢ ᠵᠢᠷᠭᠠᠯ ᠭᠡᠵᠤ ᠪᠣᠳᠤᠯ᠎ᠠ᠃

ᠳᠤᠨᠤᠮᠠᠯ ᠳᠤᠭᠤᠭ᠎ᠠ ᠲᠡᠶ ᠮᠢᠬ᠎ᠠ ᠪᠠᠨ ᠭᠠᠷᠭᠠᠭᠠᠤᠨ ᠢᠷᠠᠪᠠ᠃ ᠠᠶᠠᠨ ᠦᠪᠡᠷ ᠶᠢᠡᠨ ᠢᠳᠡᠭᠦ ᠶᠢᠨ ᠬᠠᠵᠠᠭᠤ ᠪᠠᠷ ᠪᠠᠢ᠌ᠰᠭᠢᠭᠡᠳ ᠡᠵᠢ ᠳᠡᠭᠡᠨ ᠠᠯᠢ ᠵᠥᠭᠡᠯᠡᠨ ᠠᠮᠳᠠᠳᠠᠢ ᠡᠴᠡ ᠨᠢ ᠣᠭᠳᠤᠯᠤᠭᠠᠤᠨ ᠦᠭ‍ᠭᠦᠨ᠎ᠡ᠃

᠊᠊᠊᠊᠊᠊᠊᠊᠊᠊᠊᠊᠊᠊᠊ ᠳᠠᠨᠤᠰ ᠦᠪᠠᠰᠤᠪᠠᠨ ᠰᠠᠢ᠌ᠨ ᠢᠳᠡᠵᠡᠭᠡ᠂ ᠨᠠᠮ᠎ᠠ ᠶᠢ ᠬᠠᠮᠢᠶᠠᠷᠤᠯᠭᠠᠨ ᠦᠭᠡᠶ᠃ ᠠᠯᠢ᠂ ᠮᠢᠨᠤ ᠣᠮᠪᠣᠯ ᠡᠮᠡᠭᠡ ᠳᠡᠭᠡᠨ ᠢᠷ᠎ᠠ ᠭᠡᠳ ᠰᠡᠷᠭᠦᠯᠡᠩᠮ᠎ᠡ ᠣᠮᠪᠣᠯ ᠣᠷᠤᠭᠤ ᠪᠠᠨ ᠵᠢᠳᠭᠦᠯ᠎ᠡ᠃

᠊᠊᠊᠊᠊᠊᠊᠊᠊᠊᠊᠊᠊᠊᠊ ᠡᠨᠡ ᠵᠢᠭᠠᠬᠠᠨ ᠮᠢᠬ᠎ᠠ ᠶᠢ ᠳᠠᠨ ᠳᠤ ᠳᠤᠰᠬᠠᠢ ᠠᠪᠣᠭᠰᠠᠨ᠂ ᠭᠦᠭ᠍ᠰᠢᠨ ᠭᠦᠮᠤᠨ ᠮᠢᠬ᠎ᠠ ᠱᠦᠯᠦ ᠦᠭᠡᠶ ᠪᠠᠷ ᠶᠠᠭᠠᠭᠢᠵᠤ ᠪᠣᠯᠬᠤ ᠶᠤᠮ᠃ ᠡᠵᠢ ᠪᠢᠳᠡᠭᠡᠢ ᠬᠠᠷ᠎ᠠ ᠭᠠᠩᠳᠠᠨ ᠰᠢᠭ ᠳᠠᠯᠢᠩ ᠡᠴᠡ ᠪᠠᠨ ᠵᠡᠡᠵᠡᠢ᠌ᠯᠡᠭᠡᠳ ᠪᠠᠢ ᠭᠡᠵᠤ ᠠᠶᠠᠨ ᠡᠵᠢ ᠪᠠᠨ ᠱᠤᠭᠯᠠᠪᠠ᠃

᠊᠊᠊᠊᠊᠊᠊᠊᠊᠊᠊᠊᠊᠊᠊ ᠬᠠᠷ᠎ᠠ ᠭᠠᠩᠳᠠᠨ ᠭᠡᠵᠤ ᠭᠡᠨ ᠪᠠᠢ᠌ᠬᠤ ᠪᠣᠢ ᠭᠡᠳ ᠳᠤᠨᠤᠮᠠᠯ ᠭᠠᠢ᠌ᠬᠠᠨ᠎ᠠ᠃

᠊᠊᠊᠊᠊᠊᠊᠊᠊᠊᠊᠊᠊᠊᠊ ᠠᠪᠣ ᠶᠢᠨ ᠵᠠᠯᠠᠭᠤ ᠳᠤ ᠨᠤᠳᠤᠭ ᠲᠤ ᠨᠢ ᠨᠢᠭᠡ ᠵᠢᠭ᠍ᠳᠡᠢ ᠵᠦᠷᠢᠭᠦᠤᠨ ᠵᠠᠩ ᠲᠡᠶ ᠬᠠᠷ᠎ᠠ ᠡᠪᠦᠭᠡᠨ ᠪᠠᠢ᠌ᠭᠰᠠᠨ ᠭᠡᠳᠡᠭ᠌᠃ ᠭᠡᠭᠡᠷ᠎ᠡ ᠭᠠᠷᠤᠭᠠᠤᠨ ᠣᠯᠠᠨ ᠶᠢᠡᠷ ᠶᠢᠡᠨ ᠬᠤᠭᠤᠯᠠᠯᠠᠵᠤ ᠪᠠᠢ᠌ᠬᠤ ᠳᠤ ᠠᠪᠴᠤ ᠶᠠᠪᠣᠭ᠎ᠠ ᠳᠠᠯᠢᠩ ᠳᠠᠭᠠᠨ ᠭᠠᠷ ᠭᠦᠷᠴᠤ ᠶᠠᠳᠠᠭᠠᠤᠨ ᠬᠠᠮᠳᠤ ᠶᠠᠪᠣᠭᠰᠠᠤᠨ ᠶᠢᠡᠨ ᠢᠨᠢᠶᠡᠯᠭᠡᠳᠡᠭ᠌ ᠪᠠᠢ᠌ᠭᠰᠠᠨ ᠭᠡᠳ ᠠᠪᠣ ᠦᠷᠭᠦᠯᠵᠢ ᠭᠡᠯᠡᠳᠡᠭ᠌ ᠭᠡᠵᠤ ᠠᠶᠠᠨ ᠶᠡᠭᠡᠯ᠎ᠡ ᠮᠡᠳᠡᠮᠡᠭᠡᠢ ᠭᠡᠯᠡᠪᠡ᠃

᠊᠊᠊᠊᠊᠊᠊᠊᠊᠊᠊᠊᠊᠊᠊ ᠮᠡᠳᠡᠭᠦ ᠦᠭᠡᠶ᠂ ᠠᠷᠠᠢ ᠴᠤ ᠳᠠᠢ᠌ᠮᠤ ᠭᠦᠮᠤᠨ ᠪᠠᠢ᠌ᠭᠰᠠᠨ ᠭᠡᠵᠤ ᠦᠦ ᠭᠡᠳ ᠳᠤᠨᠤᠮᠠᠯ ᠭᠦᠭ᠍ᠵᠢᠯᠳᠡᠢ ᠢᠨᠢᠶᠠᠨ᠎ᠡ᠃

᠊᠊᠊᠊᠊᠊᠊᠊᠊᠊᠊᠊᠊᠊᠊ ᠪᠠᠢ᠌ᠭᠰᠠᠨ ᠯᠠ ᠭᠡᠳᠡᠭ᠌᠂ ᠳᠤᠯᠤᠭᠠᠨ ᠬᠤᠰᠢᠭᠤᠨ ᠴᠤᠭᠯᠠᠭᠰᠠᠨ ᠭᠠᠵᠠᠷ ᠶᠠᠭᠤᠨ ᠡᠰᠡ ᠪᠠᠢ᠌ᠬᠤ ᠪᠣᠢ ᠭᠡᠵᠤ ᠰᠡᠷᠭᠦᠯᠡᠩᠮ᠎ᠡ ᠮᠤᠰᠢᠯᠵᠠᠯ᠎ᠠ᠃

ᠦᠷ᠎ᠡ ᠲᠡᠶ ᠭᠦᠮᠤᠨ ᠵᠢᠷᠭᠠᠨ᠎ᠠ᠂ ᠦᠨᠳᠦᠰᠦ ᠲᠡᠶ ᠮᠤᠳᠤ ᠨᠠᠢ᠌ᠭᠤᠨ᠎ᠠ ᠭᠡᠭ᠍ᠴᠢ ᠪᠠᠷ ᠦᠪᠡᠷ ᠤᠨ ᠬᠡᠦᠬᠡᠳ ᠶᠢᠡᠷ ᠶᠢᠡᠨ ᠭᠦᠡᠳᠦᠯᠡᠭᠦᠯᠤᠨ ᠪᠠᠢ᠌ᠬᠤ ᠳᠠᠭᠠᠨ ᠰᠡᠷᠭᠦᠯᠡᠩᠮ᠎ᠡ ᠦᠷ᠎ᠡ ᠲᠡᠶ ᠭᠦᠮᠤᠨ ᠶᠠᠮᠠᠷ ᠰᠠᠢ᠌ᠬᠠᠨ ᠪᠢᠯᠠ᠂ ᠠᠴᠢᠯᠠᠯ ᠪᠣᠶᠠᠨ ᠳᠤ ᠨᠢ ᠵᠢᠷᠭᠠᠭᠠᠤᠨ ᠬᠠᠨᠤᠰᠢ ᠦᠭᠡᠶ᠃ ᠭᠡᠳᠡᠯ᠎ᠡ ᠮᠠᠭᠤ ᠡᠪᠦᠭᠡᠨ ᠳᠤ ᠮᠢᠨᠢ ᠦᠷ᠎ᠡ ᠶᠢᠨ ᠶᠢᠡᠨ ᠭᠠᠷ ᠡᠴᠡ ᠠᠭᠤᠷ ᠲᠡᠶ ᠪᠠᠯᠠᠨ ᠬᠤᠭᠤᠯᠠ ᠳᠤᠰᠬᠤ ᠴᠤ ᠬᠤᠩᠰᠢᠶᠠᠷ ᠪᠠᠢ᠌ᠬᠤ ᠦᠭᠡᠶ ᠬᠤᠳᠠ ᠶᠢᠨ ᠮᠤᠬᠤᠷ ᠲᠤ ᠭᠠᠭᠴᠠᠭᠠᠷ ᠬᠤᠷᠢᠭᠳᠠᠭᠠᠤᠨ ᠭᠡᠮᠡᠨ ᠵᠤᠪᠠᠨᠢᠰᠭᠢᠵᠤ ᠪᠠᠢ᠌ᠭᠰᠠᠨ ᠪᠣᠯ ᠠᠶᠠᠨ ᠤ ᠡᠵᠢ ᠪᠠᠨ ᠱᠤᠭᠯᠠᠵᠤ ᠭᠡᠯᠡᠭ᠍ᠰᠡᠨ ᠰᠠᠶ‍ᠢ ᠶᠢᠨ ᠥᠭᠡᠨ ᠳᠤ ᠦᠪᠡᠷ ᠤᠨ ᠡᠷᠭᠡ ᠦᠭᠡᠶ ᠢᠨᠢᠶᠠᠳᠤ ᠠᠯᠳᠠᠨ ᠪᠠᠶᠠᠰᠴᠤ᠂ ᠰᠡᠳᠭᠢᠯ ᠤᠨ ᠭᠤᠨᠢᠭ ᠨᠢ ᠬᠤᠷᠤᠮᠬᠠᠨ ᠵᠠᠭᠤᠷ᠎ᠠ ᠠᠷᠴᠢᠭᠳᠠᠵᠠᠢ᠃

ᠠᠶᠠᠨ ᠶᠠᠪᠣᠬᠤ ᠳᠠᠭᠠᠨ ᠡᠵᠢ ᠳᠡᠭᠡᠨ ᠭᠠᠷ ᠵᠠᠭᠤᠷ᠎ᠠ ᠵᠠᠷᠤᠵᠤ ᠪᠠᠢ ᠭᠡᠳ ᠵᠤᠭᠤᠰ ᠭᠠᠷᠭᠠᠨ ᠥᠭ᠍ᠪᠡ᠃ ᠰᠡᠷᠭᠦᠯᠡᠩᠮ᠎ᠡ ᠨᠠᠳᠠ ᠵᠤᠭᠤᠰ ᠭᠡᠷᠡᠭ᠌ ᠦᠭᠡᠶ᠂ ᠳᠠᠨᠤᠰ ᠦᠪᠠᠰᠤᠪᠠᠨ ᠭᠡᠷᠡᠭᠯᠡᠵᠡᠭᠡ ᠭᠡᠵᠤ ᠭᠡᠴᠢᠨᠡᠨ ᠲᠦᠯᠭᠢᠭ᠍ᠰᠡᠨ ᠪᠣᠯᠪᠠᠴᠤ ᠪᠣᠯᠤᠯ ᠦᠭᠡᠶ ᠰᠢᠷᠡᠭᠡᠨ ᠳᠡᠭᠡᠷ᠎ᠡ ᠨᠢ ᠳᠠᠯᠪᠢᠴᠢᠬᠠᠭᠠᠤᠨ ᠭᠠᠷᠴᠠᠢ᠃ 《ᠡᠰᠡ ᠭᠡᠵᠤ ᠭᠦᠤ ᠪᠠᠨ ᠮᠢᠨᠤ ᠬᠠᠵᠠᠭᠤ ᠳᠤ ᠣᠷᠭᠢᠴᠢᠬᠠᠭᠠᠤᠨ ᠶᠠᠪᠣ᠂ ᠪᠢ ᠬᠠᠷᠠᠵᠤ ᠪᠠᠢ᠌ᠶ᠎ᠠ》 ᠭᠡᠰᠡᠨ ᠴᠤ ᠳᠤᠨᠤᠮᠠᠯ 《ᠡᠨᠡ ᠶᠠᠯᠳᠠᠩ ᠭᠦᠭᠡ ᠵᠥᠭᠡᠷ ᠡᠵᠢ ᠶᠢ ᠵᠤᠪᠠᠭᠠᠭᠠᠤᠨ ᠪᠠᠢ᠌ᠬ᠎ᠠ᠂ ᠮᠠᠨᠤᠰ ᠠᠪᠣᠭᠠᠤᠨ ᠶᠠᠪᠣᠶ᠎ᠠ᠃ ᠳᠠ ᠬᠠᠷᠢᠨ ᠪᠠᠶ᠎ᠠ ᠪᠠᠨ ᠭᠢᠴᠢᠶᠠ》 ᠭᠡᠳ ᠬᠠᠯᠭᠠᠭᠰᠠᠨ ᠦᠭᠡᠶ᠃ ᠪᠣᠳᠤᠪᠠᠯ ᠬᠡᠦᠬᠡᠳ ᠤᠳ ᠮᠢᠨᠢ᠂ ᠨᠠᠮ᠎ᠠ ᠶᠢ ᠯᠠ ᠮᠢᠬ᠎ᠠ ᠱᠦᠯᠦ ᠦᠭᠡᠶ ᠪᠠᠷ ᠭᠡᠢ ᠬᠠᠷ᠎ᠠ ᠪᠣᠯᠴᠢᠬᠠᠬᠤ ᠪᠣᠢ᠂ ᠪᠠᠯᠴᠠᠷ ᠨᠢᠯᠬ᠎ᠠ ᠲᠡᠶ ᠵᠢᠭᠤᠷᠠᠭᠠᠤᠨ ᠪᠠᠶ᠎ᠠ ᠪᠠᠨ ᠵᠤᠪᠠᠭᠠᠴᠢᠬᠠᠬᠤ ᠪᠣᠢ ᠭᠡᠮᠡᠨ ᠭᠡᠷᠰᠡᠤᠯᠡᠵᠤ ᠪᠠᠢ᠌ᠭ᠎ᠠ ᠨᠢ ᠢᠯᠡᠭᠡᠨ᠃ ᠳᠠᠷᠠ ᠴᠤ ᠶᠠᠭᠠᠭᠢᠬᠤ ᠪᠣᠢ᠂ ᠭᠡᠳᠤᠨ ᠬᠡᠦᠬᠡᠳ ᠮᠠᠨᠢ ᠯᠠ ᠡᠪᠡᠳᠴᠢᠨ ᠳᠠᠬᠤᠯ᠂ ᠭᠠᠢ ᠪᠠᠷᠴᠢᠳ ᠦᠭᠡᠶ ᠶᠠᠪᠣᠵᠤ ᠪᠠᠢ᠌ᠪᠠᠯ ᠪᠣᠯᠬᠤ ᠨᠢ ᠳᠠᠷᠠ ᠡ᠃ ᠭᠦᠭ᠍ᠰᠢᠨ ᠬᠤᠨᠢᠨ ᠤ ᠨᠠᠰᠤ ᠦᠭᠡᠶ ᠪᠣᠯᠤᠭᠰᠠᠨ ᠪᠢᠳᠠ ᠬᠤᠶᠠᠷ ᠶᠠᠭᠠᠭᠢᠯ᠎ᠠ ᠭᠡᠵᠤ ᠬᠡᠦᠬᠡᠳ ᠤᠨ ᠶᠢᠡᠨ ᠰᠠᠨᠠᠭ᠎ᠠ ᠶᠢ ᠢᠳᠠᠵᠤ᠂ ᠡᠯᠢᠭᠡ ᠶᠢ ᠬᠠᠳᠠᠭᠠᠬᠤ ᠪᠢᠯᠠ ᠭᠡᠵᠤ ᠪᠠᠶ᠎ᠠ ᠪᠠᠨ ᠪᠣᠷᠤᠭᠤᠳᠬᠠᠵᠠᠢ᠃

ᠣᠷᠤᠢ ᠣᠠᠳᠠᠬᠤ ᠶᠢᠨ ᠡᠮᠦᠨᠡᠭᠡᠨ ᠴᠡᠩᠭᠡᠮ᠎ᠡ ᠵᠢᠭᠠᠬᠠᠨ ᠬᠠᠯᠠᠮᠰᠢᠭᠤ ᠬᠠᠷᠢᠵᠤ ᠢᠷᠠᠯ᠎ᠠ᠃ ᠶᠠᠷᠤ ᠶᠢᠨ ᠴᠠᠭ ᠲᠤ ᠳᠠᠮᠠᠢ ᠳᠠᠭᠤ ᠭᠠᠷᠳᠠᠭ ᠦᠭᠡᠶ ᠭᠦᠮᠤᠨ ᠡᠨᠡ ᠣᠷᠤᠢ ᠡᠵᠢ ᠶᠢᠨ ᠶᠢᠡᠨ ᠡ᠊ᠨᠳᠡ ᠳᠠᠠᠳᠠ ᠭᠠᠷᠤᠨ ᠣᠯᠠᠨ ᠶᠠᠭᠤᠮ᠎ᠠ ᠱᠤᠯᠤᠭᠠᠨᠠᠨ᠎ᠠ᠃ ᠭᠡᠦᠭᠡᠨ ᠤ ᠪᠠᠨ ᠪᠠᠶᠠᠷᠳᠠᠢ ᠪᠠᠢ᠌ᠬᠤ ᠶᠢ ᠥᠵᠡᠭᠡᠳ ᠡᠵᠢ ᠨᠢ ᠴᠤ ᠲᠠᠭᠠᠨ ᠪᠠᠶᠠᠰᠴᠤ᠂ ᠭᠡᠷᠡᠭ᠌ ᠲᠠᠢ ᠭᠡᠷᠡᠭ᠌ ᠦᠭᠡᠶ ᠣᠯᠠᠨ ᠶᠠᠭᠤᠮ᠎ᠠ ᠱᠠᠯᠠᠪᠠ᠃

᠊᠊᠊᠊᠊᠊᠊᠊᠊᠊᠊᠊᠊᠊᠊ ᠦᠨᠦᠳᠤᠷ ᠶᠠᠮᠠᠷ ᠪᠠᠶᠠᠷ ᠪᠣᠯᠴᠢᠬᠠᠭᠠᠤᠨ ᠮᠢᠨᠤ ᠭᠡᠦᠭᠡᠨ ᠭᠦᠭ᠍ᠰᠡᠭᠡᠳ ᠪᠠᠢ᠌ᠨ᠎ᠠ ︖ ᠠᠷᠠᠢ ᠭᠦᠷᠭᠡᠨ ᠣᠯᠳᠠᠴᠢᠬᠠᠭᠠᠤᠨ ᠡᠵᠢ ᠪᠠᠨ ᠪᠠᠶᠠᠰᠬᠠᠬᠤ ᠭᠡᠳ ᠦᠭᠡᠶ ᠪᠠ ︖ ᠭᠡᠵᠤ ᠭᠡᠦᠭᠡᠨ ᠶᠢᠡᠨ ᠵᠦᠷᠢᠴᠠᠯᠠᠯ᠎ᠠ᠃

ᠴᠡᠩᠭᠡᠮ᠎ᠡ ᠡᠵᠢ ᠶᠢᠨ ᠶᠢᠡᠨ ᠭᠦᠵᠦᠭᠦᠤ ᠪᠠᠷ ᠳᠠᠪᠠᠷᠢᠨ ᠡᠷᠭᠡᠯᠡᠵᠤ᠄

᠊᠊᠊᠊᠊᠊᠊᠊᠊᠊᠊᠊᠊᠊᠊ ᠡᠵᠢ ᠳᠠᠩᠳᠠ ᠭᠦᠷᠭᠡᠨ ᠭᠦᠷᠭᠡᠨ ᠭᠡᠳ᠂ ᠭᠦᠷᠭᠡᠨ ᠣᠯᠳᠠᠴᠢᠬᠠᠪᠠᠯ ᠭᠡᠦᠭᠡᠨ ᠶᠢᠡᠨ ᠭᠤᠯᠤᠴᠢᠬᠠᠬᠤ ᠦᠦ ︖ ᠭᠡᠳ ᠭᠡᠳᠡᠷᠭᠦ ᠵᠦᠷᠢᠴᠠᠯᠠᠨ᠎ᠡ᠃

