☆ ᠥᠬᠡᠯᠡᠳ · ᠵᠡᠮᠰᠡ
ᠬᠠᠭᠤᠴᠢᠨ ᠨᠤᠳᠤᠬ
ᠰᠡᠭ᠍ᠰᠡᠭᠡᠷ ᠪᠣᠯᠤᠭᠰᠠᠨ ᠴᠤ ᠡᠵᠢ ᠮᠢᠨᠢ ᠰᠠᠢ᠌ᠬᠠᠨ
ᠰᠢᠨᠡᠭᠡᠨ ᠰᠤᠮᠤᠨ ᠤ ᠪᠣᠯᠤᠭᠰᠠᠨ ᠴᠤ ᠨᠤᠳᠤᠭ ᠰᠠᠢ᠌ᠬᠠᠨ
᠊᠊᠊᠊᠊᠊᠊᠊᠊᠊᠊᠊ ᠥᠭᠡᠯᠡᠳ ᠠᠷᠠᠤᠨ ᠤᠨ ᠳᠠᠭᠤᠤ ᠶᠢᠨ ᠥᠭᠡ ᠡᠴᠡ
ᠣᠳᠤ ᠶᠢᠨ ᠰᠢᠨᠡᠭᠡᠨ ᠵᠡᠭᠦᠨ ᠰᠤᠮᠤᠨ ᠳᠤ《ᠥᠭᠡᠯᠡᠳ ᠤᠨ ᠰᠤᠪᠣᠷᠭ᠎ᠠ》᠂《ᠥᠭᠡᠯᠡᠳ ᠤᠨ ᠰᠦᠮ᠎ᠡ》᠂《ᠥᠭᠡᠯᠡᠳ ᠤᠨ ᠬᠠᠨ ᠠᠭᠤᠯᠠ》ᠭᠡᠳᠡᠭ᠌ ᠭᠠᠵᠠᠷ ᠤᠨ ᠨᠠᠷᠠ ᠥᠯᠡᠳᠡᠭ᠍ᠰᠡᠭᠡᠷ ᠪᠣᠢ᠃
ᠢᠮᠢᠨ ᠭᠤᠤᠯ ᠤᠨ ᠵᠡᠭᠦᠨ ᠳᠠᠯ᠎ᠠ᠂ ᠰᠢᠨᠡᠭᠡᠨ ᠭᠤᠤᠯ ᠤᠨ ᠪᠠᠷᠠᠭᠤᠨ ᠳᠠᠯ᠎ᠠ᠂ ᠬᠠᠷᠠᠭᠠᠠᠳᠤ ᠶᠢᠨ ᠵᠡᠭᠦᠨ ᠬᠣᠢ᠌ᠳᠤ ᠪᠠᠶ᠎ᠠ ᠳᠤ ᠨᠢᠭᠡᠨ ᠪᠣᠮᠪᠣᠭᠠᠷ ᠠᠭᠤᠯᠠᠨ ᠣᠷᠤᠢ ᠳᠤ ᠥᠭᠡᠯᠡᠳ ᠤᠨ ᠰᠤᠪᠣᠷᠭ᠎ᠠ ᠪᠠᠢ᠌ᠳᠠᠭ᠃ ᠢᠮᠢᠨ ᠭᠤᠤᠯ ᠪᠣᠯᠤᠨ ᠰᠢᠨᠡᠭᠡᠨ ᠭᠤᠤᠯ ᠤᠨ ᠵᠡᠭᠦᠨ ᠳᠠᠯ᠎ᠠ ᠳᠤ ᠬᠠᠷᠠᠭᠳᠠᠬᠤ ᠬᠠᠷ᠎ᠠ ᠳᠤᠬᠤᠢ ᠭᠡᠳᠡᠭ᠌ ᠭᠠᠵᠠᠷ ᠡᠴᠠ ᠪᠦᠳᠦᠭᠦᠨ ᠬᠠᠷ᠎ᠠ ᠠᠭᠤᠯᠠ ᠶᠢᠨ ᠪᠠᠷ᠎ᠠ ᠥᠵᠡᠭ᠍ᠳᠡᠭᠦ ᠨᠢ ᠥᠭᠡᠯᠡᠳ ᠤᠨ ᠬᠠᠨ ᠠᠭᠤᠯᠠ ᠭᠡᠳᠡᠭ᠌᠃