ᠬᠤᠶᠠᠭᠤᠯᠠ ᠬᠠᠴᠠᠷ ᠬᠠᠴᠠᠷ ᠶᠢᠡᠨ ᠨᠠᠭᠠᠨ ᠭᠡᠰᠡᠭ᠌ ᠢᠨᠢᠶᠡᠯᠳᠦᠭ᠍ᠰᠡᠨ ᠶᠢᠡᠨ᠄

᠊᠊᠊᠊᠊᠊᠊᠊᠊᠊᠊᠊᠊᠊᠊ ᠥᠨᠡᠭᠡᠷ ᠮᠢᠨᠤ ᠭᠡᠦᠭᠡᠨ ᠤ ᠰᠡᠳᠭᠢᠯ ᠳᠤ ᠳᠠᠭᠠᠷᠠᠬᠤ ᠭᠦᠤ ᠪᠠᠢ᠌ᠨ᠎ᠠ ᠦᠦ ︖ ᠡᠵᠢ ᠳᠡᠭᠡᠨ ᠭᠡᠯᠡᠳᠡᠭᠡ ᠭᠡᠵᠤ ᠭᠡᠦᠭᠡᠨ ᠶᠢᠡᠨ ᠰᠠᠮ ᠠᠵᠢᠭᠯᠠᠪᠠ᠃

ᠴᠡᠩᠭᠡᠮ᠎ᠡ ᠪᠦᠵᠢᠭᠯᠡᠭᠦ ᠶᠠᠩᠵᠤ ᠭᠠᠷᠤᠨ ᠡᠵᠢ ᠶᠢᠨ ᠶᠢᠡᠨ ᠡᠮᠦᠨᠡᠭᠦᠷ ᠨᠢᠭᠡ ᠡᠷᠭᠢᠭ᠍ᠰᠡᠨ ᠶᠢᠡᠨ᠄

᠊᠊᠊᠊᠊᠊᠊᠊᠊᠊᠊᠊᠊᠊᠊ ᠪᠠᠢ᠌ᠬᠤ ᠨᠢ ᠴᠤ ᠪᠠᠢ᠌ᠨ᠎ᠠ ᠡ᠂ ᠭᠡᠳᠡᠯ᠎ᠡ ᠬᠤᠶᠠᠭᠤᠯᠠ ᠬᠤᠶᠠᠭᠤᠯᠠ ᠠᠵᠢᠯ ᠦᠭᠡᠶ ᠪᠠᠷ ᠶᠠᠭᠠᠭᠢᠵᠤ ᠭᠡᠳᠡᠰᠤ ᠪᠠᠨ ᠳᠡᠵᠢᠭᠡᠭᠦ ᠶᠤᠮ ︖ ᠭᠡᠳ ᠰᠠᠨᠠᠭ᠎ᠠ ᠠᠯᠳᠠᠯ᠎ᠠ᠃

ᠣᠴᠢᠷ ᠦᠭᠡᠶ ᠮᠠᠭᠤ ᠭᠡᠦᠭᠡᠨ ᠤ ᠪᠠᠨ ᠰᠡᠳᠭᠢᠯ ᠤᠨ ᠰᠢᠷᠬ᠎ᠠ ᠶᠢ ᠭᠦᠡᠳᠡᠴᠢᠭᠡᠪᠡ ᠦᠦ ︖ ᠭᠡᠮᠡᠨ ᠪᠠᠶ᠎ᠠ ᠪᠠᠨ ᠵᠢᠮᠠᠯᠠᠵᠤ ᠠᠪᠣᠭᠰᠠᠨ ᠰᠡᠷᠭᠦᠯᠡᠩᠮ᠎ᠡ᠄

᠊᠊᠊᠊᠊᠊᠊᠊᠊᠊᠊᠊᠊᠊᠊ ᠠᠵᠢᠯ ᠣᠯᠳᠠᠭᠰᠠᠨ ᠦᠭᠡᠶ ᠭᠡᠳ ᠠᠢ᠌ᠯ ᠪᠣᠯᠤᠯ ᠦᠭᠡᠶ ᠭᠠᠭᠴᠠᠭᠠᠷ ᠨᠠᠰᠤ ᠶᠢ ᠪᠠᠷᠠᠬᠤ ᠴᠤ ᠪᠢᠰᠢ᠂ ᠠᠷᠭ᠎ᠠ ᠨᠢ ᠣᠯᠳᠠᠳᠠᠭ ᠪᠤᠯᠤᠯᠭᠦᠢ᠃ ᠠᠪᠣ ᠴᠢᠨᠢ ᠢᠷᠠᠪᠠᠯ ᠭᠡᠯᠡᠭᠡᠳ ᠦᠵᠡᠶ᠎ᠠ᠂ ᠨᠢᠭᠡ ᠠᠷᠭ᠎ᠠ ᠪᠠᠨ ᠳᠠᠳᠠᠬᠤ ᠪᠢᠵᠠ ᠭᠡᠳ ᠭᠡᠦᠭᠡᠨ ᠶᠢᠡᠨ ᠬᠠᠷᠠᠯ᠎ᠠ᠃

ᠭᠡᠰᠡᠭ᠌ ᠪᠣᠳᠤᠯ ᠪᠣᠯᠤᠨ ᠵᠤᠭᠰᠤᠭᠰᠠᠨ ᠶᠢᠡᠨ ᠴᠡᠩᠭᠡᠮ᠎ᠡ᠄

᠊᠊᠊᠊᠊᠊᠊᠊᠊᠊᠊᠊᠊᠊᠊ ᠠᠪᠣ ᠶᠠᠭᠠᠭᠢᠭᠠᠤᠨ ᠣᠳᠤ ᠪᠣᠯᠳᠠᠯ᠎ᠠ ᠬᠠᠷᠢᠵᠤ ᠢᠷᠡᠭᠦ ᠦᠭᠡᠶ ᠶᠤᠮ ︖ ᠠᠳᠠᠭᠯᠠᠬᠤ ᠳᠤ ᠣᠳᠠᠰᠤ ᠴᠤ ᠢᠷᠡᠭᠦᠯᠭᠦ ᠦᠭᠡᠶ᠂ ᠴᠠᠰᠢ ᠠᠪᠬᠤ ᠳᠤ ᠳᠤᠰᠬᠤ ᠦᠭᠡᠶ ᠥᠨᠡᠭᠡᠷ ᠵᠢᠭ᠍ᠳᠡᠢ᠃ ᠳᠠ ᠠᠪᠣ ᠶᠢ ᠰᠠᠨᠠᠬᠤ ᠦᠭᠡᠶ ᠪᠠᠢ᠌ᠨ᠎ᠠ ᠦᠦ ︖ ᠪᠢ ᠰᠠᠨᠠᠭᠠᠤᠨ ᠥᠭᠦᠯ᠎ᠡ ᠭᠡᠵᠤ ᠡᠵᠢ ᠳᠡᠭᠡᠨ ᠳᠤᠨᠢᠷᠬᠠᠯ᠎ᠠ᠃

ᠭᠦᠮᠤᠨ ᠤ ᠰᠠᠨᠠᠭᠠᠨ ᠳᠤ ᠴᠤ ᠣᠷᠤᠰᠢ ᠦᠭᠡᠶ ᠴᠢᠭ᠌ ᠵᠢᠰᠤ ᠦᠭᠡᠶ ᠶᠠᠭᠤᠮ᠎ᠠ ᠭᠡᠯᠡᠭᠡᠳ᠂ ᠣᠳᠤ ᠳᠤ ᠨᠢᠯᠬ᠎ᠠ ᠪᠠᠷ ᠶᠢᠡᠨ ᠪᠠᠢ᠌ᠬᠤ ᠨᠢ ᠭᠡᠵᠤ ᠭᠡᠦᠭᠡᠨ ᠶᠢᠡᠨ ᠦᠷᠤ ᠡᠪᠠᠳᠦᠭ᠍ᠰᠡᠨ ᠰᠡᠷᠭᠦᠯᠡᠩᠮ᠎ᠡ᠄

᠊᠊᠊᠊᠊᠊᠊᠊᠊᠊᠊᠊᠊᠊᠊ ᠡᠪᠡᠳᠴᠢᠨ ᠶᠢᠡᠨ ᠬᠤᠭ ᠦᠭᠡᠶ ᠡᠮᠨᠡᠭᠦᠯᠴᠢᠭᠡᠭᠡᠳ ᠣᠳᠠᠬᠤ ᠦᠭᠡᠶ ᠢᠷᠠᠨ᠎ᠡ ᠭᠡᠰᠡᠨ᠂ ᠭᠦᠷᠦᠭᠡᠳ ᠢᠷᠡᠭᠦ ᠯᠠ ᠪᠠᠢ ᠯᠠ ᠦᠭᠡᠶ ᠬᠠᠮᠢᠭ᠎ᠠ ᠪᠠᠨ ᠵᠢᠯᠢ᠌ᠴᠢᠭᠡᠭᠦ ᠪᠣᠢ ︖ ᠣᠳᠤ ᠮᠢᠨᠤ ᠭᠡᠦᠭᠡᠨ ᠡᠷᠳᠡ ᠰᠢᠭ᠌ ᠠᠮᠠᠷᠠᠭᠠᠤᠨ ᠣᠠᠳᠠ᠂ ᠦᠭᠡᠶ ᠭᠡᠵᠤ ᠡᠵᠢ ᠶᠢᠨ ᠶᠢᠡᠨ ᠡᠪᠦᠷ ᠲᠤ ᠣᠠᠳᠠᠬᠤ ᠦᠦ ᠭᠡᠴᠢᠭᠡᠯ᠎ᠡ᠃

ᠡᠵᠢ ᠶᠢᠨ ᠶᠢᠡᠨ ᠥᠭᠡᠨ ᠳᠤ ᠢᠨᠢᠶᠠᠳᠤ ᠨᠢ ᠭᠦᠷᠤᠨ ᠭᠡᠯᠡ ᠪᠠᠨ ᠭᠠᠷᠭᠠᠭᠰᠠᠨ ᠴᠡᠩᠭᠡᠮ᠎ᠡ᠄

᠊᠊᠊᠊᠊᠊᠊᠊᠊᠊᠊᠊᠊᠊᠊ ᠪᠢᠱ᠂ ᠶᠠᠮᠠᠷ ᠪᠠᠯᠴᠠᠷ ᠬᠡᠦᠬᠡᠳ ᠪᠠᠢ᠌ᠬᠤ ᠴᠤ ᠪᠢᠰᠢ᠂ ᠡᠢ᠌ᠮᠤ ᠶᠡᠭᠡ ᠭᠡᠦᠭᠡᠨ ᠪᠣᠯᠴᠢᠬᠠᠭᠠᠤᠨ ᠶᠠᠭᠠᠭᠢᠵᠤ ᠡᠵᠢ ᠶᠢᠨ ᠡᠪᠦᠷ ᠲᠤ ᠣᠠᠳᠠᠬᠤ ᠶᠤᠮ ︖ ᠭᠡᠷᠪᠡ ᠠᠪᠣ ᠦᠭᠡᠶ ᠪᠠᠷ ᠡᠵᠢ ᠭᠠᠭᠴᠠᠭᠠᠷ ᠶᠢᠡᠨ ᠠᠶᠤᠵᠤ ᠪᠠᠢ᠌ᠪᠠᠯ ᠡᠭᠦᠳᠡ ᠪᠠᠨ ᠨᠡᠭᠡᠭᠡᠭᠡᠳ ᠣᠠᠳᠠᠴᠢᠬ᠎ᠠ᠂ ᠳᠡᠭᠡᠪᠠᠯ ᠭᠡᠮ ᠪᠠᠢ᠌ᠬᠤ ᠦᠭᠡᠶ᠃ ᠪᠢ ᠣᠠᠳᠠᠬᠤ ᠪᠠᠷ ᠶᠠᠪᠣᠯ᠎ᠠ ᠭᠡᠮᠡᠨ ᠡᠵᠢ ᠪᠠᠨ ᠵᠦᠷᠢᠴᠡᠯᠡᠭᠡᠳ ᠦᠪᠡᠷ ᠤᠨ ᠦᠷᠦᠭᠡᠨ ᠳᠡᠭᠡᠨ ᠣᠷᠤᠯ᠎ᠠ᠃

ᠬᠠᠳᠠᠳᠠᠯ᠎ᠠ ᠪᠠᠨ ᠴᠢᠷᠮᠠᠢ᠌ᠵᠤ ᠪᠠᠢ᠌ᠮᠠᠨ ᠰᠤᠷᠭᠠᠭᠤᠯᠢ ᠳᠤ ᠶᠠᠪᠣᠭᠠᠤᠨ ᠢᠷᠡᠭᠦ ᠳᠤ ᠠᠵᠢᠯ ᠣᠯᠳᠠᠳᠠᠭ ᠦᠭᠡᠶ ᠨᠢ ᠣᠳᠤᠭᠢ ᠬᠡᠦᠬᠡᠳ ᠤᠨ ᠰᠠᠨᠠᠭᠠᠨ ᠤ ᠡᠪᠡᠳᠴᠢᠨ ᠪᠣᠯᠵᠠᠢ᠃ ᠭᠡᠳᠡᠯ᠎ᠡ ᠣᠯᠤᠰ ᠨᠡᠢ᠌ᠭᠡᠮ ᠳᠤ ᠨᠢ ᠪᠠᠰᠠ ᠣᠯᠤᠰ ᠨᠡᠢ᠌ᠭᠡᠮ ᠤᠨ ᠵᠤᠪᠠᠯᠠᠩ ᠳᠠᠷᠤᠭᠠᠰᠤ ᠪᠠᠢ᠌ᠳᠠᠭ ᠯᠠ ᠪᠤᠯᠤᠯᠭᠦᠢ᠃ ᠦᠳᠦ ᠰᠢᠪᠠᠵᠢᠨ ᠠᠳᠠᠯᠢ ᠠᠪᠠᠭᠠᠷᠠᠯᠳᠤᠭᠰᠠᠨ ᠡᠨᠡ ᠣᠯᠠᠨ ᠭᠦᠮᠤᠨ ᠳᠤ ᠠᠶᠠᠭ᠎ᠠ ᠪᠣᠳᠠᠭ᠎ᠠ ᠢᠳᠡᠭᠦᠯᠤᠨ᠎ᠡ ᠭᠡᠳᠡᠭ᠌ ᠠᠮᠠᠷ ᠦᠦ ︖ ᠠᠵᠢᠯ ᠣᠯᠳᠠᠳᠠᠭ ᠦᠭᠡᠶ ᠪᠣᠯ ᠭᠡᠦᠭᠡᠨ ᠶᠢᠡᠨ ᠠᠢ᠌ᠯ ᠠᠮᠢᠳᠠᠨ ᠪᠣᠯᠭᠠᠬᠤ ᠶᠢ ᠪᠣᠳᠤᠶ᠎ᠠ᠃ ᠬᠠᠨᠢ ᠢᠵᠢᠯᠢ ᠲᠡᠶ ᠪᠣᠯᠴᠢᠬᠠᠪᠠᠯ ᠪᠠᠰᠠ ᠰᠠᠨᠠᠭ᠎ᠠ ᠰᠡᠳᠭᠢᠯ ᠨᠢ ᠳᠠᠢ᠌ᠤᠠᠬᠠᠷᠠᠳᠠᠭ ᠪᠠᠢ᠌ᠵᠤ ᠮᠠᠳᠠᠨ᠎ᠡ᠃ ᠳᠡᠭᠡᠭᠡᠳ ᠴᠠᠭᠠᠷ᠎ᠠ ᠨᠢ ᠪᠠᠰᠠ ᠠᠮᠢ ᠵᠢᠭᠤᠬᠤ ᠠᠷᠭ᠎ᠠ ᠬᠤᠷᠭ᠎ᠠ ᠳᠠᠳᠠᠵᠤ ᠪᠣᠯᠤᠨ᠎ᠡ ᠪᠢᠵᠠ᠃ ᠢᠩᠭᠡᠵᠤ ᠬᠤᠭᠤᠰᠤᠨ ᠭᠦᠯᠢᠶᠡᠳᠡᠭ᠌ ᠠᠷᠭ᠎ᠠ ᠪᠢᠰᠢ᠂ ᠡᠨᠡ ᠡᠪᠦᠭᠡᠨ ᠨᠢᠭᠡ ᠭᠠᠷᠴᠤ ᠢᠷᠡᠳᠡᠭ᠌ ᠪᠣᠯ ᠴᠢᠭᠢᠨ ᠡᠴᠡ ᠨᠢ ᠪᠠᠰᠠ ᠬᠤᠩᠬᠤ ᠳᠡᠭᠦᠵᠢᠯᠡᠭᠡᠳ ᠦᠵᠡᠶ᠎ᠠ᠃ ᠡᠷ᠎ᠡ ᠶᠢᠨ ᠳᠤᠯᠤᠭᠠᠢ ᠵᠡᠭᠦᠴᠢᠭᠡᠭᠡᠳ ᠨᠠᠳᠠ ᠡᠴᠡ ᠳᠤᠤᠷᠠᠳᠠᠬᠤ ᠴᠤ ᠦᠭᠡᠶ ᠪᠤᠯᠤᠯᠭᠦᠢ ᠭᠡᠵᠤ ᠪᠣᠳᠤᠭᠠᠤᠨ ᠰᠡᠷᠭᠦᠯᠡᠩᠮ᠎ᠡ ᠪᠣᠰᠪᠠ ᠁


    ᠳᠦᠷᠪᠠ


ᠡᠳᠦᠷ ᠬᠤᠨᠤᠭ ᠶᠠᠭ ᠬᠤᠷᠤᠭᠤᠨ ᠤ ᠥᠡᠳᠡᠭᠡᠨ ᠳᠡᠭᠡᠭᠦᠷ ᠪᠦᠮᠪᠦᠷᠢᠨ ᠣᠨᠠᠬᠤ ᠡᠷᠢᠭᠡ ᠶᠢᠨ ᠪᠣᠷᠴᠠᠭ ᠠᠳᠠᠯᠢ ᠨᠢᠭᠡ ᠨᠢᠭᠡ ᠪᠠᠷ ᠬᠤᠷᠤᠭᠳᠠᠨ ᠥᠩᠭᠡᠷᠡᠭ᠍ᠰᠡᠭᠡᠷ ᠪᠠᠢ᠌ᠯ᠎ᠠ᠃ ᠰᠢᠶᠤᠤ ᠮᠢᠩ ᠤᠨ ᠭᠡᠳᠡᠰᠤ ᠴᠤ ᠭᠡᠢ ᠨᠡᠮᠡᠭᠡ ᠪᠦᠮᠪᠦᠭᠡ ᠰᠢᠭ᠌ ᠡᠳᠦᠷ ᠡᠴᠡ ᠡᠳᠦᠷ ᠫᠠᠠᠳᠠᠢ᠌ᠨ ᠪᠦᠳᠦᠭᠦᠷᠡᠵᠤ ᠢᠷᠠᠪᠠ᠃ ᠡᠭᠦᠨ ᠢ ᠬᠠᠷᠠᠬᠤ ᠪᠦᠷᠢ ᠪᠠᠯᠭᠠᠷ ᠤᠨ ᠰᠡᠳᠭᠢᠯ ᠤᠨ ᠳᠠᠷᠤᠭᠠᠰᠤ ᠮᠦᠨ ᠲᠠᠭᠠᠨ ᠶᠡᠭᠡᠳᠡᠨ᠎ᠡ᠃ ᠮᠠᠷᠳᠠᠶ᠎ᠠ ᠭᠡᠰᠡᠨ ᠶᠠᠭᠤᠮ᠎ᠠ ᠨᠢ ᠭᠡᠷᠡᠭ᠌ ᠪᠣᠯᠵᠤ ᠨᠢᠳᠤᠨ ᠳᠤ ᠨᠢ ᠳᠤᠷᠤᠭᠠᠤᠨ ᠪᠠᠢ᠌ᠬᠤ ᠳᠤ ᠵᠢᠭᠤᠳᠠᠶ᠎ᠠ ᠳᠠᠷᠠ ᠪᠢᠰᠢ᠂ ᠡᠰᠡ ᠵᠢᠭᠤᠳᠠᠶ᠎ᠠ ᠪᠠᠰᠠ ᠪᠣᠯᠬᠤ ᠦᠭᠡᠶ ᠴᠤᠬᠤᠮ ᠵᠤᠪᠠᠵᠤ ᠪᠠᠢ᠌ᠯ᠎ᠠ᠃ ᠡᠭᠦᠨ ᠳᠡᠭᠡᠷ᠎ᠡ ᠰᠢᠶᠤᠤ ᠮᠢᠩ ᠭᠡᠷᠡᠭ᠌ ᠦᠭᠡᠶ ᠭᠠᠵᠠᠷ ᠭᠡᠷᠡᠭ᠌ ᠭᠠᠷᠭᠠᠵᠤ ᠪᠠᠯᠭᠠᠷ ᠢ ᠭᠠᠴᠢᠬᠤ ᠳᠤ ᠪᠣᠯᠳᠠᠭ ᠶᠤᠮ ᠪᠣᠯ ᠡᠮᠤᠨ᠎ᠡ ᠨᠢ ᠭᠡᠳᠡᠰᠤ ᠪᠠᠨ ᠶᠡᠭᠦᠯᠡᠭᠡᠳ ᠥᠵᠡᠭᠦᠯᠦᠮᠡᠷ ᠪᠣᠯᠤᠨ᠎ᠡ᠃ ᠦᠪᠡᠷ ᠤᠨ ᠪᠠᠶ᠎ᠠ ᠨᠢ ᠥᠨᠡᠭᠡᠷ ᠬᠠᠮᠢᠭᠠᠰᠢ ᠪᠠᠨ ᠭᠢᠰᠭᠢᠪᠠᠴᠤ ᠬᠠᠯᠳᠤᠷᠢᠭᠠᠤᠨ ᠭᠡᠢ᠌ᠰᠦᠮᠡᠷ ᠬᠠᠯᠢᠯ ᠡᠭ᠍ᠴᠡ ᠬᠠᠳᠠ ᠶᠢᠨ ᠣᠷᠤᠢ ᠳᠡᠭᠡᠷ᠎ᠡ ᠭᠠᠷᠤᠭᠠᠤᠨ ᠢᠷᠡᠴᠢᠭᠡᠭ᠍ᠰᠡᠨ ᠰᠠᠨᠠᠭᠳᠠᠨ᠎ᠠ᠃ ᠵᠠᠷᠢᠮ ᠳᠠᠭᠠᠨ ᠳᠠᠷᠠ ᠶᠠᠭᠠᠭᠢᠪᠠᠯ ᠶᠠᠭᠠᠭᠢ᠂ ᠨᠢᠳᠤ ᠪᠠᠨ ᠠᠨᠢᠭᠠᠤᠨ ᠭᠠᠭᠴᠠ ᠦᠰᠦᠷᠴᠢᠭᠡᠶ᠎ᠡ ᠭᠡᠵᠤ ᠪᠣᠳᠤᠨ᠎ᠡ᠃ ᠭᠡᠳᠡᠯ᠎ᠡ 《ᠴᠢ ᠨᠠᠮ᠎ᠠ ᠶᠢ ᠡᠷᠡᠭᠡ ᠴᠤ ᠦᠭᠡᠶ ᠬᠠᠶᠠᠭᠠᠤᠨ ᠶᠠᠪᠣᠬᠤ ᠨᠢ ᠦᠦ》 ᠭᠡᠭᠦ ᠰᠢᠭ᠌ ᠰᠡᠷᠭᠦᠯᠡᠩᠮ᠎ᠡ ᠶᠢᠨ ᠵᠥᠭᠡᠯᠡᠨ ᠳᠤᠨᠤᠷᠠᠭᠰᠠᠨ ᠪᠣᠷᠤ ᠨᠢᠳᠤ᠂ 《ᠭᠦᠭ᠍ᠰᠢᠨ ᠠᠪᠣ ᠡ᠂ ᠨᠠᠰᠢ ᠢᠷ᠎ᠠ》 ᠭᠡᠳ ᠳᠠᠯᠠᠯᠤᠮᠠᠷ ᠪᠣᠯᠬᠤ ᠣᠮᠪᠣᠯ ᠤᠨ ᠭᠢᠨᠢ ᠭᠦᠭᠡᠷᠦᠭᠦᠨ ᠳᠦᠷᠢ᠂ 《ᠠᠪᠣ ᠮᠢᠨᠢ ᠶᠠᠪᠣᠴᠢᠬᠠᠭᠠᠤᠨ ᠪᠢ ᠶᠠᠭᠠᠭᠢᠬᠤ ᠪᠣᠢ》 ᠭᠡᠵᠤ ᠭᠠᠰᠢᠭᠤᠳᠠᠨ ᠭᠤᠨᠢᠭ᠎ᠠ ᠮᠠᠭᠤ ᠭᠡᠦᠭᠡᠨ ᠤ ᠭᠢᠨᠢ ᠨᠢᠯᠪᠣᠰᠤ ᠲᠡᠶ ᠨᠢᠳᠤ ᠥᠵᠡᠭ᠍ᠳᠡᠭᠦ ᠰᠢᠭ᠌ ᠪᠣᠯᠬᠤ ᠳᠤ ᠳᠠᠷᠠ ᠶᠠᠭᠠᠭᠢᠵᠤ ᠴᠤ ᠴᠢᠳᠠᠳᠠᠭ ᠦᠭᠡᠶ ᠡ᠃ ᠬᠠᠨᠢ ᠦᠷ᠎ᠡ ᠶᠢᠨ ᠭᠡᠯᠭᠢᠶ᠎ᠡ ᠰᠢᠭ᠌ ᠪᠠᠳᠤ ᠶᠠᠭᠤᠮ᠎ᠠ ᠡᠨᠡ ᠳᠡᠯᠡᠭᠡᠢ ᠳᠤ ᠬᠤᠪᠣᠷ ᠪᠦᠭᠡᠳ ᠭᠦᠮᠦᠰ ᠡᠭᠦᠨ ᠶᠢᠡᠨ ᠮᠢᠬᠠᠨ ᠨᠢᠳᠤ ᠪᠠᠷ ᠬᠠᠷᠠᠬᠤ ᠪᠢᠰᠢ ᠬᠠᠷᠢᠨ ᠴᠢᠰᠤᠨ ᠵᠢᠷᠦᠭᠡ ᠪᠠᠷ ᠮᠡᠳᠡᠷᠡᠳᠡᠭ᠌ ᠠᠵᠢ ︕ ᠡᠳᠦᠷ ᠤᠨ ᠨᠢᠭᠡ ᠶᠠᠷᠰᠢᠭ ᠴᠢᠷᠦᠭᠡᠳ ᠪᠠᠢ᠌ᠳᠠᠭ ᠰᠢᠶᠤᠤ ᠮᠢᠩ ᠦᠳᠡ ᠳᠤ ᠪᠣᠳᠠᠭ᠎ᠠ ᠪᠠᠨ ᠢᠳᠡᠴᠢᠭᠡᠭᠡᠳ ᠵᠢᠭᠠᠬᠠᠨ ᠬᠠᠵᠠᠭᠤᠯᠤᠨ ᠦᠷᠭᠡᠯᠡᠭᠦ ᠵᠠᠪᠰᠠᠷ ᠪᠠᠯᠭᠠᠷ ᠡᠪᠳᠡᠢ᠌ᠭᠡᠨ ᠭᠠᠷᠤᠭᠠᠤᠨ ᠢᠷᠠᠵᠠᠢ᠃ ᠡᠭᠡᠭᠡ ᠯᠠ ᠰᠢᠩᠭᠡᠯᠢᠭ᠌ ᠡᠴᠡ ᠪᠠᠨ ᠠᠯᠳᠠᠭᠳᠠᠰᠠᠨ ᠰᠢᠪᠠᠭᠤᠨ ᠰᠢᠭ᠌ ᠳᠤᠷᠠᠳᠠᠢ ᠵᠥᠭ᠌ ᠶᠢᠡᠨ ᠨᠢᠰᠦᠭᠡᠳ ᠶᠠᠪᠣᠴᠢᠬᠠᠮᠠᠷ ᠳ᠋ᠠ᠃ ᠠᠮᠢᠳᠤᠷᠠᠯ ᠡᠴᠡ ᠪᠠᠨ ᠣᠢ᠌ᠤᠠᠬᠤ ᠭᠦᠮᠤᠨ ᠪᠠᠢ᠌ᠳᠠᠭ ᠴᠤ ᠪᠠᠯᠭᠠᠷ ᠰᠢᠭ ᠪᠦᠷᠢᠮᠦᠰᠤᠨ ᠣᠢ᠌ᠤᠠᠬᠤ ᠭᠦᠮᠤᠨ ᠪᠠᠢ᠌ᠳᠠᠭ ᠪᠣᠯ ᠦᠦ ⁈

ᠪᠠᠯᠭᠠᠷ ᠶᠠᠪᠣᠭᠰᠠᠭᠠᠷ ᠣᠤᠯ ᠨᠢ ᠨᠢᠭᠡ ᠭᠠᠷᠤᠭᠠᠤᠨ ᠦᠵᠡᠶ᠎ᠠ ᠭᠡᠵᠤ ᠭᠦᠰᠡᠭᠡᠳ ᠣᠳᠠᠭᠰᠠᠨ ᠬᠤᠳᠠ ᠶᠢᠨ ᠪᠠᠷᠠᠭᠤᠨ ᠳᠠᠯ᠎ᠠ ᠶᠢᠨ ᠨᠠᠮᠬᠠᠨ ᠠᠭᠤᠯᠠᠨ ᠳᠡᠭᠡᠷ᠎ᠡ ᠭᠠᠷᠴᠤ ᠢᠷᠠᠪᠠ᠃ ᠭᠡᠳᠡᠷᠭᠦ ᠪᠠᠨ ᠬᠠᠷᠠᠪᠠᠯ ᠣᠳᠤᠭ᠎ᠠ ᠦᠨᠢᠶᠠᠷ᠂ ᠬᠤᠭ ᠰᠢᠷᠤᠢ ᠳᠠᠭᠠᠨ ᠳᠠᠷᠤᠭᠳᠠᠭᠰᠠᠨ ᠠᠰᠠᠷ ᠤᠳ ᠶᠠᠭ ᠣᠯᠠᠨ ᠴᠣᠢ᠌ᠳᠠᠩ ᠤᠨ ᠬᠠᠢ᠌ᠷᠴᠠᠭ ᠢ ᠵᠠᠢ ᠵᠠᠪᠰᠠᠷ ᠦᠭᠡᠶ ᠵᠡᠷᠭᠡᠴᠡᠭᠦᠯᠦᠭᠡᠳ ᠳᠠᠯᠪᠢᠴᠢᠬᠠᠭᠰᠠᠨ ᠭᠡᠮᠡᠷ ᠪᠠᠶ᠎ᠠ ᠪᠠᠶ᠎ᠠ ᠪᠠᠨ ᠰᠢᠬᠠᠨ ᠦᠷᠭᠦᠯᠵᠢᠯᠡᠨ᠎ᠡ᠃ ᠦᠨᠳᠦᠷ ᠳᠡᠭᠡᠷ᠎ᠡ ᠭᠠᠷᠪᠠᠯ ᠲᠦᠷ ᠵᠠᠭᠤᠷ᠎ᠠ ᠴᠤ ᠭᠡᠰᠡᠨ ᠨᠢᠳᠤ ᠨᠡᠭᠡᠭᠡᠭ᠍ᠳᠡᠨ ᠰᠡᠳᠭᠢᠯ ᠰᠡᠷᠭᠦᠨ᠎ᠡ ᠭᠡᠵᠤ ᠪᠣᠳᠤᠭᠰᠠᠨ ᠨᠢ ᠪᠣᠷᠤᠭᠤᠳᠠᠵᠠᠢ᠃ ᠡ᠊ᠨᠳᠡ ᠡᠴᠡ ᠳᠠᠷᠠ ᠨᠤᠳᠤᠭ ᠤᠨ ᠠᠭᠤᠯᠠᠨ ᠳᠡᠭᠡᠷ᠎ᠡ ᠪᠠᠨ ᠭᠠᠷᠤᠭᠰᠠᠨ ᠰᠢᠭ ᠬᠠᠷᠠᠭ᠎ᠠ ᠳᠠᠰᠤᠷᠠᠮᠠᠷ ᠠᠭᠤᠳᠠᠮ ᠳᠠᠯ᠎ᠠ᠂ ᠳᠤᠭᠤᠰᠤ ᠦᠭᠡᠶ ᠴᠡᠯᠮᠡᠢ᠌ᠭᠦ ᠳᠤᠷᠭᠠᠨ ᠭᠦᠭᠡ ᠳᠡᠭ᠍ᠷᠢ ᠪᠠᠨ ᠣᠯᠵᠤ ᠬᠠᠷᠠᠵᠤ ᠴᠢᠳᠠᠭ᠎ᠠ ᠦᠭᠡᠶ᠃ ᠬᠠᠮᠢᠭᠠᠰᠢ ᠪᠠᠨ ᠬᠠᠷᠠᠭᠰᠠᠨ ᠴᠤ ᠭᠦᠯ ᠤᠨ ᠥᠵᠦᠭᠦᠷ ᠡᠴᠡ ᠴᠠᠰᠢ ᠳᠤᠨᠤᠨ ᠭᠦᠰᠢᠭᠡᠯᠡᠭ᠍ᠰᠡᠨ ᠨᠢᠮᠭᠡᠨ ᠴᠠᠭᠠᠨ ᠮᠠᠨᠠᠨ ᠳᠤ ᠶᠠᠭᠤ ᠪᠦᠭᠦᠨ ᠳᠠᠯᠳᠠᠯᠠᠭᠳᠠᠭᠠᠤᠨ ᠰᠠᠨᠠᠭ᠎ᠠ ᠰᠡᠷᠭᠦᠭᠡᠭᠦ ᠡᠴᠡ ᠨᠢ ᠣᠯᠠᠮ ᠵᠤᠪᠠᠭᠠᠨ᠎ᠠ᠃ ᠪᠠᠯᠭᠠᠷ ᠨᠢᠭᠡ ᠣᠳᠠᠭ᠎ᠠ ᠰᠢᠶᠤᠤ ᠮᠢᠩ ᠤᠨ ᠪᠠᠶᠠᠷ ᠲᠡᠶ ᠪᠠᠢ᠌ᠬᠤ ᠶᠢ ᠳᠠᠭᠠᠷᠠᠭᠤᠯᠤᠨ ᠭᠡᠷ ᠲᠡᠭᠡᠨ ᠬᠠᠷᠢᠭᠠᠤᠨ ᠢᠷᠡᠭᠦ ᠰᠠᠨᠠᠭ᠎ᠠ ᠪᠠᠨ ᠴᠤᠬᠣᠢ᠌ᠯᠭᠠᠭᠰᠠᠨ ᠳᠤ ᠨᠠᠭᠠᠳᠤᠭᠢ ᠨᠢ ᠵᠥᠪᠰᠢᠶᠡᠷᠡᠭᠡ ᠦᠭᠡᠶ᠃ ᠶᠠᠮᠠᠷ ᠡᠵᠡᠨ ᠶᠢᠡᠨ ᠪᠠᠷᠠᠬᠤ ᠶᠢᠨ ᠪᠣᠯᠳᠠᠭ ᠶᠤᠮ᠂ ᠡᠭᠦᠨ ᠶᠢᠡᠷ ᠳᠤᠯᠤᠭᠠᠢ ᠪᠠᠨ ᠮᠡᠳᠡᠭᠦᠯᠵᠤ ᠬᠠᠵᠠᠭᠤ ᠳᠤ ᠨᠢ ᠣᠶᠠᠭᠳᠠᠵᠤ ᠰᠠᠭᠤᠬᠤ ᠠᠯᠪᠠ ᠲᠡᠶ ᠪᠢᠰᠢ᠂ ᠪᠠᠭᠠᠰᠤ ᠪᠠᠢ᠌ᠨ᠎ᠠ᠂ ᠶᠠᠪᠣᠭᠠᠤᠨ ᠣᠷᠭᠢᠶ᠎ᠠ ᠭᠡᠵᠤ ᠪᠠᠶ᠎ᠠ ᠳᠡᠭᠡᠨ ᠰᠠᠨᠠᠭᠤᠯᠤᠨ ᠵᠤᠷᠢᠭ ᠰᠢᠭᠤᠳᠠᠭᠰᠠᠨ ᠪᠣᠯᠪᠠᠴᠤ ᠬᠠᠷᠠᠬᠠᠨ ᠴᠠᠭ ᠳᠡᠭᠡᠷ᠎ᠡ ᠨᠢ ᠳᠤᠯᠬᠤ ᠳᠤ ᠪᠠᠰᠠ ᠴᠢᠳᠠᠭᠰᠠᠨ ᠦᠭᠡᠶ᠃ ᠡᠨᠡ ᠭᠠᠯᠵᠠᠭᠤ ᠶᠢᠨ ᠭᠡᠯᠡᠵᠤ ᠠᠭᠠᠰᠢᠯᠠᠵᠤ ᠪᠠᠢ᠌ᠬᠤ ᠶᠠᠩᠵᠤ ᠪᠠᠷ ᠨᠠᠮ ᠵᠥᠭᠡᠷ ᠰᠠᠭᠤᠳᠠᠭ ᠨᠢ ᠯᠠᠪ ᠪᠢᠰᠢ ᠡ᠂ ᠶᠠᠪᠣᠭᠰᠠᠨ ᠠᠷᠤ ᠳᠤ ᠬᠣᠢ᠌ᠨ᠎ᠡ ᠡᠴᠡ ᠴᠥᠳᠦᠭᠦᠷ ᠭᠡᠳᠡᠰᠤ ᠪᠠᠨ ᠣᠠᠵᠠᠢ᠌ᠭᠤᠯᠤᠨ ᠬᠠᠢ᠌ᠭᠠᠤᠨ ᠢᠷᠠᠪᠠᠯ ᠴᠤ ᠨᠠᠮ᠎ᠠ ᠶᠢ ᠳᠠᠷᠠ ᠣᠯᠠᠨ ᠳᠤᠳᠤᠷ᠎ᠠ ᠠᠮᠢᠳᠤ ᠪᠠᠷ ᠠᠯᠠᠭᠰᠠᠨ ᠪᠠᠢ᠌ᠨ᠎ᠠ᠃ ᠳᠡᠭᠦᠨ ᠵᠡᠷᠭᠡ ᠳᠤ ᠶᠠᠭᠤ ᠪᠣᠯᠤᠭᠰᠠᠨ ᠴᠤ ᠬᠠᠵᠠᠭᠤ ᠳᠤ ᠨᠢ ᠰᠠᠭᠢᠵᠤ ᠪᠠᠢ᠌ᠭᠠᠤᠨ ᠥᠵᠡᠳᠡᠭ᠌ ᠶᠢᠡᠨ ᠦᠵᠡᠶ᠎ᠠ ᠭᠡᠮᠡᠨ ᠭᠠᠭᠴᠠ ᠰᠢ᠌ᠤᠠᠴᠠᠢ᠃ ᠭᠡᠭᠦ ᠳᠤ ᠭᠠᠯ ᠢ ᠴᠠᠭᠠᠰᠤᠨ ᠳᠤ ᠪᠣᠭᠤᠵᠤ ᠭᠡᠨ ᠴᠢᠳᠠᠬᠤ ᠪᠢᠯᠠ ⁈ ᠭᠡᠷᠡᠭ᠌ ᠶᠢᠡᠨ ᠨᠢᠭᠤᠭᠠᠤᠨ ᠪᠢ ᠡ᠊ᠨᠳᠡ ᠨᠠᠰᠤ ᠪᠠᠷ ᠭᠡᠪᠳᠡᠯᠳᠡᠢ ᠴᠤ ᠪᠢᠰᠢ᠂ ᠡᠷᠳᠡ ᠣᠷᠤᠢ ᠦᠭᠡᠶ ᠭᠢᠭ᠍ᠰᠡᠨ ᠭᠡᠷᠡᠭ᠌ ᠵᠠᠳᠠᠷᠠᠨ᠎ᠠ᠃ ᠳᠠᠷᠠ ᠴᠠᠭ ᠲᠤ ᠪᠠᠯᠭᠠᠷ ᠪᠢ ᠠᠯᠠᠭ᠎ᠠ ᠶᠢᠨ ᠴᠢᠨᠡᠭᠡᠨ ᠣᠯᠠᠭᠠᠨ ᠨᠢᠭᠤᠷ ᠶᠢᠡᠨ ᠬᠠᠮᠢᠭ᠎ᠠ ᠠᠪᠠᠴᠢᠵᠤ ᠨᠢᠭᠤᠬᠤ ᠶᠤᠮ ︖ ᠳᠡᠭᠡᠭᠡᠳ ᠪᠢ ᠴᠤ ᠶᠠᠭᠠᠭᠢᠨ᠎ᠠ ᠭᠡᠭᠦ ᠪᠣᠢ᠂ ᠦᠪᠡᠷ ᠤᠨ ᠥᠢᠯᠡᠳᠦᠭ᠍ᠰᠡᠨ ᠭᠡᠷᠡᠭ᠌ ᠶᠢᠡᠨ ᠦᠪᠡᠷ ᠶᠢᠡᠨ ᠡᠭᠦᠷᠦᠭᠡᠳ ᠭᠠᠷᠳᠠᠭ ᠠᠯᠪᠠ ᠪᠢᠵᠠ ︕ ᠬᠠᠷᠢᠨ ᠪᠦᠰᠡᠭᠦᠢ ᠬᠡᠦᠬᠡᠳ ᠤᠨ ᠶᠢᠡᠨ ᠨᠠᠷ᠎ᠠ ᠨᠢᠭᠤᠷ ᠢ ᠭᠠᠭᠴᠠᠮᠤᠰᠤᠨ ᠪᠠᠷᠠᠵᠤ᠂ ᠮᠢᠨᠤ ᠲᠦᠯᠦᠭᠡ ᠭᠤᠮᠤᠳᠠᠭᠠᠤᠨ ᠠᠮᠢᠳᠤ ᠪᠠᠷ ᠬᠠᠳᠠᠵᠠᠭᠠᠬᠤ ᠪᠠᠢ ᠯᠠ ᠦᠭᠡᠶ᠃ ᠳᠡᠭᠦᠨ ᠳᠡᠭᠡᠷ᠎ᠡ ᠳᠡᠳᠡᠭᠡᠷ ᠭᠡᠯᠡᠭᠦ ᠭᠢᠭᠦ ᠶᠠᠭᠤᠮ᠎ᠠ ᠡᠰᠡ ᠣᠯᠳᠠᠬᠤ ᠳᠠᠭᠠᠨ ᠨᠢᠭᠡᠨ ᠤ ᠪᠠᠨ ᠳᠤᠯᠤᠭᠠᠨ ᠮᠠᠭᠤ ᠶᠢ ᠮᠠᠯᠳᠠᠵᠤ ᠰᠠᠭᠤᠬᠤ ᠪᠠᠷ ᠵᠤᠭ᠎ᠠ ᠪᠣᠯᠭᠠᠳᠠᠭ ᠳᠡᠳᠡᠭᠡᠷ ᠭᠦᠮᠦᠰ ᠴᠤ ᠶᠤᠰᠤᠳᠠᠢ ᠣᠨᠤᠬᠤ ᠨᠢ ᠳᠠᠷᠠ ᠡ᠃ ᠶᠠᠭᠠᠭᠢᠵᠤ ᠳᠡᠭᠡᠷ᠎ᠡ ᠨᠢ ᠳᠠᠯ᠂ ᠳᠤᠤᠷ᠎ᠠ ᠨᠢ ᠰᠡᠭᠦᠯ ᠵᠠᠯᠭᠠᠭᠠᠤᠨ ᠳᠤᠯᠤᠭᠠᠨ ᠬᠤᠰᠢᠭᠤᠨ ᠳᠤ ᠳᠠᠷᠬᠠᠭᠠᠬᠤ ᠶᠢ ᠭᠡᠨ ᠮᠠᠳᠠᠯ᠎ᠠ᠃ ᠪᠠᠯᠭᠠᠷ ᠪᠣᠳᠤᠬᠤ ᠳᠤᠳᠤᠮ ᠰᠡᠳᠭᠢᠯ ᠤᠨ ᠠᠴᠢᠶ᠎ᠠ ᠨᠢ ᠭᠦᠡᠳᠦᠷᠡᠵᠤ᠂ ᠶᠠᠪᠣᠵᠤ ᠪᠠᠢ᠌ᠭ᠎ᠠ ᠵᠠᠮ ᠨᠢ ᠴᠤᠬᠤᠮ ᠬᠠᠮᠢᠭ᠎ᠠ ᠡᠴᠡ ᠡᠭᠢᠯᠡᠭᠡᠳ ᠬᠠᠮᠢᠭ᠎ᠠ ᠭᠦᠷᠳᠡᠭ᠌ ᠶᠢᠡᠨ ᠮᠡᠳᠡᠭᠦ ᠦᠭᠡᠶ ᠵᠥᠭᠡᠷ ᠯᠠ ᠣᠬᠠᠭᠠᠨ ᠲᠡᠶ ᠣᠬᠠᠭᠠᠨ ᠦᠭᠡᠶ ᠶᠢᠨ ᠬᠤᠭᠤᠷᠤᠠᠳᠤ ᠳᠠᠨᠤᠨ᠎ᠡ᠃