ᠥᠭᠡᠯᠡᠳ ᠤᠨ ᠰᠦᠮ᠎ᠡ ᠶᠢᠨ ᠡᠪᠳᠡᠷᠭᠡᠢ ᠳᠤᠭᠠᠩ ᠨᠢ ᠰᠤᠶᠤᠯ ᠤᠨ ᠬᠤᠪᠢᠰᠬᠠᠯ ᠤᠨ ᠡᠮᠦᠨᠡᠭᠡᠨ ᠪᠣᠯᠳᠠᠯ᠎ᠠ ᠪᠠᠢ᠌ᠭᠰᠠᠨ ᠭᠡᠵᠤ ᠰᠤᠨᠢᠷᠬᠠᠨ ᠦᠵᠡᠵᠤ ᠰᠤᠷᠠᠭᠯᠠᠨ ᠠᠰᠠᠭᠤᠭᠰᠠᠨ ᠭᠦᠮᠦᠰ ᠢᠩᠭᠢᠵᠤ ᠵᠤᠭᠤᠭ ᠳᠡᠯᠭᠡᠳᠡᠭ᠌ ᠰᠠᠨ᠃
ᠳᠤᠰ ᠨᠤᠳᠤᠭ ᠲᠤ 1922 ᠣᠨ ᠳᠤ ᠪᠤᠷᠢᠶᠡᠳ ᠭᠦᠮᠦᠰ ᠢᠷᠠᠵᠤ ᠨᠤᠳᠤᠭᠰᠢᠪᠠ᠃
ᠣᠳᠤ ᠪᠠᠷ ᠴᠤ ᠭᠡᠰᠡᠨ ᠰᠢᠨᠡᠭᠡᠨ ᠰᠦᠮ᠎ᠡ ᠳᠤ ᠣᠴᠢᠳᠠᠭ ᠥᠭᠡᠯᠡᠳ ᠤᠨ ᠰᠥᠰᠦᠭ᠍ᠳᠡᠨ ᠨᠡᠷ ᠬᠠᠭᠤᠴᠢᠨ ᠨᠤᠳᠤᠭ ᠲᠠᠭᠠᠨ ᠬᠠᠷᠠᠭ᠎ᠠ ᠪᠠᠯᠴᠢᠭᠡᠨ ᠰᠠᠷᠠᠪᠴᠢᠯᠠᠭᠠᠤᠨ᠄
《 ᠦᠷᠳᠤᠵᠤ ᠨᠤᠭᠳᠠᠭᠰᠠᠨ ᠪᠣᠭᠤᠷᠤᠯ ᠡᠪᠦᠭᠡᠤᠨ ᠤᠨ ᠨᠤᠳᠤᠭ ᠡ ︕
ᠪᠣᠰᠤᠭ᠎ᠠ ᠳᠦᠷᠦᠭᠡ ᠪᠠᠷ ᠣᠷᠳᠤ ᠶᠢᠨ ᠳᠠᠭᠤᠤ ᠪᠠᠨ ᠣᠷᠳᠤᠯᠠᠭᠤᠯᠵᠤ ᠶᠠᠪᠣᠭᠰᠠᠨ ᠭᠠᠵᠠᠷ ᠡ ︕
ᠠᠳᠤᠭᠤ ᠮᠠᠯ ᠤᠨ ᠳᠤᠭᠢᠳᠠᠢ ᠪᠠᠯᠴᠢᠭᠡᠷ ᠣᠰᠤᠨ ᠤ ᠰᠠᠢ᠌ᠬᠠᠨ ᠨᠤᠳᠤᠭ ᠡ ︕ 》 ᠡᠢ᠌ᠨᠬᠦ᠂ ᠥᠭᠡᠯᠡᠳ ᠭᠦᠮᠦᠰ ᠤᠨ ᠨᠤᠳᠤᠭ ᠶᠢᠡᠨ ᠭᠡᠳᠡᠭ᠌ ᠪᠣᠳᠤᠯ᠂ ᠨᠤᠳᠤᠭ ᠢ ᠪᠦᠷᠭᠦᠭ᠍ᠰᠡᠨ ᠴᠠᠭᠠᠨ ᠴᠠᠰᠤᠨ ᠲᠡᠶ ᠠᠳᠠᠯᠢ ᠴᠠᠢ᠌ᠯᠭᠠᠨ᠃