ᠡᠷᠭᠢ ᠶᠢᠨ ᠭᠦᠪᠠᠭᠡ᠂ ᠴᠢᠯᠠᠭᠤᠳ ᠤᠨ ᠵᠠᠪᠰᠠᠷ ᠶᠢᠡᠷ ᠥᠵᠡᠭ᠍ᠳᠡᠭᠡ ᠬᠠᠶᠠ ᠭᠠᠭᠴᠠ ᠪᠣᠳᠠ ᠡᠪᠠᠰᠤ ᠭᠡᠳᠥᠢᠨᠡᠢ ᠰᠢᠷᠠᠯᠠᠨ ᠬᠠᠳᠠᠭᠠᠤᠨ ᠪᠠᠢ᠌ᠭᠠᠯᠢ ᠳᠡᠯᠡᠭᠡᠢ ᠪᠠᠢ᠌ᠳᠠᠭ ᠥᠩᠭᠡ ᠪᠠᠨ ᠭᠡᠭᠡᠵᠡᠢ᠃ ᠪᠠᠯᠭᠠᠷ ᠪᠠᠰᠠ ᠯᠠ ᠪᠢᠴᠢᠬᠠᠨ ᠣᠮᠪᠣᠯ ᠶᠢᠡᠨ ᠰᠠᠨᠠᠴᠢᠬᠠᠯ᠎ᠠ᠃ ᠠᠮᠢᠳᠤ ᠶᠠᠪᠣᠬᠤ ᠶᠢᠨ ᠣᠴᠢᠷ ᠠᠭᠤᠯᠭ᠎ᠠ᠂ ᠪᠠᠶᠠᠷ ᠵᠢᠷᠭᠠᠯ ᠢ ᠳᠠᠨᠢᠭᠤᠯᠤᠭᠰᠠᠨ ᠡᠨᠡ ᠭᠦᠭᠡᠷᠦᠭᠦᠨ ᠠᠮᠢᠳᠠᠨ ᠳᠡᠭᠦᠨ ᠤ ᠰᠡᠳᠭᠢᠯ ᠡᠴᠡ ᠨᠢᠭᠡ ᠡᠳᠦᠷ ᠴᠤ ᠵᠠᠢ᠌ᠳᠠᠭ᠎ᠠ ᠦᠭᠡᠶ᠃ ᠪᠢ ᠭᠠᠷᠴᠤ ᠢᠷᠡᠭᠦ ᠶᠢᠨ ᠡᠮᠤᠨ᠎ᠡ ᠭᠠᠵᠠᠷ ᠲᠤ ᠨᠠᠭᠠᠯᠳᠤᠴᠢᠬᠠᠭᠰᠠᠨ ᠵᠢᠭᠠᠬᠠᠨ ᠠᠮᠢᠳᠠᠨ ᠭᠦᠶ‍ᠦᠵᠤ ᠪᠣᠢ ᠭᠡᠮᠡᠷ ᠪᠣᠯᠤᠭᠠᠤᠨ ᠳᠠᠠᠳᠠᠷ ᠮᠦᠨᠳᠤᠷ ᠭᠢᠰᠭᠢᠵᠤ ᠪᠠᠢ᠌ᠭᠰᠠᠨ᠃ ᠪᠣᠳᠤᠪᠠᠯ ᠣᠳᠤ ᠴᠤ ᠭᠦᠷᠦᠪᠠᠵᠡᠭ᠍ᠰᠡᠨ ᠬᠤᠷᠠᠭ᠎ᠠ ᠠᠳᠠᠯᠢ ᠣᠢ᠌ᠵᠤ ᠶᠠᠪᠣᠭ᠎ᠠ ᠪᠠᠢ ᠯᠠ ᠦᠭᠡᠶ᠃ ᠬᠡᠦᠬᠡᠳ ᠦᠰᠭᠦ ᠳᠡᠭᠡᠨ ᠨᠢᠭᠡ ᠶᠡᠭᠡ ᠣᠳᠠᠬᠤ ᠴᠤ ᠪᠢᠰᠢ᠂ ᠡᠭᠦᠨ ᠳᠡᠭᠦᠨ ᠳᠤ ᠦᠭᠡᠶ ᠦᠰᠦᠭᠡᠳ ᠡᠷ᠎ᠡ ᠶᠢᠨ ᠳᠤᠭ᠎ᠠ ᠪᠦᠭᠯᠡᠨ᠎ᠡ᠃ ᠡᠴᠢᠭᠡ ᠡᠭᠡ ᠨᠢ ᠭᠡᠵᠤ ᠨᠠᠮ᠎ᠠ ᠶᠢ ᠳᠠᠭᠤᠷᠢᠶᠠᠭᠰᠠᠨ ᠰᠠᠨᠠᠭ᠎ᠠ ᠠᠮᠤᠷ ᠣᠯᠤᠰ ᠤᠳ ᠪᠣᠢ᠂ ᠠᠵᠢᠯ ᠠᠯᠪᠠᠨ ᠳᠠᠭᠠᠨ ᠶᠠᠭᠠᠷᠠᠭᠠᠤᠨ ᠮᠠᠭᠤ ᠣᠮᠪᠣᠯ ᠢ ᠮᠢᠨᠢ ᠰᠠᠢ᠌ᠨ ᠬᠠᠷᠠᠵᠤ ᠬᠠᠷᠠᠭᠠᠯᠵᠠᠵᠤ ᠪᠠᠢ᠌ᠳᠠᠭ ᠪᠣᠯᠪᠠ ᠦᠦ ︖ ᠰᠡᠷᠭᠦᠯᠡᠩᠮ᠎ᠡ ᠯᠠ ᠬᠤᠶᠠᠷ ᠭᠡᠷ ᠤᠨ ᠬᠤᠭᠤᠷᠤᠠᠳᠤ ᠬᠤᠩᠬᠤ ᠶᠢᠨ ᠭᠡᠯᠡᠨ ᠠᠳᠠᠯᠢ ᠵᠠᠪ ᠴᠢᠯᠦᠭᠡ ᠦᠭᠡᠶ ᠳᠠᠨᠤᠵᠤ ᠶᠠᠪᠣᠳᠠᠭ ᠪᠠᠢ᠌ᠬ᠎ᠠ᠃ ᠡᠨᠡ ᠨᠠᠰᠤᠨ ᠳᠠᠭᠠᠨ ᠮᠠᠭᠤ ᠪᠦᠰᠡᠭᠦᠢ ᠳᠡᠭᠡᠨ ᠴᠤᠬᠤᠮ ᠲᠦᠯᠦᠭᠡᠳ ᠪᠠᠷᠠᠰᠢ ᠦᠭᠡᠶ ᠦᠷᠢ ᠲᠡᠶ ᠪᠣᠯᠵᠠᠢ᠃ ᠭᠡᠷᠪᠡ ᠳᠠᠷᠠᠭ᠎ᠠ ᠳᠦᠷᠤᠯ ᠪᠠᠢ᠌ᠳᠠᠭ ᠪᠣᠯ ᠭᠢᠭ᠍ᠰᠡᠨ ᠨᠢᠭᠦᠯ ᠶᠢᠡᠨ ᠨᠢᠮᠭᠡᠯᠡᠵᠤ᠂ ᠦᠷᠢᠳᠦᠭ᠍ᠰᠡᠨ ᠰᠡᠳᠭᠢᠯ ᠶᠢᠡᠨ ᠭᠦᠢᠴᠡᠭᠡᠶ᠎ᠡ᠃ ᠪᠠᠢ᠌ᠳᠠᠭ ᠦᠭᠡᠶ ᠪᠣᠯ ᠶᠠᠭᠠᠭᠢᠬᠤ ᠪᠣᠢ᠂ ᠮᠠᠭᠤᠬᠠᠢ ᠭᠡᠷᠡᠭ᠌ ᠶᠢᠡᠨ ᠪᠣᠯᠬᠤ ᠴᠢᠳᠠᠬᠤ ᠶᠢᠨ ᠳᠤᠳᠤᠷ᠎ᠠ ᠨᠢᠭᠤᠵᠤ ᠪᠠᠢ᠌ᠭᠠᠤᠨ ᠳᠤᠳᠠᠭᠤ ᠨᠢᠭᠡ ᠡᠳᠦᠷ ᠵᠤᠪᠠᠭᠠᠬᠤ ᠶᠢ ᠪᠣᠳᠤᠶ᠎ᠠ ᠭᠡᠮᠡᠨ ᠪᠠᠶ᠎ᠠ ᠳᠡᠭᠡᠨ ᠵᠠᠭᠢᠭᠠᠤᠨ ᠰᠠᠨᠠᠭ᠎ᠠ ᠠᠯᠳᠠᠯ᠎ᠠ᠃ ᠬᠠᠷᠮᠠᠨ ᠡᠴᠡ ᠪᠠᠨ ᠨᠢᠭᠡ ᠭᠤᠵᠤᠭᠤᠷ ᠳᠠᠮᠠᠭᠢ ᠠᠪᠤᠨ ᠭᠠᠯᠯᠠᠭᠠᠤᠨ ᠤᠢ᠌ᠷᠠᠬᠠᠨ ᠬᠠᠷᠠᠭᠳᠠᠭ᠎ᠠ ᠬᠤᠨᠢᠨ ᠴᠠᠭᠠᠨ ᠴᠢᠯᠠᠭᠤᠨ ᠳᠡᠭᠡᠷ᠎ᠡ ᠪᠠᠭ᠎ᠠ ᠰᠠᠭᠤᠬᠤ ᠶᠢ ᠪᠣᠳᠤᠨ ᠳᠠᠰᠢ ᠴᠢᠭᠯᠡᠳᠡᠯ᠎ᠡ ᠣᠳᠠᠰᠤ ᠨᠢ ᠳᠤᠤᠭᠠᠷᠪᠠ᠃

᠊᠊᠊᠊᠊᠊᠊᠊᠊᠊᠊᠊᠊᠊᠊ ᠬᠠᠢ᠂ ᠪᠢ ᠡ᠊ᠨᠳᠡ ᠡᠪᠠᠳᠦᠭᠡᠳ ᠠᠮᠢᠨ ᠭᠠᠷᠤᠮᠠᠷ ᠪᠣᠯᠵᠤ ᠪᠠᠢ᠌ᠨ᠎ᠠ᠃ ᠴᠢ ᠬᠠᠮᠢᠭᠠᠰᠢ ᠪᠠᠨ ᠳᠡᠨᠦᠭᠡᠳ ᠵᠢᠯᠢ᠌ᠴᠢᠭᠡᠪᠡ ︖ ᠭᠡᠭᠦ ᠰᠢᠶᠤᠤ ᠮᠢᠩ ᠤᠨ ᠭᠠᠰᠢᠭᠤᠨ ᠳᠠᠭᠤᠨ ᠴᠢᠭᠢ ᠬᠠᠯᠠᠭᠠᠨ ᠬᠠᠩᠭᠢᠨᠠᠨ᠎ᠠ᠃

᠊᠊᠊᠊᠊᠊᠊᠊᠊᠊᠊᠊᠊᠊᠊ ᠥ᠂ ᠪᠢ ᠭᠠᠳᠠᠭᠤᠷ ᠵᠢᠭᠠᠬᠠᠨ ᠳᠤᠭᠤᠷᠢᠵᠤ ᠪᠠᠢ᠌ᠨ᠎ᠠ᠂ ᠣᠳᠤ ᠪᠠᠷ ᠭᠦᠷᠦᠯ᠎ᠡ ᠭᠡᠳ ᠪᠠᠯᠭᠠᠷ ᠴᠢᠨᠠᠭᠰᠢ ᠶᠠᠭᠤ ᠭᠡᠯᠡᠭᠦ ᠶᠢ ᠨᠢ ᠴᠢᠩᠨᠠᠪᠠ᠃

᠊᠊᠊᠊᠊᠊᠊᠊᠊᠊᠊᠊᠊᠊᠊ ᠶᠠᠭᠤ ᠪᠠᠨ ᠭᠡᠭᠡᠴᠢᠭᠡᠭᠡᠳ ᠭᠠᠳᠠᠭᠤᠷ ᠬᠤᠭᠤᠰᠤᠨ ᠳᠡᠨᠦᠭᠡᠳ ᠠᠷᠢᠯᠳᠠᠭ ᠶᠤᠮ ︖ ᠬᠤᠷᠳᠤᠨ ᠢᠷ᠎ᠠ᠂ ᠪᠢ ᠥᠭᠦᠯ᠎ᠡ ᠭᠡᠭᠦ ᠰᠢᠶᠤᠤ ᠮᠢᠩ ᠤᠨ ᠣᠴᠠᠭᠠᠷ ᠲᠡᠶ ᠳᠠᠭᠤᠨ ᠳᠠᠭᠢᠨ ᠨᠢᠭᠡ ᠬᠠᠩᠭᠢᠨᠠᠵᠤ ᠠᠪᠣᠭᠠᠤᠨ ᠳᠠᠭ ᠪᠣᠯᠤᠯ᠎ᠠ᠃

ᠥᠨᠡᠭᠡᠷ ᠴᠤ ᠰᠠᠶ‍ᠢᠭᠢ ᠨᠢ ᠭᠠᠷᠬᠤ ᠪᠣᠯᠴᠢᠬᠠᠪᠠ ᠦᠦ ᠭᠡᠮᠡᠨ ᠳᠤᠳᠤᠷ᠎ᠠ ᠪᠠᠨ ᠵᠢᠷᠡᠰᠭᠢᠵᠤ ᠠᠪᠣᠭᠰᠠᠨ ᠪᠠᠯᠭᠠᠷ ᠠᠯᠢ ᠴᠢᠳᠠᠬᠤ ᠪᠠᠷ ᠬᠤᠷᠳᠤᠯᠠᠨ ᠢᠷᠡᠭ᠍ᠰᠡᠨ ᠮᠦᠷ ᠶᠢᠡᠷ ᠶᠢᠡᠨ ᠭᠡᠳᠡᠷᠭᠦ ᠪᠣᠴᠠᠭᠠᠤᠨ ᠪᠠᠢ᠌ᠷᠢᠨ ᠳᠠᠭᠠᠨ ᠭᠦᠷᠪᠠᠯ ᠰᠢᠶᠤᠤ ᠮᠢᠩ ᠡᠭᠡᠭᠡ ᠯᠠ ᠳᠤᠳᠤᠷ ᠰᠢᠷᠬᠠᠳᠤᠭᠰᠠᠨ ᠰᠢᠷᠠᠭᠴᠢᠨ ᠠᠳᠠᠯᠢ ᠣᠷᠤᠨ ᠳᠤ ᠪᠠᠨ ᠠᠮᠢ ᠳᠠᠮᠠᠴᠠᠨ ᠪᠠᠢ᠌ᠭᠰᠠᠨ ᠶᠢᠡᠨ ᠪᠠᠯᠭᠠᠷ ᠢ ᠥᠵᠡᠭᠡᠳ᠄

᠊᠊᠊᠊᠊᠊᠊᠊᠊᠊᠊᠊᠊᠊᠊ ᠭᠦᠮᠤᠨ ᠡ᠊ᠨᠳᠡ ᠡᠪᠠᠳᠦᠭᠡᠳ ᠥᠭᠦᠭᠦ ᠪᠠᠷ ᠪᠠᠢ᠌ᠬᠤ ᠳᠤ ᠬᠠᠷ᠎ᠠ ᠪᠠᠶ᠎ᠠ ᠪᠠᠨ ᠬᠠᠷᠢᠭᠤᠯᠤᠭᠠᠤᠨ ᠁ ᠬᠤᠷᠳᠤᠨ ᠡᠮᠨᠡᠯᠭᠡ ᠳᠤ ᠣᠴᠢᠬᠤ ᠠᠷᠭ᠎ᠠ ᠳᠠᠳᠠᠬᠤ ᠦᠭᠡᠶ ᠦᠦ ᠭᠡᠳ ᠪᠠᠭᠤᠵᠤ ᠭᠠᠷᠤᠯ᠎ᠠ᠃

ᠪᠠᠯᠭᠠᠷ ᠭᠦᠯᠦᠰᠤᠨ ᠳᠡᠷᠭᠡ ᠳᠠᠭᠤᠳᠠᠴᠢᠬᠠᠭᠠᠤᠨ ᠰᠢᠶᠤᠤ ᠮᠢᠩ ᠢ ᠲᠦᠰᠢᠨ ᠳᠡᠷᠭᠡᠨ ᠳᠤ ᠭᠠᠷᠭᠠᠪᠠ᠃ ᠡᠮᠨᠡᠯᠭᠡ ᠳᠤ ᠭᠦᠷᠦᠭᠡᠳ ᠰᠢᠶᠤᠤ ᠮᠢᠩ ᠵᠠᠪᠠᠯ ᠮᠠᠰᠠ ᠵᠠᠰᠠᠯ ᠭᠢᠯᠭᠡᠨ᠎ᠡ ᠭᠡᠮᠡᠨ ᠭᠡᠨ ᠢ ᠴᠤ ᠡᠮᠤᠨ᠎ᠡ ᠪᠠᠨ ᠭᠠᠷᠭᠠᠯ ᠦᠭᠡᠶ ᠵᠦᠷᠢᠭᠦᠳᠯᠡᠵᠤ ᠪᠠᠢ᠌ᠭᠠᠤᠨ ᠰᠠᠨᠠᠭᠠᠨ ᠳᠠᠭᠠᠨ ᠭᠦᠷᠴᠡᠢ᠃ ᠬᠠᠷᠮᠠᠨ ᠳᠤ ᠥᠯᠡᠳᠡᠭᠡ ᠭᠡᠳᠤᠨ ᠮᠦᠩᠭᠦ ᠪᠠᠨ ᠭᠦᠪᠢᠴᠢᠭᠡᠭᠡᠳ ᠠᠰᠠᠷ ᠤᠨ ᠭᠤᠳᠤᠮ ᠤᠨ ᠰᠠᠠᠳᠠᠯᠢ ᠳᠡᠭᠡᠷ᠎ᠡ ᠣᠷᠤᠭᠤ ᠴᠢᠷᠠᠢ᠌ᠯᠠᠨ ᠰᠠᠭᠤᠵᠤ ᠪᠠᠢ᠌ᠭᠰᠠᠨ ᠪᠠᠯᠭᠠᠷ᠂ ᠰᠤᠪᠢᠯᠠᠭᠴᠢ ᠭᠡᠦᠭᠡᠨ ᠤ ᠭᠠᠷ ᠡᠴᠡ ᠣᠯᠠᠭᠠᠨ ᠨᠢᠯᠬ᠎ᠠ ᠪᠠᠯᠴᠢᠷ ᠳᠤᠰᠴᠢᠬᠠᠭᠠᠤᠨ ᠴᠤᠬᠤᠮ ᠢᠨᠢᠶᠡᠭᠦ ᠴᠤ ᠪᠢᠰᠢ᠂ ᠣᠭᠢᠯᠠᠬᠤ ᠴᠤ ᠪᠢᠰᠢ ᠪᠣᠯᠤᠨ ᠮᠠᠯᠠᠷᠠᠵᠠᠢ᠃ ᠨᠢᠳᠤᠷᠭ᠎ᠠ ᠶᠢᠨ ᠴᠢᠨᠡᠭᠡᠨ ᠠᠮᠢᠳᠠᠨ ᠨᠢᠳᠤ ᠪᠠᠨ ᠠᠷᠠᠢ ᠨᠡᠭᠡᠭᠡᠭᠡᠳ ᠪᠠᠯᠭᠠᠷ ᠤᠨ ᠥᠭᠡᠳᠡ ᠡᠴᠡ ᠰᠢᠷᠳᠡᠰᠭᠢᠭᠡᠳ ᠠᠪᠬᠤ ᠳᠤ ᠪᠦᠭᠦ ᠪᠠᠶ᠎ᠠ ᠨᠢ ᠴᠠᠭᠢᠯᠭᠠᠨ ᠳᠤ ᠴᠤᠭᠢᠭᠳᠠᠭᠰᠠᠨ ᠰᠢᠭ ᠮᠠᠨᠠᠷᠠᠭᠠᠤᠨ ᠠᠪᠣᠯ᠎ᠠ᠃ ᠭᠡᠨ ᠤ ᠦᠷ᠎ᠡ ᠭᠡᠵᠤ ᠪᠢ ᠡ᠊ᠨᠳᠡ ᠣᠢ᠌ᠯᠠ ᠠᠮᠰᠠᠵᠤ ᠪᠠᠢ᠌ᠬᠤ ᠶᠤᠮ ︖ ᠠᠩᠬ᠎ᠠ ᠦᠷ᠎ᠡ ᠶᠢᠨ ᠵᠠᠶᠠᠭ᠎ᠠ ᠳᠤᠰᠴᠤ ᠪᠠᠢ᠌ᠬᠤ ᠳᠠᠭᠠᠨ ᠪᠠᠯᠭᠠᠷ ᠮᠠᠭᠤ ᠪᠦᠰᠡᠭᠦᠢ ᠶᠢᠨ ᠶᠢᠡᠨ ᠳᠡᠷᠭᠡᠳᠡ ᠳᠤ ᠴᠤ ᠪᠠᠢ᠌ᠭ᠎ᠠ ᠦᠭᠡᠶ᠃ ᠠᠵᠢᠯ ᠶᠢᠡᠷ ᠳᠤᠷᠤᠭᠰᠢ ᠪᠠᠭᠤᠭᠠᠤᠨ ᠠᠢ᠌ᠯ ᠤᠨ ᠬᠣᠢ᠌ᠮᠤᠷ ᠰᠠᠭᠠᠳᠠᠵᠤ᠂ ᠠᠷᠢᠭᠢ ᠮᠢᠬᠠᠨ ᠳᠤ ᠱᠠᠩᠳᠠᠵᠤ ᠱᠠᠩᠳᠠᠭᠠᠤᠨ ᠭᠠᠷᠴᠤ ᠢᠷᠡᠭᠦ ᠳᠤ ᠪᠦᠰᠡᠭᠦᠢ ᠨᠢ ᠭᠡᠳᠥᠢᠨᠡᠢ ᠠᠮᠤᠷᠵᠢᠭᠠᠤᠨ ᠰᠠᠷ᠎ᠠ ᠴᠤ ᠰᠠᠢ᠌ᠨ ᠪᠣᠯᠤᠭᠰᠠᠨ ᠦᠭᠡᠶ ᠪᠠᠷ ᠪᠣᠰᠴᠢᠬᠠᠭᠰᠠᠨ ᠡᠷᠡᠭᠦᠯ ᠭᠦᠮᠤᠨ ᠰᠢᠭ᠌ ᠦᠰᠤᠷᠴᠤ ᠪᠠᠢ᠌ᠯ᠎ᠠ᠃ ᠡᠭᠦᠨ ᠡᠴᠡ ᠪᠣᠯᠤᠭᠠᠤᠨ ᠮᠠᠭᠤ ᠪᠦᠰᠡᠭᠦᠢ ᠨᠢ ᠨᠢᠯᠬ᠎ᠠ ᠪᠠᠶ᠎ᠠ ᠳᠡᠭᠡᠨ ᠰᠠᠪ ᠠᠪᠴᠤ᠂ ᠦᠷᠭᠦᠯᠵᠢ ᠦᠶ᠎ᠡ ᠭᠡᠰᠢᠭᠦᠤ ᠪᠠᠷ ᠨᠢ ᠡᠪᠡᠳᠭᠦ ᠬᠠᠭᠤᠴᠢᠨ ᠠᠷᠬᠠᠭ ᠲᠡᠶ ᠪᠣᠯᠤᠭᠰᠠᠨ ᠶᠤᠮ᠃ ᠦᠪᠡᠷ ᠤᠨ ᠪᠦᠰᠡᠭᠦᠢ ᠪᠠᠨ ᠠᠰᠠᠷᠠᠵᠤ ᠴᠢᠳᠠᠭᠰᠠᠨ ᠦᠭᠡᠶ ᠪᠠᠢ᠌ᠭᠠᠤᠨ ᠠᠢ᠌ᠯ ᠤᠨ ᠪᠦᠰᠡᠭᠦᠢ ᠶᠢ ᠠᠰᠠᠷᠠᠵᠤ ᠰᠠᠭᠤᠬᠤ ᠬᠠᠷᠢᠭᠤ ᠪᠠᠢ᠌ᠨ᠎ᠠ ᠦᠦ ︖ ᠪᠣᠯᠳᠠᠭ ᠶᠤᠮ ᠪᠣᠯ ᠡᠭᠦᠨ ᠢ ᠨᠢ ᠡᠪᠦᠷ ᠲᠤ ᠨᠢ ᠡᠪᠳᠡᠢ᠌ᠭᠡᠨ ᠳᠠᠯᠪᠢᠭᠠᠤᠨ ᠭᠠᠷᠤᠭᠠᠤᠨ ᠶᠠᠪᠣᠴᠢᠬᠠᠮᠠᠷ᠃ ᠭᠡᠳᠡᠯ᠎ᠡ ᠠᠮᠢᠳᠤᠷᠠᠯ ᠳᠤ ᠵᠠᠷᠢᠮ ᠵᠣᠢ᠌ᠯ ᠢ ᠵᠥᠪᠭᠡᠨ ᠪᠣᠳᠤᠵᠤ ᠪᠣᠯᠬᠤ ᠡᠴᠡ ᠪᠢᠰᠢ ᠪᠠᠶᠡᠯᠡᠭᠦᠯᠵᠤ ᠴᠢᠳᠠᠳᠠᠭ ᠦᠭᠡᠶ ᠨᠢ ᠦᠨᠡᠨ ᠭᠠᠴᠢᠭᠳᠠᠯᠳᠠᠢ ᠁

ᠭᠠᠷᠠᠭ ᠢᠯᠡᠭᠦᠤ ᠰᠠᠭᠤᠭᠠᠤᠨ ᠰᠢᠶᠤᠤ ᠮᠢᠩ ᠤᠨ ᠪᠠᠶ᠎ᠠ ᠡᠷᠡᠭᠦᠯᠰᠢᠭᠦ ᠳᠤ ᠡᠮᠨᠡᠯᠭᠡ ᠡᠴᠡ ᠭᠠᠷᠤᠯ᠎ᠠ᠃ ᠡᠳᠦᠷ ᠬᠤᠨᠤᠭ ᠨᠢᠳᠤ ᠢᠷᠮᠡᠭᠦ ᠵᠠᠭᠤᠷ᠎ᠠ ᠥᠩᠭᠡᠷᠡᠳᠡᠭ᠌ ᠶᠤᠮ ᠪᠠᠢ᠌ᠨ᠎ᠠ᠃ ᠪᠠᠯᠭᠠᠷ ᠰᠢᠶᠤᠤ ᠮᠢᠩ ᠤᠨ ᠪᠠᠭᠠᠰᠤ ᠰᠢᠭᠡᠰᠤ ᠶᠢ ᠵᠥᠭᠡᠭᠡᠨ ᠪᠠᠯᠴᠢᠷ ᠨᠢᠯᠬ᠎ᠠ ᠲᠡᠶ ᠣᠷᠢᠶᠠᠯᠳᠤᠨ ᠪᠠᠢ᠌ᠭᠰᠠᠭᠠᠷ ᠨᠢᠭᠡ ᠮᠡᠳᠡᠭᠦ ᠳᠤ ᠰᠠᠷ᠎ᠠ ᠭᠠᠷᠴᠢᠬᠠᠯ᠎ᠠ᠃ ᠰᠠᠨᠠᠭᠠᠨ ᠳᠠᠭᠠᠨ ᠭᠦᠷᠳᠡᠯ᠎ᠡ ᠠᠰᠠᠷᠠᠭᠤᠯᠤᠭᠰᠠᠨ ᠰᠢᠶᠤᠤ ᠮᠢᠩ ᠦᠨᠦᠳᠤᠷ ᠨᠢᠭᠡ ᠣᠷᠤᠨ ᠡᠴᠡ ᠪᠠᠨ ᠪᠠᠭᠤᠵᠤ᠂ ᠳᠤᠯᠤᠭᠠᠢ ᠡᠭᠢ ᠪᠠᠨ ᠣᠭᠢᠶᠠᠨ ᠦᠰᠤ ᠭᠡᠵᠢᠭᠡ ᠪᠠᠨ ᠶᠠᠩᠵᠤᠯᠠᠭᠠᠤᠨ ᠭᠦᠯ ᠭᠠᠷᠪᠠ᠃ ᠡᠨᠡ ᠪᠠᠢ᠌ᠳᠠᠯ ᠢ ᠬᠠᠷᠠᠭᠰᠠᠨ ᠪᠠᠯᠭᠠᠷ ᠤᠨ ᠣᠢ᠌ᠳᠤᠭᠰᠠᠨ ᠰᠡᠳᠭᠢᠯ ᠳᠠᠨᠠᠢ᠌ᠨ ᠣᠳᠠᠯ ᠦᠭᠡᠶ ᠭᠡᠷ ᠲᠡᠭᠡᠨ ᠬᠠᠷᠢᠬᠤ ᠨᠢ ᠭᠡᠵᠤ ᠳᠤᠳᠤᠷ᠎ᠠ ᠪᠠᠨ ᠪᠠᠶᠠᠷᠯᠠᠯ᠎ᠠ᠃ ᠭᠢᠯᠠᠢ᠌ᠳᠠᠯ᠎ᠠ ᠪᠠᠨ ᠵᠠᠰᠠᠵᠤ ᠭᠤᠶᠤᠯᠠᠵᠤ ᠠᠪᠣᠭᠰᠠᠨ ᠰᠢᠶᠤᠤ ᠮᠢᠩ ᠳᠤᠯᠢ ᠶᠢᠨ ᠨᠠᠭᠠᠨ᠎ᠠ ᠭᠡᠰᠡᠭ᠌ ᠡᠷᠭᠢᠴᠡᠭ᠍ᠰᠡᠨ ᠶᠢᠡᠨ ᠪᠠᠯᠭᠠᠷ ᠣᠷᠤᠭᠤ ᠡᠷᠭᠢᠵᠤ᠄

᠊᠊᠊᠊᠊᠊᠊᠊᠊᠊᠊᠊᠊᠊᠊ ᠡᠪᠦᠭᠡᠨ ᠡ᠂ ᠮᠦᠩᠭᠦ ᠪᠠᠢ᠌ᠨ᠎ᠠ ᠦᠦ ︖ ᠠᠯᠢ ︕ ᠭᠡᠳᠤᠨ ᠡᠳᠦᠷ ᠴᠢᠮ᠎ᠠ ᠪᠠᠷ ᠰᠠᠢ᠌ᠬᠠᠨ ᠠᠰᠠᠷᠠᠭᠤᠯᠤᠯ᠎ᠠ᠃ ᠦᠨᠦᠳᠤᠷ ᠪᠢ ᠵᠡᠭᠡᠯᠢ ᠳᠤ ᠭᠠᠷᠤᠭᠠᠤᠨ ᠮᠢᠬ᠎ᠠ ᠨᠤᠭᠤᠭ᠎ᠠ ᠠᠪᠴᠤ᠂ ᠴᠢᠨᠤ ᠠᠯᠵᠢᠶᠠᠯ ᠢ ᠳᠠᠢ᠌ᠯᠤᠨ ᠠᠴᠢ ᠶᠢ ᠬᠠᠷᠢᠭᠤᠯᠤᠶ᠎ᠠ ᠭᠡᠳ ᠢᠨᠢᠶᠡᠮᠰᠦᠭᠯᠡᠪᠡ᠃

ᠭᠦᠮᠤᠨ ᠭᠡᠨᠡᠳᠲᠡ ᠬᠤᠪᠢᠷᠠᠳᠠᠭ ᠪᠠᠢ᠌ᠬᠤ ᠨᠢ ᠡ ᠭᠡᠮᠡᠨ ᠪᠣᠳᠤᠵᠤ ᠠᠮᠵᠢᠭᠰᠠᠨ ᠪᠠᠯᠭᠠᠷ᠄

᠊᠊᠊᠊᠊᠊᠊᠊᠊᠊᠊᠊᠊᠊᠊ ᠵᠠ ᠳᠡᠭᠡᠭᠡᠳ ᠴᠢ ᠴᠢᠳᠠᠬᠤ ᠦᠦ ︖ ᠡᠰᠡᠭᠦᠯ᠎ᠡ ᠪᠢ ᠶᠠᠪᠣᠶ᠎ᠠ ᠭᠡᠳ ᠬᠠᠷᠮᠠᠨ ᠶᠢᠡᠨ ᠠᠭᠤᠳᠠᠯᠤᠯ᠎ᠠ᠃

᠊᠊᠊᠊᠊᠊᠊᠊᠊᠊᠊᠊᠊᠊᠊ ᠠᠰᠠᠭᠤᠳᠠᠯ ᠪᠠᠢ᠌ᠬᠤ ᠦᠭᠡᠶ᠂ ᠣᠳᠤ ᠮᠢᠨᠤ ᠪᠠᠶ᠎ᠠ ᠣᠭ ᠤᠨ ᠶᠠᠩᠵᠤᠨ ᠳᠠᠭᠠᠨ ᠣᠷᠤᠭᠰᠠᠨ ᠭᠡᠳ ᠮᠦᠩᠭᠦ ᠶᠢ ᠳᠤᠷᠠᠳᠠᠢ ᠳᠤᠰᠴᠠᠢ᠃

ᠪᠠᠯᠭᠠᠷ ᠭᠦᠡᠳᠤ ᠠᠴᠢᠶ᠎ᠠ ᠪᠠᠨ ᠪᠠᠭᠤᠯᠭᠠᠭᠰᠠᠨ ᠭᠦᠭ᠍ᠰᠢᠨ ᠠᠳᠠᠨ ᠰᠢᠭ ᠭᠦᠩᠭᠡᠷᠡᠨ᠄

᠊᠊᠊᠊᠊᠊᠊᠊᠊᠊᠊᠊᠊᠊᠊ ᠭᠠᠳᠠᠨ᠎ᠠ ᠭᠦᠢᠳᠡᠨ ᠪᠠᠢ᠌ᠨ᠎ᠠ᠂ ᠰᠠᠯᠭᠢ ᠠᠪᠴᠢᠬᠠᠨ᠎ᠠ᠂ ᠵᠤᠵᠠᠭᠠᠨ ᠬᠤᠪᠴᠠᠰᠤ ᠪᠠᠨ ᠡᠮᠦᠰ ᠭᠡᠵᠤ ᠵᠠᠭᠢᠯ᠎ᠠ᠃

ᠠᠮᠤᠷᠤᠨ ᠣᠠᠳᠠᠵᠤ ᠪᠠᠢ᠌ᠭ᠎ᠠ ᠮᠠᠠᠴᠤᠢ ᠲᠡᠶ ᠨᠢᠯᠬ᠎ᠠ ᠶᠢᠨ ᠶᠢᠡᠨ ᠬᠠᠵᠠᠭᠤ ᠡᠴᠡ ᠭᠦᠷᠮ᠎ᠡ ᠪᠠᠨ ᠡᠪᠳᠡᠢ᠌ᠭᠡᠨ ᠠᠪᠣᠭᠰᠠᠨ ᠰᠢᠶᠤᠤ ᠮᠢᠩ᠄

᠊᠊᠊᠊᠊᠊᠊᠊᠊᠊᠊᠊᠊᠊᠊ ᠦᠬᠢᠨ ᠴᠢᠨᠢ ᠴᠢᠮ᠎ᠠ ᠶᠢ ᠠᠮᠢᠳᠤ ᠪᠠᠷ ᠥᠪᠴᠢᠭᠡᠳ ᠳᠠᠯᠪᠢᠴᠢᠬᠠᠵᠠᠢ ᠭᠡᠳ ᠪᠠᠯᠭᠠᠷ ᠢ ᠬᠠᠷᠠᠨ ᠮᠤᠰᠢᠯᠵᠠᠪᠠ᠃

ᠪᠠᠯᠭᠠᠷ ᠤᠨ ᠭᠦᠭᠡᠷᠤᠨ ᠭᠦᠭ᠍ᠰᠡᠵᠤ ᠪᠠᠢ᠌ᠭᠰᠠᠨ ᠰᠡᠳᠭᠢᠯ ᠣᠷᠤᠭᠤ ᠭᠦᠢᠳᠡᠨ ᠣᠰᠤ ᠠᠰᠬᠠᠬᠤ ᠰᠢᠭ ᠪᠣᠯᠤᠯ᠎ᠠ᠃ ᠡᠨᠡ ᠬᠡᠦᠬᠡᠳ ᠢ ᠦᠪᠡᠷ ᠤᠨ ᠶᠢᠡᠨ ᠭᠡᠵᠤ ᠳᠠᠷᠠ ᠭᠡᠵᠢᠶ᠎ᠡ ᠴᠤ ᠳᠤᠯᠤᠭᠠᠢ ᠳᠠᠭᠠᠨ ᠠᠪᠣᠭ᠎ᠠ ᠦᠭᠡᠶ ᠡ᠃ ᠭᠡᠪᠠᠴᠤ ᠠᠮᠢᠳᠤᠷᠠᠯ ᠵᠠᠷᠢᠮ ᠳᠤ ᠴᠢᠮ᠎ᠠ ᠶᠢ ᠰᠢᠷᠬᠠᠳᠤᠭ᠎ᠠ ᠦᠭᠡᠶ ᠪᠠᠢ᠌ᠬᠤ ᠳᠤ ᠭᠦᠴᠤ ᠪᠠᠷ ᠶᠤᠤᠯᠠᠭᠤᠯᠳᠠᠭ ᠣᠴᠢᠷ᠂ ᠪᠠᠯᠭᠠᠷ ᠴᠤ ᠳᠠᠷᠰᠯᠠᠵᠤ ᠴᠢᠳᠠᠬᠤ ᠦᠭᠡᠶ ᠠᠵᠢ᠃

᠊᠊᠊᠊᠊᠊᠊᠊᠊᠊᠊᠊᠊᠊᠊ ᠭᠦᠤ ᠭᠠᠷᠪᠠᠯ ᠡᠴᠢᠭᠡ ᠪᠠᠨ᠂ ᠭᠡᠦᠭᠡᠨ ᠭᠠᠷᠪᠠᠯ ᠡᠭᠡ ᠪᠠᠨ ᠭᠡᠳᠡᠭ᠌ ᠰᠢᠤ᠃ ᠪᠢ ᠥᠵᠡᠭᠦ ᠳᠤ ᠳᠠᠷᠠ ᠠᠮᠠ ᠬᠠᠮᠠᠷ ᠨᠢ ᠴᠢᠮ᠎ᠠ ᠲᠡᠶ ᠭᠠᠭᠴᠠ ᠶᠢᠨ ᠪᠠᠢ᠌ᠨ᠎ᠠ ᠭᠡᠴᠢᠭᠡᠭᠡᠳ ᠪᠠᠯᠭᠠᠷ ᠭᠡᠵᠢᠭᠡ ᠪᠠᠨ ᠭᠠᠷ ᠶᠢᠡᠷ ᠶᠢᠡᠨ ᠬᠣᠢ᠌ᠰᠢ ᠨᠢ ᠢᠯᠢᠰᠭᠢᠯ᠎ᠡ᠃

ᠰᠢᠶᠤᠤ ᠮᠢᠩ ᠡᠨᠡ ᠶᠠᠭᠤ ᠭᠡᠯᠡᠴᠢᠭᠡᠪᠡ ᠭᠡᠭᠦ ᠰᠢᠭ᠌ ᠪᠠᠯᠭᠠᠷ ᠢ ᠲᠦᠷ ᠠᠵᠢᠭᠯᠠᠵᠤ ᠠᠪᠣᠭᠰᠠᠨ ᠶᠢᠡᠨ᠄

᠊᠊᠊᠊᠊᠊᠊᠊᠊᠊᠊᠊᠊᠊᠊ ᠭᠦᠮᠤᠨ ᠥᠭᠡᠳᠡ ᠭᠡᠭᠦ ᠳᠤ ᠣᠷᠤᠭᠤ ᠭᠡᠳ᠃ ᠵᠠ ᠪᠢ ᠶᠠᠪᠣᠯ᠎ᠠ᠂ ᠴᠢ ᠦᠬᠢᠨ ᠶᠢᠡᠨ ᠰᠠᠢ᠌ᠨ ᠬᠠᠷᠠᠬᠤ ᠶᠤᠮ ᠰᠢᠤ ᠭᠡᠴᠢᠭᠡᠭᠡᠳ ᠭᠠᠷᠪᠠ᠃

ᠪᠠᠯᠭᠠᠷ ᠣᠠᠳᠠᠵᠤ ᠪᠠᠢ᠌ᠭ᠎ᠠ ᠬᠡᠦᠬᠡᠳ ᠢ ᠣᠳᠠᠭᠠᠨ ᠭᠡᠭ᠍ᠴᠢ ᠠᠵᠢᠭᠯᠠᠯ᠎ᠠ᠃ ᠬᠠᠷᠠᠬᠠᠨ ᠨᠢᠭᠤᠷ ᠤᠨ ᠶᠢᠡᠨ ᠭᠦᠭᠡ ᠦᠰᠤ ᠶᠢ ᠭᠡᠭᠡᠭᠡᠳ ᠦᠭᠡᠶ ᠪᠠᠢ᠌ᠭ᠎ᠠ ᠣᠯᠠᠭᠠᠨ ᠨᠢᠯᠬ᠎ᠠ ᠠᠮᠢᠳᠠᠨ ᠢ ᠣᠳᠤ ᠳᠡᠭᠡᠷ᠎ᠡ ᠪᠠᠨ ᠡᠭᠦᠨ ᠲᠡᠶ ᠠᠳᠠᠯᠢ ᠭᠡᠳ ᠭᠡᠯᠡᠭᠦ ᠳᠤ ᠠᠷᠠᠢ ᠡᠷᠳᠡ ᠡ᠃ ᠭᠡᠪᠠᠴᠤ ᠶᠠᠭᠠᠭᠢᠵᠤ ᠪᠣᠳᠤᠯ᠎ᠠ ᠭᠡᠳ ᠦᠪᠡᠷ ᠤᠨ ᠭᠢᠨᠢ ᠪᠢᠰᠢ ᠭᠡᠳᠡᠭ᠌ ᠶᠢᠡᠨ ᠪᠠᠳᠤ ᠢᠳᠡᠭᠡᠨ᠎ᠡ᠃ ᠳᠠᠮᠠᠭᠢ ᠪᠠᠨ ᠭᠠᠯᠯᠠᠴᠢᠬᠠᠭᠠᠤᠨ ᠴᠤᠩᠬᠤ ᠪᠠᠷ ᠭᠠᠳᠠᠭᠰᠢ ᠬᠠᠷᠠᠨ ᠵᠤᠭᠰᠤᠪᠠ᠃ ᠥᠭᠡᠷ ᠤᠨ ᠪᠦᠭᠡᠷ᠎ᠡ ᠰᠢᠭ᠌ ᠨᠢᠭᠡ ᠨᠢᠭᠡᠨ ᠲᠡᠶ ᠪᠠᠨ ᠨᠠᠭᠠᠯᠳᠤᠨ ᠪᠣᠰᠤᠭᠰᠠᠨ ᠶᠠᠩᠵᠤ ᠶᠢᠨ ᠪᠠᠷᠢᠯᠭ᠎ᠠ ᠨᠤᠭᠤᠳ ᠬᠠᠮᠠᠷ ᠲᠤ ᠳᠤᠯᠤᠨ ᠢᠷᠠᠨ᠎ᠡ᠃ ᠶᠠᠭᠤ ᠪᠦᠭᠦᠨ ᠬᠤᠪ ᠬᠤᠭᠤᠰᠤᠨ ᠱᠠᠯ ᠳᠠᠮᠠᠢ᠂ ᠶᠠᠮᠠᠷ ᠴᠤ ᠤᠳᠬ᠎ᠠ ᠠᠭᠤᠯᠭ᠎ᠠ ᠠᠯᠠᠭ᠎ᠠ᠃ ᠭᠡᠷ ᠲᠡᠭᠡᠨ ᠣᠳᠠᠰᠤ ᠠᠪᠬᠤ ᠭᠡᠵᠤ ᠭᠠᠷ ᠣᠳᠠᠰᠤ ᠪᠠᠨ ᠭᠠᠷᠭᠠᠯ᠎ᠠ᠃ ᠳᠡᠭᠡᠭᠡᠳ ᠨᠤᠮᠸᠷ ᠶᠢᠡᠨ ᠳᠠᠷᠤᠴᠢᠬᠠᠭᠠᠤᠨ ᠵᠠᠯᠭᠠᠬᠤ ᠭᠡᠰᠡᠨ ᠶᠢᠡᠨ ᠪᠣᠯᠢᠪᠠ᠃ ᠶᠠᠭᠤ ᠭᠡᠯᠡᠳᠡᠭ᠌ ᠪᠢᠯᠠ ︖ ᠪᠠᠰᠠ ᠯᠠ ᠬᠤᠳᠠᠯ ᠭᠡᠯᠡᠨ᠎ᠡ ᠦᠦ ︖ ᠣᠳᠤ ᠴᠤ ᠬᠤᠳᠠᠯ ᠭᠡᠯᠡᠵᠤ ᠪᠠᠢ᠌ᠳᠠᠯ᠎ᠠ ᠨᠠᠮ᠎ᠠ ᠶᠢ ᠢᠳᠡᠭᠡᠭᠦ ᠪᠠᠨ ᠪᠣᠯᠢᠴᠢᠬᠠᠭᠰᠠᠨ ᠪᠠᠢ᠌ᠬ᠎ᠠ ᠡ᠃ ᠡᠷᠳᠡ ᠣᠳᠠᠯ ᠦᠭᠡᠶ ᠬᠠᠷᠢᠨ᠎ᠠ ᠭᠡᠳ ᠠᠮᠠ ᠠᠯᠳᠠᠭᠰᠠᠨ ᠡᠴᠡ ᠬᠣᠢ᠌ᠰᠢ ᠣᠳᠠᠰᠤ ᠠᠪᠣᠯ ᠦᠭᠡᠶ ᠶᠡᠭᠡ ᠣᠳᠠᠵᠤ ᠪᠠᠢ᠌ᠭ᠎ᠠ᠃ ᠪᠦᠷ ᠬᠠᠰᠢᠷᠠᠴᠢᠬᠠᠭᠰᠠᠨ ᠪᠠᠢ ᠯᠠ ᠦᠭᠡᠶ᠂ ᠨᠠᠳᠠ ᠴᠤ ᠣᠳᠠᠰᠤ ᠢᠷᠡᠭᠦᠯᠭᠦ ᠪᠠᠨ ᠪᠠᠢ᠌ᠴᠢᠬᠠᠵᠠᠢ᠃ ᠳᠠᠷᠠ ᠴᠤᠩᠬᠤ ᠪᠠᠷ ᠭᠠᠳᠠᠭᠰᠢ ᠬᠠᠷᠠᠨ ᠣᠳᠠᠳᠠᠯ᠎ᠠ ᠵᠤᠭᠰᠤᠪᠠ᠃ ᠬᠠᠷᠠᠨ᠎ᠠ ᠴᠤ ᠭᠡᠵᠤ ᠳ᠋ᠠ᠂ ᠬᠠᠵᠠᠭᠤ ᠡᠴᠡ ᠨᠢ ᠠᠵᠢᠭᠯᠠᠬᠤ ᠳᠤ ᠡᠮᠦᠨᠡᠭᠢ ᠶᠠᠭᠤᠮᠠᠨ ᠳᠠᠭᠠᠨ ᠳᠤᠩ ᠠᠩᠬᠠᠷᠤᠯ ᠳᠠᠯᠪᠢᠭ᠎ᠠ ᠰᠢᠭ ᠪᠣᠯᠪᠠᠴᠤ ᠦᠨᠡᠨ ᠳᠡᠭᠡᠨ ᠶᠠᠭᠤ ᠴᠤ ᠣᠯᠵᠤ ᠥᠵᠡᠭᠡ ᠦᠭᠡᠶ᠃ ᠬᠠᠷᠢᠨ ᠶᠠᠭᠠᠭᠢᠵᠤ ᠰᠢᠶᠤᠤ ᠮᠢᠩ ᠤᠨ ᠭᠠᠷ ᠡᠴᠡ ᠠᠯᠳᠠᠭᠳᠠᠵᠤ ᠭᠡᠷ ᠲᠡᠭᠡᠨ ᠬᠠᠷᠢᠬᠤ ᠪᠣᠢ ᠭᠡᠳᠡᠭ᠌ ᠲᠤ ᠪᠦᠭᠦ ᠣᠬᠠᠭᠠᠨ ᠰᠠᠨᠠᠭ᠎ᠠ ᠪᠠᠨ ᠰᠢᠨᠠᠯᠭᠠᠵᠤ ᠪᠠᠢ᠌ᠯ᠎ᠠ᠃ ᠲᠦᠷ ᠵᠠᠭᠤᠷ᠎ᠠ ᠰᠢᠶᠤᠤ ᠮᠢᠩ ᠤᠨ ᠭᠠᠷ ᠡᠴᠡ ᠠᠯᠳᠠᠭᠳᠠᠵᠤ ᠪᠣᠯᠤᠨ᠎ᠡ᠂ ᠭᠡᠳᠡᠯ᠎ᠡ ᠡᠨᠡ ᠭᠠᠯᠵᠠᠭᠤ ᠠᠮᠢᠳᠠᠨ ᠮᠤᠬᠤᠷ ᠰᠤᠬᠤᠷ 《ᠡᠭᠦᠨ ᠶᠢᠡᠨ ᠡᠵᠡᠯᠡ ︕》 ᠭᠡᠳ ᠵᠢᠭᠤᠷᠠᠭᠠᠤᠨ ᠪᠠᠢ᠌ᠪᠠᠯ ᠶᠠᠭᠠᠭᠢᠳᠠᠭ ᠪᠢᠯᠠ ︖ ᠨᠠᠰᠤ ᠪᠠᠷ ᠡᠭᠦᠨ ᠤ ᠭᠠᠷ ᠲᠤ ᠠᠷᠬᠠᠯᠠᠭᠳᠠᠵᠤ ᠣᠢ᠌ᠯᠠ ᠪᠠᠨ ᠥᠵᠡᠭᠦ ᠦᠦ ︖ ᠣᠷᠢᠳᠤ ᠨᠢ ᠰᠠᠭᠤᠭᠠᠤᠨ ᠪᠣᠯᠵᠤ ᠪᠠᠢ᠌ᠭᠰᠠᠨ ᠪᠠᠢ᠌ᠷᠢ ᠨᠢ ᠦᠨᠦᠳᠤᠷ ᠳᠡᠭᠦᠨ ᠳᠤ ᠬᠠᠷᠢᠨ ᠭᠡᠨᠡᠳᠲᠡ ᠪᠠᠴᠢᠮᠬᠠᠨ ᠰᠠᠨᠠᠭᠳᠠᠵᠤ᠂ ᠠᠭᠤᠵᠢᠮ ᠰᠢᠭ ᠠᠮᠢᠰᠬᠤᠭ᠎ᠠ ᠠᠪᠬᠤ ᠳᠤ ᠴᠤ ᠭᠦᠴᠢᠷᠳᠡᠭᠦ ᠪᠣᠯᠵᠠᠢ᠃ ᠢᠯᠡᠭᠦᠤ ᠳᠤᠯᠢᠶᠠᠨ᠎ᠡ ᠭᠡᠳ ᠴᠢᠯᠠᠭᠤ ᠳᠦᠯᠢᠶᠡᠭ᠍ᠰᠡᠨ ᠰᠠᠢ᠌ᠬᠠᠨ ᠥᠯᠢᠭᠡᠷ ᠨᠠᠳᠠ ᠡᠴᠡ ᠡᠭᠦᠰᠭᠦ ᠨᠢ ᠡ᠃ ᠳᠡᠭᠡᠳᠡᠯ᠎ᠡ ᠳᠠᠷᠠ ᠵᠠᠭᠤᠷ᠎ᠠ ᠣᠠᠳᠠᠵᠤ ᠪᠠᠢ᠌ᠭᠰᠠᠨ ᠨᠢᠯᠬ᠎ᠠ ᠠᠮᠢᠳᠠᠨ ᠰᠡᠷᠢᠴᠢᠭᠡᠯ᠎ᠡ᠃ ᠣᠭᠢᠯᠠᠩᠨᠠᠬᠤ ᠶᠠᠩᠵᠤ ᠭᠠᠷᠬᠤ ᠳᠤ ᠪᠠᠯᠭᠠᠷ ᠬᠠᠯᠠᠭᠤᠨ ᠣᠰᠤ ᠪᠠᠷ ᠰᠦ᠋ ᠶᠢ ᠨᠢ ᠪᠦᠯᠢᠶᠡᠯᠡᠨ ᠣᠭᠵᠢᠪᠠ᠃ ᠰᠢᠶᠤᠤ ᠮᠢᠩ ᠭᠠᠷᠤᠭᠰᠠᠨ ᠴᠠᠭ ᠡᠴᠡ ᠨᠢ ᠭᠠᠭᠴᠠ ᠣᠳᠠᠭ᠎ᠠ ᠴᠤ ᠭᠦᠭᠦᠯᠦᠭᠡᠳ ᠦᠭᠡᠶ᠃ ᠣᠭᠵᠢ ᠪᠠᠨ ᠠᠮᠳᠠᠷᠬᠠᠨ ᠭᠦᠭᠦᠵᠤ ᠪᠠᠢ᠌ᠭᠰᠠᠨ ᠨᠢᠯᠬ᠎ᠠ ᠠᠮᠢᠳᠠᠨ ᠳᠡᠭᠡᠷ᠎ᠡ ᠡᠴᠡ ᠨᠢ ᠥᠩᠭᠡᠢ᠌ᠨ ᠬᠠᠷᠠᠵᠤ ᠪᠠᠢ᠌ᠭ᠎ᠠ ᠪᠠᠯᠭᠠᠷ ᠢ ᠬᠠᠷᠠᠭᠠᠤᠨ ᠨᠢᠮᠭᠡᠨ ᠵᠠᠪᠢᠵᠢᠨ ᠳᠡᠭᠡᠷ᠎ᠡ ᠪᠠᠨ ᠬᠦᠩᠭᠡᠨ ᠢᠨᠢᠶᠡᠮᠰᠦᠭᠯᠡᠯ ᠳᠤᠭᠯᠠᠭᠤᠯᠪᠠ᠃ ᠡᠴᠢᠭᠡ ᠡᠭᠡ ᠳᠤ ᠨᠢ ᠲᠦᠮᠡ ᠮᠢᠩᠭ᠋ᠠᠨ ᠪᠣᠷᠤᠭᠤ ᠲᠡᠶ ᠪᠠᠢ᠌ᠭ᠎ᠠ ᠴᠤ ᠬᠡᠦᠬᠡᠳ ᠲᠤ ᠶᠠᠮᠠᠷ ᠪᠣᠷᠤᠭᠤ ᠪᠠᠢ᠌ᠬᠤ ᠪᠢᠯᠠ ⁈ ᠭᠦᠮᠤᠨ ᠬᠠᠷ᠎ᠠ ᠵᠠᠶᠠᠭᠠᠳᠠᠨ ᠤ ᠨᠢᠳᠤ ᠪᠠᠨ ᠠᠨᠢᠵᠤ ᠪᠠᠢ᠌ᠭᠠᠤᠨ ᠥᠢᠯᠡᠳᠦᠭ᠍ᠰᠡᠨ ᠨᠢᠭᠦᠯ ᠡᠴᠡ ᠪᠣᠯᠤᠭᠠᠤᠨ ᠡᠨᠡ ᠨᠢᠯᠬ᠎ᠠ ᠠᠮᠢᠳᠠᠨ ᠭᠡᠴᠢᠨᠡᠨ ᠴᠤ ᠣᠢ᠌ᠯᠠ ᠳᠠᠮᠤ ᠪᠠᠨ ᠥᠵᠡᠳᠡᠭ᠌ ᠪᠣᠯ ᠭᠡᠵᠤ ᠦᠷᠤ ᠡᠪᠠᠳᠦᠯ᠎ᠡ᠃ ᠵᠠᠷᠢᠮ ᠳᠤ ᠭᠦᠮᠤᠨ ᠤ ᠭᠢᠭ᠍ᠰᠡᠨ ᠨᠢᠭᠦᠯ ᠭᠢᠯᠢᠠᠴᠠ ᠡᠷᠭᠢᠭᠡᠳ ᠪᠠᠶ᠎ᠠ ᠳᠤ ᠨᠢ ᠳᠤᠰᠬᠤ ᠦᠭᠡᠶ ᠬᠠᠷᠢᠨ ᠵᠥᠩᠳᠡᠭᠡᠨ ᠶᠠᠪᠣᠭᠰᠠᠨ ᠭᠦᠮᠤᠨ ᠠᠮᠢᠳᠠᠨ ᠳᠤ ᠭᠠᠢ ᠠᠪᠴᠢᠷᠠᠳᠠᠭ ᠨᠢ ᠭᠡᠴᠡᠭᠦᠤ᠃ ᠴᠤᠬᠤᠮ ᠴᠤ ᠪᠠᠷᠴᠢᠳ ᠢᠷᠡᠭᠦ ᠦᠭᠡᠶ ᠭᠠᠵᠠᠷ ᠪᠠᠷᠴᠢᠳ ᠢᠷᠡᠳᠡᠭ᠌ ᠮᠠᠭᠤᠬᠠᠢ ᠬᠤᠷᠸ᠎ᠠ ᠡ ︕

ᠪᠠᠯᠭᠠᠷ ᠮᠠᠠᠴᠤᠢ ᠲᠡᠶ ᠨᠢᠯᠬ᠎ᠠ ᠪᠠᠨ ᠬᠠᠭᠤᠷᠠᠢ᠌ᠯᠠᠨ ᠣᠭᠵᠢᠵᠤ ᠰᠠᠭᠠᠳᠠᠭᠤᠯᠤᠭᠰᠠᠭᠠᠷ ᠠᠰᠠᠭᠨ ᠪᠣᠯᠭᠠᠪᠠ᠃ ᠮᠢᠬ᠎ᠠ ᠨᠤᠭᠤᠭ᠎ᠠ ᠠᠪᠣᠨ᠎ᠠ ᠭᠡᠳ ᠦᠷᠯᠦᠭᠡ ᠶᠠᠪᠣᠭᠰᠠᠨ ᠭᠦᠮᠤᠨ ᠡᠳᠦᠢ ᠪᠣᠯᠳᠠᠯ᠎ᠠ ᠪᠠᠷ᠎ᠠ ᠴᠢᠭ᠌ ᠪᠠᠢ᠌ᠳᠠᠭ ᠦᠭᠡᠶ᠃ ᠥᠨᠡᠭᠡᠷ ᠶᠠᠭᠠᠭᠢᠴᠢᠬᠠᠪᠠ ᠡ ︖ ᠪᠠᠯᠭᠠᠷ ᠪᠠᠴᠢᠮᠳᠠᠨ ᠭᠦᠯ ᠠᠯᠳᠠᠵᠤ ᠡᠭᠢᠯᠡᠯ᠎ᠡ᠃ 《ᠠᠷᠠᠢ ᠴᠤ ᠁》 ᠭᠡᠰᠡᠨ ᠠᠶᠤᠮᠰᠢᠭᠳᠠᠢ ᠪᠣᠳᠤᠯ ᠰᠡᠳᠭᠢᠯ ᠳᠤ ᠨᠢ ᠴᠠᠭᠢᠯᠤᠨ ᠣᠷᠤᠵᠤ ᠢᠷᠡᠭᠦ ᠳᠤ ᠳᠡᠰᠦᠭ᠍ᠰᠡᠨ ᠦᠭᠡᠶ ᠭᠡᠳᠤ ᠴᠤ ᠣᠳᠠᠭ᠎ᠠ ᠴᠤᠩᠬᠤ ᠪᠠᠷ ᠱᠠᠭᠠᠢ᠌ᠨ ᠭᠤᠳᠤᠮᠵᠢ ᠶᠢᠨ ᠠᠮᠠ ᠣᠷᠤᠭᠤ ᠬᠠᠷᠠᠭᠤᠯᠳᠠᠪᠠ᠃ ᠭᠡᠳᠡᠯ᠎ᠡ ᠭᠡᠴᠢᠨᠡᠨ ᠬᠠᠷᠠᠭᠤᠯᠳᠠᠯ᠎ᠠ ᠭᠡᠳ ᠭᠦᠰᠡᠭ᠍ᠰᠡᠨ ᠭᠦᠰᠡᠯ ᠬᠤᠭᠤᠰᠤᠳᠠᠬᠤ ᠨᠢ ᠭᠠᠷᠴᠠᠭ᠎ᠠ ᠦᠭᠡᠶ ᠪᠣᠯᠵᠠᠢ᠃ ᠪᠦᠷᠦᠢ ᠳᠠᠰᠤᠷᠠᠳᠠᠯ᠎ᠠ ᠭᠦᠯᠢᠶᠡᠭᠡᠳ ᠡᠰᠡ ᠢᠷᠡᠭᠦ ᠳᠤ ᠪᠠᠯᠭᠠᠷ ᠰᠠ‍‌ᠶᠢ ᠰᠢᠶᠤᠤ ᠮᠢᠩ ᠳᠤ ᠬᠠᠭᠤᠷᠳᠠᠭᠰᠠᠨ ᠶᠢᠡᠨ ᠮᠠᠳᠠᠪᠠ᠃ ᠬᠠᠩᠭ᠋ᠠᠢ ᠪᠠᠢ᠌ᠰᠢᠩ ᠳᠤᠳᠤᠷ᠎ᠠ ᠬᠠᠷ᠎ᠠ ᠭᠠᠭᠴᠠᠭᠠᠷ ᠶᠢᠡᠨ ᠣᠴᠠᠭᠠᠷᠳᠠᠵᠤ ᠦᠵᠡᠯ᠎ᠠ᠂ ᠠᠭᠤᠷᠯᠠᠵᠤ ᠦᠵᠡᠯ᠎ᠠ᠃ ᠶᠠᠮᠠᠷ ᠴᠤ ᠳᠤᠰᠠ ᠭᠠᠷᠤᠭ᠎ᠠ ᠦᠭᠡᠶ᠃ ᠭᠠᠷᠭᠠᠭᠰᠠᠨ ᠦᠷ᠎ᠡ ᠪᠠᠨ ᠬᠠᠶ‍ᠠᠴᠢᠬᠠᠭᠠᠤᠨ ᠨᠢᠳᠤ ᠴᠢᠭᠢ ᠦᠭᠡᠶ ᠵᠢᠯᠢ᠌ᠴᠢᠭᠡᠳᠡᠭ᠌ ᠡᠭᠡ ᠪᠠᠰᠠ ᠪᠠᠢ᠌ᠳᠠᠭ ᠢ ᠪᠠᠯᠭᠠᠷ ᠦᠨᠦᠳᠤᠷ ᠰᠠ‍‌ᠶᠢ ᠨᠢᠳᠤ ᠪᠠᠷ ᠶᠢᠡᠨ ᠦᠵᠡᠵᠠᠢ᠃ ᠮᠠᠯ ᠢ ᠴᠤ ᠭᠦᠷᠭᠦ ᠦᠭᠡᠶ ᠠᠮᠢᠳᠠᠨ ᠭᠡᠵᠤ ᠳᠤᠳᠤᠷ᠎ᠠ ᠪᠠᠨ ᠥᠭᠦᠨ ᠬᠠᠷᠢᠶᠠᠯ᠎ᠠ᠃ ᠣᠢ᠌ᠯᠠᠳᠤᠯ ᠭᠠᠷᠳᠠᠭ ᠡᠰᠡᠭᠦ ᠪᠠᠨ ᠦᠪᠡᠷ ᠶᠢᠡᠨ ᠴᠤ ᠮᠡᠳᠡᠭᠦ ᠦᠭᠡᠶ᠃ ᠭᠡᠨᠡᠳᠲᠡ ᠢᠷᠡᠭ᠍ᠰᠡᠨ ᠵᠤᠪᠠᠯᠠᠩ ᠳᠤ ᠰᠡᠳᠭᠢᠯ ᠶᠢᠡᠷ ᠣᠨᠠᠨ ᠪᠠᠢ᠌ᠬᠤ ᠳᠠᠭᠠᠨ ᠦᠯᠦᠰᠴᠤ ᠣᠮᠳᠠᠭᠠᠰᠴᠤ ᠪᠠᠢ᠌ᠭ᠎ᠠ ᠪᠠᠨ ᠭᠦᠷᠳᠡᠯ᠎ᠡ ᠳᠠᠭ ᠮᠠᠷᠳᠠᠵᠠᠢ᠃ ᠡᠭᠡ ᠳᠡᠭᠡᠨ ᠭᠤᠯᠤᠭᠳᠠᠭᠰᠠᠨ ᠦᠨᠦᠭᠢ ᠨᠢᠯᠬ᠎ᠠ ᠠᠮᠢᠳᠠᠨ ᠴᠤ ᠶᠠᠭᠤ ᠨᠢᠭᠡ ᠶᠢ ᠮᠡᠳᠡᠭᠡ ᠰᠢᠭ᠌ ᠪᠠᠢ᠌ᠨ ᠪᠠᠢ᠌ᠨ ᠣᠭᠢᠯᠠᠬᠤ ᠭᠡᠳ ᠪᠠᠢ᠌ᠬᠤᠯᠠᠷ ᠪᠠᠯᠭᠠᠷ ᠪᠠᠷᠤᠭ ᠪᠦᠳᠤᠨ ᠰᠦᠨᠢ ᠨᠣᠢ᠌ᠷ ᠬᠤᠭᠤᠯᠠ ᠦᠭᠡᠶ ᠳᠡᠭᠦᠨ ᠲᠡᠶ ᠣᠷᠢᠶᠠᠯᠳᠤᠨ ᠬᠤᠨᠤᠯ᠎ᠠ᠃

ᠰᠢᠶᠤᠤ ᠮᠢᠩ ᠮᠠᠷᠭᠠᠰᠢ ᠨᠢ ᠴᠤ ᠢᠷᠡᠭᠡ ᠦᠭᠡᠶ᠃ ᠨᠢᠭᠡᠨᠲᠡ ᠢᠷᠡᠭᠦ ᠡᠴᠡ ᠥᠩᠭᠡᠷᠡᠭ᠍ᠰᠡᠨ ᠭᠦᠮᠤᠨ ᠢ ᠬᠤᠭᠤᠰᠤᠨ ᠭᠦᠯᠢᠶᠡᠵᠤ ᠰᠠᠭᠤᠭᠠᠤᠨ ᠦᠯᠪᠡᠷᠴᠤ ᠥᠭᠦᠯᠳᠡᠢ ᠪᠢᠰᠢ᠂ ᠨᠢᠯᠬ᠎ᠠ ᠠᠮᠢᠳᠠᠨ ᠶᠢᠡᠨ ᠠᠷᠠᠢ ᠭᠡᠵᠤ ᠣᠭᠵᠢᠨ ᠣᠠᠳᠠᠭᠤᠯᠤᠭᠠᠤᠨ ᠪᠠᠯᠭᠠᠷ ᠵᠡᠭᠡᠯᠢ ᠳᠤ ᠭᠠᠷᠤᠨ ᠬᠤᠭᠤᠯᠠ ᠢᠳᠠᠪᠠ᠃ ᠪᠣᠴᠠᠭᠠᠤᠨ ᠢᠷᠡᠭᠦ ᠳᠤ ᠦᠨᠦᠭᠢ ᠨᠢ ᠰᠡᠷᠢᠴᠢᠭᠡᠭ᠍ᠰᠡᠨ ᠪᠠᠭᠠᠰᠤ ᠰᠢᠭᠡᠰᠤᠨ ᠳᠡᠭᠡᠨ ᠯᠠᠳᠠᠨ᠂ ᠣᠭᠢᠯᠠᠵᠤ ᠪᠠᠷᠭᠢᠷᠠᠭᠠᠤᠨ ᠰᠤᠢ᠌ᠳ ᠪᠣᠯᠵᠤ ᠪᠠᠢ᠌ᠵᠠᠢ᠃ ᠪᠠᠯᠭᠠᠷ ᠤᠨ ᠰᠡᠳᠭᠢᠯ ᠭᠠᠭᠴᠠᠮᠤᠰᠤᠨ ᠥᠭᠦᠪᠡ᠃ ᠵᠢᠷᠭᠠᠬᠤ ᠴᠠᠭ ᠲᠠᠭᠠᠨ ᠵᠢᠷᠭᠠᠵᠤ ᠮᠡᠳᠡᠭᠦ ᠦᠭᠡᠶ ᠵᠤᠪᠠᠯᠠᠩ ᠬᠠᠢ᠌ᠭᠰᠠᠨ ᠶᠢᠡᠨ ᠪᠣᠳᠤᠬᠤ ᠳᠤ ᠭᠤᠮᠤᠳᠠᠯ ᠬᠠᠷᠠᠮᠰᠠᠯ ᠴᠡᠭᠡᠵᠢ ᠪᠠᠷ ᠳᠦᠭᠦᠷᠦᠭᠡᠳ ᠠᠮᠢᠳᠤ ᠶᠠᠪᠣᠭᠰᠠᠨ ᠤ ᠣᠴᠢᠷ ᠠᠭᠤᠯᠭ᠎ᠠ ᠠᠯᠳᠠᠷᠠᠵᠤ᠂ ᠠᠰᠠᠷ ᠣᠷᠤᠭᠤ ᠭᠠᠭᠴᠠ ᠦᠰᠦᠷᠴᠢᠭᠡᠶ᠎ᠡ ᠭᠡᠳ ᠭᠦᠶ‍ᠦᠵᠤ ᠭᠦᠷᠤᠨ ᠴᠤᠩᠬᠤᠨ ᠤ ᠪᠠᠨ ᠨᠡᠭᠡᠭᠡᠯᠭᠡ ᠶᠢᠨ ᠳᠤᠪᠴᠢ ᠶᠢ ᠮᠦᠰᠭᠡᠳᠡᠯ᠎ᠡ ᠨᠢᠯᠬ᠎ᠠ ᠠᠮᠢᠳᠠᠨ 《ᠸᠨ ︕》 ᠭᠡᠳ ᠭᠡᠨᠡᠳᠲᠡ ᠴᠡᠰᠭᠡᠯ᠎ᠡ᠃ ᠡᠮᠨᠡᠯᠭᠡ ᠶᠢᠨ ᠬᠤᠷᠢᠶᠠᠨ ᠳᠤ ᠡᠭᠡ ᠪᠠᠨ ᠵᠤᠪᠠᠭᠠᠨ ᠭᠠᠷᠤᠭᠰᠠᠨ ᠪᠠᠯᠴᠢᠷ ᠣᠮᠪᠣᠯ ᠤᠨ ᠭᠢᠨᠢ ᠨᠢᠯᠬ᠎ᠠ ᠳᠠᠭᠤ ᠳᠠᠷᠠ ᠶᠠᠩᠵᠤ ᠪᠠᠷ ᠶᠢᠡᠨ ᠪᠠᠯᠭᠠᠷ ᠤᠨ ᠰᠤᠨᠤᠷ ᠶᠢᠡᠷ ᠳᠠᠮᠵᠢᠨ ᠵᠢᠷᠦᠭᠡᠨ ᠳᠤ ᠬᠠᠳᠬᠤᠵᠠᠢ᠃ ᠭᠠᠷ ᠨᠢ ᠢᠳᠡᠭ᠌ ᠢᠳᠡᠭ᠌ ᠶᠢᠡᠷ ᠰᠤᠯᠠᠷᠠᠨ ᠳᠤᠷᠤᠭᠰᠢ ᠣᠨᠠᠪᠠ᠃ ᠴᠢᠰᠤᠨ ᠳᠤ ᠭᠦᠷᠳᠡᠯ᠎ᠡ ᠰᠢᠩᠭᠡᠭ᠍ᠰᠡᠨ ᠣᠳᠤᠮ ᠤᠨ ᠳᠠᠷᠠ ᠨᠢᠭᠡ ᠵᠥᠭᠡᠯᠡᠨ ᠰᠡᠳᠭᠢᠯ ᠪᠠᠯᠭᠠᠷ ᠢ ᠥᠭᠦᠯ ᠤᠨ ᠢᠷᠮᠡᠭ᠌ ᠡᠴᠡ ᠣᠭᠵᠠᠷᠠᠨ ᠭᠡᠳᠡᠷᠭᠦ ᠪᠣᠴᠠᠭᠠᠯ᠎ᠠ᠃ ᠭᠦᠡᠳᠤ ᠰᠢᠷᠬᠠᠳᠤᠭᠰᠠᠨ ᠪᠠᠢ᠌ᠯᠳᠤᠭᠴᠢ ᠰᠢᠭ ᠭᠦᠯ ᠶᠢᠡᠨ ᠴᠢᠷᠤᠨ ᠶᠠᠪᠣᠭᠰᠠᠭᠠᠷ ᠣᠷᠤᠨ ᠳᠠᠭᠠᠨ ᠭᠦᠷᠴᠤ ᠰᠠᠭᠤᠭᠠᠤᠨ ᠳᠠᠮᠠᠭᠢ ᠭᠠᠷᠭᠠᠨ ᠭᠠᠯᠯᠠᠪᠠ᠃ ᠨᠢᠯᠬ᠎ᠠ ᠠᠮᠢᠳᠠᠨ ᠳᠠᠠᠳᠠ ᠪᠠᠨ ᠪᠠᠷᠭᠢᠷᠠᠵᠤ ᠯᠠ ᠪᠠᠢ᠌ᠨ᠎ᠠ᠂ ᠬᠠᠮᠢᠶᠠᠷᠤᠭᠰᠠᠨ ᠦᠭᠡᠶ᠃ ᠭᠡᠰᠡᠭ᠌ ᠪᠠᠷᠭᠢᠷᠠᠵᠤ ᠪᠠᠢ᠌ᠭᠠᠤᠨ ᠳᠠᠭ ᠪᠣᠯᠬᠤ ᠳᠤ ᠨᠢ ᠶᠠᠭᠠᠭᠢᠴᠢᠬᠠᠪᠠ ᠭᠡᠳ ᠳᠡᠭᠡᠷ᠎ᠡ ᠡᠴᠡ ᠨᠢ ᠭᠦᠷᠦᠭᠡᠳ ᠥᠩᠭᠡᠢ᠌ᠪᠠᠯ ᠨᠣᠢ᠌ᠷᠤᠨ ᠳᠠᠭᠠᠨ ᠠᠪᠳᠠᠨ ᠣᠠᠳᠠᠭᠠᠤᠨ ᠬᠤᠴᠤᠷᠴᠠᠢ᠃ ᠣᠷᠭᠤᠴᠢᠬᠠᠭᠰᠠᠨ ᠠᠳᠠᠯᠢ ᠣᠷᠤᠨ ᠳᠠᠭᠠᠨ ᠣᠳᠠᠭᠠᠨ ᠮᠠᠯᠠᠷᠠᠨ ᠵᠤᠭᠰᠤᠭᠰᠠᠨ ᠪᠠᠯᠭᠠᠷ ᠭᠡᠨᠡᠳᠲᠡ ᠰᠢ᠌ᠳᠮᠡᠭ᠌ ᠭᠦᠳᠡᠯᠤᠨ ᠣᠠᠳᠠᠭ᠎ᠠ ᠲᠡᠶ ᠨᠢᠯᠬ᠎ᠠ ᠪᠠᠨ ᠳᠠᠪᠠᠷᠢᠵᠤ ᠠᠪᠣᠭᠠᠤᠨ ᠭᠠᠷᠪᠠ᠃ ᠳᠠᠷᠠ ᠰᠢᠭᠤᠳ ᠶᠠᠪᠣᠭᠰᠠᠭᠠᠷ ᠡᠷᠳᠡ ᠰᠢᠶᠤᠤ ᠮᠢᠩ ᠳᠤ ᠮᠠᠰᠠ ᠵᠠᠰᠠᠯ ᠭᠢᠭ᠍ᠰᠡᠨ ᠡᠮᠨᠡᠯᠭᠡ ᠶᠢᠨ ᠬᠤᠷᠢᠶᠠᠨ ᠳᠤ ᠭᠦᠷᠴᠤ ᠢᠷᠠᠯ᠎ᠠ᠃ ᠳ᠋ᠤᠭᠠᠷ ᠠᠪᠴᠤ ᠪᠠᠢ᠌ᠭ᠎ᠠ᠂ ᠡᠪᠡᠳᠴᠢᠨ ᠥᠵᠡᠭᠦᠯᠵᠤ ᠪᠠᠢ᠌ᠭ᠎ᠠ ᠭᠦᠮᠦᠰ ᠡᠮᠨᠡᠯᠭᠡ ᠪᠠᠷ ᠳᠦᠭᠦᠷᠡᠩ ᠴᠤ ᠪᠠᠯᠭᠠᠷ ᠢ ᠰᠠᠨᠠᠭᠠᠨ ᠳᠠᠭᠠᠨ ᠠᠪᠬᠤ ᠭᠦᠮᠤᠨ ᠪᠠᠢ᠌ᠭᠰᠠᠨ ᠦᠭᠡᠶ᠃ ᠳᠠᠷᠠ ᠳᠠᠪᠠᠷᠢᠵᠤ ᠶᠠᠪᠣᠭ᠎ᠠ ᠬᠡᠦᠬᠡᠳ ᠶᠢᠡᠨ ᠳᠠᠯᠪᠢᠴᠢᠬᠠᠬᠤ ᠡᠪᠳᠡᠢ ᠰᠢᠭ᠌ ᠭᠠᠵᠠᠷ ᠬᠠᠢ᠌ᠨ ᠠᠰᠠᠷ ᠤᠨ ᠭᠤᠳᠤᠮ ᠶᠢᠡᠷ ᠭᠡᠰᠡᠭ᠌ ᠡᠷᠭᠢᠴᠡᠪᠡ᠃ ᠳᠦᠷᠦᠭᠦᠯᠦᠭ᠍ᠰᠡᠨ ᠡᠭᠡ ᠨᠢ ᠭᠦᠷᠳᠡᠯ᠎ᠡ ᠬᠠᠶᠠᠭᠠᠤᠨ ᠶᠠᠪᠣᠭᠰᠠᠨ ᠦᠨᠦᠴᠢᠨ ᠬᠡᠦᠬᠡᠳ ᠢ ᠭᠡᠷᠡᠭ᠌ ᠲᠤ ᠳᠤᠷᠠᠯᠠᠵᠤ ᠪᠢ ᠬᠠᠮᠢᠶᠠᠷᠤᠭᠠᠤᠨ ᠶᠠᠭᠠᠭᠢᠬᠤ ᠶᠤᠮ ︖ ᠭᠦᠮᠤᠨ ᠤ ᠭᠦᠯ ᠪᠣᠯᠤᠭᠰᠠᠨ ᠭᠠᠵᠠᠷ ᠰᠡᠮᠡᠭᠡᠷᠭᠡᠨ ᠳᠠᠯᠪᠢᠭᠠᠤᠨ ᠶᠠᠪᠣᠴᠢᠬᠠᠪᠠᠯ ᠯᠠᠪ ᠨᠢᠭᠡ ᠨᠢ ᠣᠯᠤᠭᠠᠤᠨ ᠠᠪᠴᠢᠬᠠᠨ᠎ᠠ ᠭᠡᠳᠡᠭ᠌ ᠪᠣᠳᠤᠯ ᠪᠠᠯᠭᠠᠷ ᠢ ᠲᠦᠯᠭᠢᠨ ᠡᠢ᠌ᠰᠢ ᠢᠷᠡᠭᠦᠯᠵᠡᠢ᠃ ᠳᠠᠯᠪᠢᠴᠢᠬᠠᠬᠤ ᠳᠤᠬᠢᠳᠠᠢ ᠭᠠᠵᠠᠷ ᠣᠯᠳᠠᠬᠤ ᠦᠭᠡᠶ ᠳᠡᠭᠡᠷ᠎ᠡ ᠠᠮᠢᠰᠬᠤᠭ᠎ᠠ ᠠᠪᠬᠤ ᠴᠢᠯᠦᠭᠡ ᠦᠭᠡᠶ ᠭᠤᠭᠤᠵᠢᠬᠤ ᠭᠦᠮᠦᠰ ᠳᠡᠭᠦᠨ ᠳᠤ ᠪᠣᠯᠤᠮᠵᠢ ᠣᠯᠭᠤᠬᠤ ᠦᠭᠡᠶ ᠨᠢ ᠡᠭ᠍ᠳᠡᠭᠦᠤ ᠲᠡᠶ᠃ ᠬᠣᠢ᠌ᠳᠤ ᠮᠤᠬᠤᠷ ᠤᠨ ᠬᠤᠭᠤᠰᠤᠨ ᠰᠠᠠᠳᠠᠯᠢ ᠳᠡᠭᠡᠷ᠎ᠡ ᠭᠡᠳᠤ ᠴᠤ ᠣᠳᠠᠭ᠎ᠠ ᠳᠠᠯᠪᠢᠬᠤ ᠶᠢ ᠵᠤᠷᠢᠭᠯᠠᠭᠰᠠᠨ ᠪᠣᠯᠪᠠᠴᠤ ᠴᠢᠳᠠᠭ᠎ᠠ ᠦᠭᠡᠶ᠂ ᠶᠠᠭ ᠳᠠᠯᠪᠢᠬᠤ ᠳᠡᠭᠡᠷ᠎ᠡ ᠵᠢᠷᠦᠭᠡ ᠨᠢ ᠯᠠᠮᠠ ᠨᠡᠷ ᠤᠨ ᠳᠡᠯᠡᠳᠳᠡᠭ᠌ ᠠᠷᠠᠰᠤᠨ ᠭᠡᠩᠭᠡᠷᠭᠡ ᠠᠳᠠᠯᠢ ᠭᠦᠴᠦᠳᠡᠢ ᠴᠤᠭᠢᠯᠠᠭᠠᠤᠨ ᠪᠣᠯᠵᠤ ᠥᠭ᠍ᠳᠡᠭ᠌ ᠦᠭᠡᠶ᠃ ᠳᠡᠭᠡᠭᠡᠳ ᠦᠴᠦᠭᠡᠨ ᠵᠠᠪᠰᠢᠶᠠᠨ ᠢ ᠠᠮᠵᠢᠭᠤᠯᠵᠤ ᠴᠢᠳᠠᠬᠤ ᠦᠭᠡᠶ ᠳᠠᠳᠠᠭᠠᠯᠵᠠᠵᠤ ᠰᠠᠭᠤᠳᠠᠯ᠎ᠠ ᠭᠦᠮᠤᠨ ᠭᠠᠷᠤᠭᠠᠤᠨ ᠢᠷᠡᠴᠢᠭᠡᠨ᠎ᠡ᠃ ᠡᠴᠦᠰ ᠲᠡᠭᠡᠨ ᠶᠠᠭᠤ ᠴᠤ ᠪᠦᠳᠦᠭᠡᠵᠤ ᠴᠢᠳᠠᠯ ᠦᠭᠡᠶ ᠣᠷᠮ᠎ᠠ ᠬᠤᠭᠤᠷᠠᠨ ᠭᠡᠳᠡᠷᠭᠦ ᠪᠣᠴᠠᠯ᠎ᠠ᠃

ᠪᠠᠢ᠌ᠷᠢᠨ ᠳᠠᠭᠠᠨ ᠢᠷᠡᠭᠦ ᠳᠤ ᠳᠠᠮᠠᠭᠢ ᠶᠢᠨ ᠭᠠᠰᠢᠭᠤᠨ ᠦᠨᠦᠷ ᠪᠣᠯᠤᠨ ᠪᠢᠳᠡᠭᠦᠤ ᠳᠠᠷᠤᠭᠳᠠᠮᠠᠯ ᠦᠨᠦᠷ ᠬᠤᠯᠢᠯᠳᠤᠨ ᠬᠠᠩᠬᠤᠯᠠᠵᠤ᠂ ᠶᠠᠭᠤᠮ᠎ᠠ ᠪᠦᠭᠦᠨ ᠨᠢ ᠣᠴᠠᠭᠠᠷ ᠭᠦᠷᠭᠡᠭᠡᠳ ᠪᠠᠯᠭᠠᠷ ᠡ᠊ᠨᠳᠡ ᠨᠢᠭᠡ ᠮᠢᠨᠦ᠋ᠲ ᠴᠤ ᠳᠠᠰᠴᠤ ᠳᠤᠭᠳᠠᠬᠤ ᠪᠠᠨ ᠪᠣᠯᠢᠵᠠᠢ᠃ ᠭᠡᠳᠡᠯ᠎ᠡ ᠵᠢᠷᠠ ᠭᠠᠳᠤᠯᠤᠭᠰᠠᠨ ᠡᠪᠦᠭᠡᠨ ᠪᠠᠯᠴᠢᠷ ᠳᠡᠪᠠᠷᠢᠴᠢᠭᠡᠳ ᠡ᠊ᠨᠳᠡ ᠡᠴᠡ ᠭᠠᠷᠤᠨ ᠬᠠᠮᠢᠭ᠎ᠠ ᠣᠴᠢᠬᠤ ᠪᠢᠯᠠ ︖ ᠳᠡᠭᠦᠨ ᠳᠤ ᠭᠡᠷ ᠪᠠᠢ᠌ᠭᠰᠠᠨ ᠦᠭᠡᠶ ᠪᠢᠰᠢ ᠪᠠᠢ᠌ᠭᠰᠠᠨ᠂ ᠦᠪᠡᠷ ᠶᠢᠡᠨ ᠦᠭᠡᠶ ᠭᠢᠭ᠍ᠰᠡᠨ᠃ ᠦᠷ᠎ᠡ ᠠᠴᠢ ᠪᠠᠢ᠌ᠭᠰᠠᠨ ᠦᠭᠡᠶ ᠪᠢᠰᠢ ᠮᠦᠨ ᠪᠠᠢ᠌ᠭᠰᠠᠨ᠂ ᠦᠪᠡᠷ ᠶᠢᠡᠨ ᠬᠠᠯᠠᠭᠤᠳᠠᠭᠠᠤᠨ ᠭᠠᠳᠠᠭᠰᠢ ᠭᠦᠶ‍ᠦᠭ᠍ᠰᠡᠨ᠃ ᠣᠳᠤ ᠶᠠᠮᠠᠷ ᠨᠢᠭᠤᠷ ᠶᠢᠡᠷ ᠣᠯᠠᠭᠠᠨ ᠨᠢᠯᠬ᠎ᠠ ᠳᠡᠪᠠᠷᠢᠴᠢᠭᠡᠳ ᠭᠡᠳᠡᠷᠭᠦ ᠪᠣᠴᠠᠭᠠᠤᠨ ᠭᠦᠷᠭᠦ ᠪᠣᠢ ⁈ ᠠᠮᠢ ᠵᠡᠭᠦᠳᠤ ᠦᠭᠡᠶ ᠰᠠᠨᠠᠭ᠎ᠠ ᠰᠡᠳᠭᠢᠯ ᠢ ᠨᠢ ᠢᠳᠡᠭᠡᠳ ᠪᠠᠢ᠌ᠳᠠᠭ ᠣᠶᠤᠨ ᠪᠣᠳᠤᠯ ᠤᠨ ᠳᠠᠷᠴᠢᠯᠭᠠᠯ ᠡᠴᠡ ᠠᠩᠭᠢᠵᠢᠷᠠᠶ᠎ᠠ ᠭᠡᠪᠠᠯ ᠨᠢᠳᠤᠨ ᠳᠤ ᠥᠵᠡᠭ᠍ᠳᠡᠭᠡᠳ ᠵᠤᠪᠠᠭᠠᠬᠤ ᠡᠨᠡ ᠣᠯᠠᠭᠠᠨ ᠨᠢᠯᠬ᠎ᠠ ᠠᠮᠢᠳᠠᠨ ᠡᠴᠡ ᠬᠤᠷᠳᠤᠨ ᠬᠠᠭᠠᠴᠠᠬᠤ ᠭᠡᠷᠡᠭ᠍ᠳᠡᠢ᠃ ᠭᠡᠳᠡᠯ᠎ᠡ ᠶᠠᠭᠠᠭᠢᠵᠤ ᠬᠠᠭᠠᠴᠠᠬᠤ ᠪᠣᠢ᠂ ᠠᠮᠢ ᠲᠡᠶ ᠡᠷᠡᠭᠦᠯ ᠬᠡᠦᠬᠡᠳ ᠢ ᠠᠪᠠᠴᠢᠭᠠᠤᠨ ᠡᠷᠭᠢ ᠶᠢᠨ ᠨᠥᠭᠡᠨ ᠳᠤ ᠬᠠᠶᠠᠯᠳᠠᠢ ᠪᠢᠰᠢ᠂ ᠥᠭᠡᠷ᠎ᠡ ᠠᠷᠭ᠎ᠠ ᠪᠣᠳᠤᠬᠤ ᠴᠢᠬᠤᠯᠠᠳᠠᠢ᠃ ᠪᠠᠯᠭᠠᠷ ᠬᠠᠷᠠᠩᠭ᠋ᠤᠢ ᠪᠣᠯᠬᠤ ᠶᠢ ᠭᠦᠰᠡᠨ ᠭᠦᠯᠢᠶᠡᠯ᠎ᠡ᠂ ᠴᠠᠭ ᠮᠦᠴᠡ ᠶᠢᠨ ᠥᠩᠭᠡᠷᠡᠭᠦ ᠨᠢ ᠳᠠᠩᠴᠤ ᠣᠳᠠᠭᠠᠨ᠃ ᠶᠠᠭᠤᠮ᠎ᠠ ᠭᠢᠵᠤ ᠪᠠᠢ᠌ᠬᠤ ᠳᠤ ᠱᠤᠤᠭᠢᠭᠠᠤᠨ ᠥᠩᠭᠡᠷᠡᠳᠡᠭ᠌ ᠴᠠᠭ ᠦᠨᠦᠳᠤᠷ ᠬᠠᠷᠢᠨ ᠪᠠᠷᠢᠭᠠᠤᠨ ᠣᠶᠠᠴᠢᠭᠭᠰᠠᠨ ᠠᠳᠠᠯᠢ ᠣᠷᠤᠨ ᠡᠴᠡ ᠪᠠᠨ ᠭᠦᠳᠡᠯᠵᠤ ᠥᠭ᠍ᠳᠡᠭ᠌ ᠦᠭᠡᠶ᠃ ᠪᠠᠯᠭᠠᠷ ᠴᠤᠬᠤᠮ ᠭᠠᠯᠵᠠᠭᠤᠷᠠᠬᠤ ᠰᠢᠬᠠᠳᠠᠯ᠎ᠠ ᠪᠠᠨ ᠰᠠᠭᠤᠵᠤ ᠪᠠᠢ᠌ᠭᠠᠤᠨ ᠥᠭᠦᠭᠦ ᠳᠤ ᠭᠡᠵᠤ ᠬᠠᠷᠠᠩᠭ᠋ᠤᠢ ᠪᠣᠯᠭᠠᠪᠠ᠃ ᠪᠣᠳᠤᠯ ᠳᠠᠭᠠᠨ ᠪᠣᠯᠪᠠᠰᠤᠷᠠᠭᠤᠯᠤᠭᠰᠠᠨ ᠵᠣᠢ᠌ᠯ ᠶᠢᠡᠨ ᠪᠠᠶᠡᠯᠡᠭᠦᠯᠭᠦ ᠴᠠᠭ ᠨᠥᠭᠦᠴᠡᠯ ᠨᠢᠭᠡᠨᠲᠡ ᠢᠷᠡᠭ᠍ᠰᠡᠨ ᠭᠡᠵᠤ ᠥᠵᠡᠭᠡᠳ ᠣᠷᠤᠨ ᠡᠴᠡ ᠪᠠᠨ ᠪᠣᠰᠤᠯ᠎ᠠ᠃

ᠡᠳᠦᠷ ᠤᠨ ᠶᠠᠳᠠᠷᠠᠯ ᠳᠠᠭᠠᠨ ᠨᠠᠮ ᠳᠠᠷᠤᠭᠳᠠᠭᠰᠠᠨ ᠬᠤᠳᠠ ᠶᠢᠨ ᠦᠳᠡᠰᠢ ᠠᠶᠤᠮᠠᠷ ᠨᠠᠮ ᠵᠢᠮ᠃ ᠮᠠᠠᠴᠤᠢ ᠲᠡᠶ ᠪᠠᠯᠴᠢᠷ ᠳᠡᠪᠠᠷᠢᠴᠢᠭᠡᠳ ᠬᠠᠷᠠᠩᠭ᠋ᠤᠢ ᠭᠤᠳᠤᠮᠵᠢ ᠪᠠᠷ ᠠᠢ᠌ᠯ ᠤᠨ ᠡᠭᠦᠳᠡ ᠳᠠᠮᠵᠢᠨ ᠶᠠᠪᠣᠵᠤ ᠪᠠᠢ᠌ᠬᠤ ᠳᠤ ᠪᠠᠯᠭᠠᠷ ᠤᠨ ᠰᠡᠳᠭᠢᠯ ᠳᠤᠩ ᠭᠦᠡᠳᠤ ᠪᠠᠢ᠌ᠯ᠎ᠠ᠃ ᠦᠪᠡᠷ ᠶᠢᠡᠨ ᠴᠤᠬᠤᠮ ᠶᠠᠭᠤ ᠭᠢᠵᠤ᠂ ᠶᠠᠭᠠᠭᠢᠵᠤ ᠪᠠᠢ᠌ᠭ᠎ᠠ ᠪᠠᠨ ᠪᠣᠳᠤᠭᠠᠤᠨ ᠣᠯᠤᠭᠰᠠᠨ ᠦᠭᠡᠶ᠃ ᠴᠠᠭᠠᠨ᠎ᠠ ᠪᠠᠨ ᠣᠳᠤᠭ᠎ᠠ ᠳᠤᠭᠤᠰᠤᠨ ᠳᠤ ᠳᠠᠷᠤᠭᠳᠠᠭᠠᠤᠨ ᠪᠠᠢ᠌ᠳᠠᠭ ᠬᠤᠳᠠ ᠶᠢᠨ ᠳᠡᠭ᠍ᠷᠢ ᠪᠦᠷ ᠴᠢᠳᠭᠦᠷ ᠤᠨ ᠴᠢᠷᠠᠢ ᠭᠠᠷᠤᠨ ᠳᠡᠭᠡᠷ᠎ᠡ ᠡᠴᠡ ᠭᠦᠮᠦᠷᠢᠨ᠎ᠡ᠃ ᠵᠢᠮᠵᠢᠭᠢᠨᠠᠳᠠᠯ᠎ᠠ ᠬᠠᠭᠠᠷᠢᠬᠤ ᠡᠪᠦᠯ ᠤᠨ ᠵᠢᠪᠠᠷ ᠬᠠᠢ᠌ᠷ᠎ᠠ ᠨᠠᠢ᠌ᠷ ᠦᠭᠡᠶ ᠳᠠᠰᠢᠭᠤᠷᠳᠠᠬᠤ ᠳᠤ ᠳᠠᠷᠠ ᠠᠵᠢᠭ ᠦᠭᠡᠶ ᠶᠠᠪᠣᠬᠤ ᠪᠠᠷ ᠶᠢᠡᠨ ᠶᠠᠪᠣᠨ᠎ᠠ᠃ ᠮᠤᠩᠭ᠋ᠤᠯ ᠭᠦᠮᠤᠨ ᠭᠠᠷᠤᠭᠰᠠᠨ ᠦᠷ᠎ᠡ ᠪᠠᠨ ᠭᠦᠮᠤᠨ ᠤ ᠵᠠᠮ ᠳᠡᠭᠡᠷ᠎ᠡ ᠬᠠᠶᠠᠵᠤ ᠪᠠᠢ᠌ᠭᠰᠠᠨ ᠢ ᠪᠠᠯᠭᠠᠷ ᠣᠳᠤ ᠪᠣᠯᠳᠠᠯ᠎ᠠ ᠥᠵᠡᠭᠡᠳ ᠦᠭᠡᠶ᠃ ᠭᠦᠮᠤᠨ ᠤ ᠦᠷ᠎ᠡ ᠴᠤ ᠪᠠᠢ᠌ᠭ᠂ ᠦᠨᠦᠴᠢᠨ ᠦᠷᠦᠭᠡᠰᠤᠨ ᠢ ᠡᠷᠭᠦᠵᠤ ᠠᠰᠠᠷᠠᠨ ᠠᠴᠢᠯᠠᠨ ᠡᠨᠡᠷᠢᠵᠤ ᠶᠠᠪᠣᠭᠰᠠᠨ ᠥᠯᠢᠭᠡᠷ ᠢ ᠬᠠᠷᠢᠨ ᠣᠯᠠᠨ ᠰᠤᠨᠤᠰᠤᠭᠰᠠᠨ ᠳ᠋ᠠ᠃ ᠪᠠᠯᠭᠠᠷ ᠬᠠᠷᠠᠩᠭ᠋ᠤᠢ ᠭᠤᠳᠤᠮᠵᠢ ᠪᠠᠷ ᠣᠳᠠᠭᠠᠨ ᠳᠠᠨᠤᠯ᠎ᠠ᠂ ᠳᠠᠪᠠᠷᠢᠵᠤ ᠶᠠᠪᠣᠭ᠎ᠠ ᠨᠢᠯᠬ᠎ᠠ ᠪᠠᠨ ᠭᠠᠷ ᠡᠴᠡ ᠪᠠᠨ ᠰᠠᠯᠭᠠᠵᠤ ᠴᠢᠳᠠᠭ᠎ᠠ ᠦᠭᠡᠶ᠃ ᠳᠡᠭᠦᠨ ᠳᠤ ᠡᠪ ᠲᠤᠬᠢᠶᠠᠯ ᠳᠠᠭᠠᠷᠠᠭ᠎ᠠ ᠦᠭᠡᠶ ᠪᠢᠰᠢ ᠬᠠᠷᠢᠨ ᠪᠢᠴᠢᠬᠠᠨ ᠣᠮᠪᠣᠯ ᠤᠨ ᠭᠢᠨᠢ ᠭᠦᠭᠡᠷᠦᠭᠦᠨ ᠳᠦᠷᠢ ᠪᠠᠢ᠌ᠨ ᠪᠠᠢ᠌ᠨ ᠨᠢᠳᠤᠨ ᠳᠤ ᠨᠢ ᠬᠠᠷᠠᠭᠳᠠᠭᠠᠤᠨ ᠵᠤᠪᠠᠭᠠᠵᠤ᠂ ᠰᠡᠳᠭᠢᠯ ᠨᠢ ᠵᠥᠭᠡᠯᠡᠷᠡᠭᠡᠳ ᠶᠠᠪᠣᠴᠢᠬᠠᠨ᠎ᠠ᠃ ᠰᠦᠨᠢ ᠶᠢᠨ ᠭᠦᠰᠢᠭᠡᠨ ᠳᠤ ᠬᠠᠯᠬᠠᠯᠠᠭᠳᠠᠭᠰᠠᠨ ᠭᠤᠳᠤᠮᠵᠢᠨ ᠤ ᠵᠠᠮ ᠶᠠᠪᠣᠬᠤ ᠳᠤᠳᠤᠮ ᠶᠢᠡᠨ ᠨᠠᠷᠢᠰᠴᠤ᠂ ᠶ‍ᠢᠷᠳᠢᠠᠴᠤ ᠶᠢᠨ ᠵᠠᠮ ᠢ ᠨᠢᠭᠡ ᠥᠵᠦᠭᠦᠷ ᠡᠴᠡ ᠨᠢ ᠡᠪᠭᠡᠭᠡᠳ ᠨᠥᠭᠦᠭᠡ ᠥᠵᠦᠭᠦᠷ ᠲᠤ ᠨᠢ ᠳᠤᠯᠭᠠᠵᠤ ᠶᠠᠪᠣᠭ᠎ᠠ ᠳᠦᠷᠦᠭ᠍ᠳᠡᠯ ᠦᠭ‍ᠭᠦᠨ᠎ᠡ᠃ ᠪᠠᠯᠭᠠᠷ ᠭᠤᠳᠤᠮᠵᠢᠨ ᠤ ᠮᠤᠬᠤᠷ ᠲᠤ ᠳᠤᠯᠴᠢᠬᠠᠭᠠᠤᠨ ᠭᠡᠳᠡᠷᠭᠦ ᠪᠣᠴᠠᠪᠠ᠃ ᠳᠠᠪᠠᠷᠢᠵᠤ ᠶᠠᠪᠣᠭ᠎ᠠ ᠬᠡᠦᠬᠡᠳ ᠶᠢᠡᠨ ᠳᠠᠯᠪᠢᠬᠤ ᠳᠤ ᠬᠠᠮᠤᠭ ᠤᠨ ᠳᠤᠭᠢᠷᠠᠮᠵᠢ ᠲᠡᠶ ᠭᠠᠵᠠᠷ ᠭᠡᠵᠤ ᠥᠵᠡᠭ᠍ᠰᠡᠨ ᠠᠢ᠌ᠯ ᠤᠨ ᠡᠭᠦᠳᠡᠨ ᠳᠡᠭᠡᠨ ᠳᠠᠭᠢᠨ ᠡᠷᠭᠢᠭᠡᠳ ᠢᠷᠠᠯ᠎ᠠ᠃ ᠬᠡᠦᠬᠡᠳ ᠤᠨ ᠳᠤᠯᠤᠭᠠᠢ ᠳᠡᠭᠡᠷ᠎ᠡ ᠬᠠᠴᠠᠷ ᠶᠢᠡᠨ ᠨᠠᠭᠠᠨ ᠴᠢᠩᠨᠠᠪᠠᠯ ᠵᠥᠭᠡᠯᠡᠨ ᠠᠮᠢᠰᠬᠤᠯᠯᠠᠨ ᠨᠠᠮ ᠣᠠᠳᠠᠨ᠎ᠠ᠃ ᠡᠨᠡ ᠶᠠᠩᠵᠤ ᠪᠠᠷ ᠨᠢ ᠡ᠊ᠨᠳᠡ ᠡᠪᠳᠡᠢ᠌ᠭᠡᠨ ᠳᠠᠯᠪᠢᠴᠢᠬᠠᠭᠠᠤᠨ ᠶᠠᠪᠣᠪᠠᠯ ᠭᠡᠨ ᠴᠤ ᠮᠡᠳᠡᠭᠦ ᠦᠭᠡᠶ᠃ ᠭᠡᠳᠡᠯ᠎ᠡ ᠦᠷᠯᠦᠭᠡ ᠪᠣᠯᠳᠠᠯ᠎ᠠ ᠭᠡᠨ ᠴᠤ ᠡᠭᠦᠨ ᠢ ᠣᠯᠵᠤ ᠠᠪᠳᠠᠭ ᠦᠭᠡᠶ ᠪᠣᠯ ᠶᠠᠭᠠᠭᠢᠳᠠᠭ ᠪᠢᠯᠠ ︖ ᠪᠠᠯᠴᠢᠷ ᠠᠮᠢᠳᠠᠨ ᠡᠪᠦᠯ ᠤᠨ ᠭᠦᠢᠳᠡᠨ ᠳᠤ ᠴᠠᠷᠴᠠᠭᠠᠤᠨ ᠮᠦᠰᠤ ᠪᠣᠯᠴᠢᠬᠠᠬᠤ ᠦᠭᠡᠶ ᠦᠦ ︖ ᠬᠤᠳᠠ ᠶᠢᠨ ᠢᠷᠭᠡᠳ ᠪᠠᠢ᠌ᠰᠢᠩ ᠳᠠᠭᠠᠨ ᠨᠢᠭᠡ ᠰᠢᠷᠭᠤᠪᠠᠯ ᠠᠮᠠᠷᠬᠠᠨ ᠭᠠᠷᠴᠤ ᠢᠷᠡᠳᠡᠭ᠌ ᠦᠭᠡᠶ ᠶᠢ ᠮᠠᠳᠠᠨ᠎ᠡ᠃ ᠨᠠᠩ ᠴᠤ ᠡᠨᠡ ᠡᠪᠦᠯ ᠤᠨ ᠭᠦᠢᠳᠡᠨ ᠳᠤ ᠭᠡᠷᠡᠭ᠌ ᠦᠭᠡᠶ ᠪᠣᠯ ᠭᠠᠵᠠᠷ ᠭᠦᠳᠡᠯᠦᠯ᠎ᠡ ᠭᠡᠮᠡᠨ ᠠᠶᠤᠯᠭᠠᠭᠰᠠᠨ ᠴᠤ ᠭᠠᠷᠴᠤ ᠢᠷᠡᠭᠦ ᠦᠭᠡᠶ ᠪᠠᠢ᠌ᠬ᠎ᠠ᠃ ᠪᠠᠯᠭᠠᠷ ᠰᠢ᠌ᠤᠠᠪᠣᠷᠢ ᠭᠠᠷᠭᠠᠵᠤ ᠴᠢᠳᠠᠯ ᠦᠭᠡᠶ ᠳᠠᠠᠳᠠ ᠪᠠᠨ ᠠᠢ᠌ᠮᠤᠷᠴᠤ ᠠᠢ᠌ᠮᠤᠷᠤᠭᠠᠤᠨ ᠡᠴᠦᠰ ᠲᠡᠭᠡᠨ ᠶᠠᠭᠠᠭᠢᠵᠤ ᠴᠤ ᠴᠢᠳᠠᠯ ᠦᠭᠡᠶ ᠮᠠᠠᠴᠤᠢ ᠲᠡᠶ ᠨᠢᠯᠬ᠎ᠠ ᠪᠠᠨ ᠳᠠᠪᠠᠷᠢᠨ ᠭᠡᠳᠡᠷᠭᠦ ᠪᠣᠴᠠᠭᠠᠤᠨ ᠠᠯᠬᠤᠵᠠᠢ᠃

ᠭᠠᠳᠠᠭᠤᠷ ᠨᠢᠭᠡ ᠣᠷᠤᠢ ᠬᠤᠭᠤᠰᠤᠨ ᠳᠡᠨᠦᠭᠡᠳ ᠶᠠᠭᠤ ᠴᠤ ᠪᠦᠳᠦᠭᠡᠵᠤ ᠳᠡᠢ᠌ᠯᠦᠭᠡ ᠦᠭᠡᠶ ᠪᠣᠯᠪᠠᠴᠤ ᠪᠠᠯᠭᠠᠷ ᠪᠠᠶ᠎ᠠ ᠪᠠᠨ ᠪᠣᠷᠤᠭᠤᠳᠬᠠᠵᠤ ᠴᠢᠳᠠᠬᠤ ᠦᠭᠡᠶ ᠪᠠᠢ᠌ᠯ᠎ᠠ᠃ ᠬᠠᠷᠢᠨ ᠰᠠᠨᠠᠭ᠎ᠠ ᠰᠡᠳᠭᠢᠯ ᠨᠢ ᠨᠢᠭᠡ ᠯᠠ ᠳᠠᠢ᠌ᠪᠣᠩ ᠳᠤᠭᠳᠠᠭᠤᠨ ᠪᠣᠯᠤᠭᠠᠤᠨ ᠪᠠᠶ᠎ᠠ ᠳᠤ ᠨᠢ ᠨᠠᠭᠠᠯᠳᠤᠨ ᠵᠤᠪᠠᠭᠠᠵᠤ ᠪᠠᠢ᠌ᠭᠰᠠᠨ ᠶᠠᠭᠤᠮ᠎ᠠ ᠪᠠᠨ ᠭᠡᠨᠡᠳᠲᠡ ᠠᠪᠣᠭᠠᠤᠨ ᠬᠠᠶ‍ᠢᠴᠢᠬᠠᠭᠰᠠᠨ ᠰᠢᠭ ᠭᠦᠩᠭᠡᠷᠡᠭᠡᠳ ᠶᠠᠪᠣᠴᠢᠬᠠᠭᠰᠠᠨ ᠨᠢ ᠰᠤᠨᠢᠨ᠃ ᠬᠡᠦᠬᠡᠳ ᠶᠢᠡᠨ ᠣᠷᠤᠨ ᠳᠤ ᠨᠢ ᠳᠠᠯᠪᠢᠨ ᠣᠠᠳᠠᠭᠤᠯᠴᠢᠬᠠᠭᠠᠤᠨ ᠨᠢᠭᠡ ᠭᠤᠵᠤᠭᠤᠷ ᠳᠠᠮᠠᠭᠢ ᠭᠠᠷᠭᠠᠨ ᠭᠠᠯᠯᠠᠯ᠎ᠠ᠃ ᠬᠤᠳᠠ ᠶᠢᠨ ᠮᠤᠬᠤᠷ ᠲᠤ ᠬᠤᠷᠢᠭᠳᠠᠭᠠᠤᠨ ᠣᠳᠠᠭᠰᠠᠨ ᠰᠡᠳᠭᠢᠯ ᠨᠢ ᠨᠠᠭᠤᠷ ᠶᠢᠡᠨ ᠰᠤᠯᠢᠭᠠᠤᠨ ᠨᠡᠭᠦᠳᠡᠯᠯᠡᠳᠡᠭ᠌ ᠠᠶᠠᠨ ᠤ ᠰᠢᠪᠠᠭᠤᠳ ᠰᠢᠭ ᠨᠤᠳᠤᠭ ᠵᠥᠭ᠌ ᠶᠢᠡᠨ ᠨᠢᠰᠴᠤ ᠡᠭᠢᠯᠡᠪᠡ ᠁


2011 ᠣᠨ ᠤ 5 ᠰᠠᠷ᠎ᠠ ᠶᠢᠨ 15 ᠊ᠤ ᠦᠷᠯᠦᠭᠡ ᠪᠠᠭᠡᠵᠢᠩ ᠳᠤ ᠪᠢᠴᠢᠵᠤ ᠪᠠᠷᠠᠭᠠᠪᠠ᠃

※ ᠡ᠊ᠨᠳᠡ 《ᠦᠨᠢᠷ ᠴᠡᠴᠡᠭ᠌》 ᠰᠡᠳᠭᠦᠯ ᠤᠨ 2013 ᠣᠨ ᠤ ᠨᠢᠭᠡᠳᠦᠭᠡᠷ ᠬᠤᠭᠤᠴᠠᠭ᠎ᠠ ᠡᠴᠡ ᠰᠢᠯᠵᠢᠭᠦᠯᠪᠡ᠃


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 69810
ᠴᠠᠭ᠄ 2013 ᠤᠨ ᠤ 02 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