ᠡᠳᠡᠭᠡᠷ ᠭᠠᠵᠠᠷ ᠤᠨ ᠨᠠᠷᠠᠰ ᠲᠤ ᠴᠦᠮ《ᠥᠭᠡᠯᠡᠳ》ᠭᠡᠳᠡᠭ᠌ ᠳᠤᠳᠤᠤᠠᠬᠠᠯ ᠠᠪᠴᠤ ᠪᠠᠢ᠌ᠨ᠎ᠠ᠃
ᠣᠳᠤ ᠡᠴᠠ 257 ᠵᠢᠯ ᠤᠨ ᠡᠮᠦᠨ᠎ᠡ ᠮᠠᠨ ᠤ ᠪᠣᠭᠤᠷᠤᠯᠴᠤᠳ ᠭᠦᠯᠤᠨ ᠪᠣᠢ᠌ᠷ ᠲᠤ ᠢᠷᠠᠵᠤ ᠭᠦᠯ ᠳᠤᠭᠳᠠᠵᠤ ᠠᠵᠤ ᠳᠦᠷᠦᠭᠦ ᠳᠠᠷᠬᠠᠨ ᠨᠤᠳᠤᠭ ᠣᠯᠤᠭᠰᠠᠨ ᠳᠠᠭᠠᠨ ᠠᠭᠤᠯᠠ ᠣᠰᠤᠨ᠎ᠠ ᠭᠢᠵᠠᠭᠠᠯᠠᠰᠢ ᠦᠭᠡᠶ ᠭᠦᠡᠳᠦᠦᠡᠭᠡᠯ ᠲᠡᠶ ᠪᠠᠢ᠌ᠵᠤ᠂ ᠠᠭᠤᠯᠠ ᠣᠰᠤ ᠪᠠᠨ《ᠥᠭᠡᠯᠡᠳ ᠤᠨ ᠭᠢ》ᠭᠡᠵᠤ ᠨᠠᠷᠠᠯᠠᠵᠤ ᠥᠭᠡᠯᠡᠦᠡᠴᠦᠳ ᠡᠨᠡ ᠨᠤᠳᠤᠭ ᠤᠨ ᠡᠵᠡᠨ ᠨᠢ ᠪᠣᠯᠤᠭᠰᠠᠨ ᠢ ᠳᠤᠰᠬᠠᠵᠠᠢ᠃
ᠡᠳᠡᠭᠡᠷ ᠰᠤᠪᠣᠷᠭ᠎ᠠ᠂ ᠰᠦᠮ᠎ᠡ᠂ ᠠᠭᠤᠯᠠ ᠶᠢ《ᠥᠭᠡᠯᠡᠳ ᠤᠨ ᠭᠢ》ᠭᠡᠵᠤ ᠭᠡᠨ ᠨᠡᠷᠡᠯᠡᠭ᠍ᠰᠡᠨ ᠢ ᠪᠣᠭᠤᠷᠤᠯᠴᠤᠳ ᠤᠨ ᠳᠡᠦᠭᠡ ᠯᠠ ᠮᠠᠳᠠᠨ᠎ᠠ᠃ ᠡᠳᠡᠭᠡᠷ ᠭᠠᠵᠠᠷ ᠣᠭ ᠳᠦᠷᠢ ᠪᠠᠨ ᠬᠠᠳᠠᠭᠠᠯᠠᠨ᠂ ᠣᠷᠢᠳᠤ ᠶᠢᠨ ᠳᠡᠦᠭᠡ ᠶᠢᠨ ᠭᠡᠷᠡᠴᠢ ᠪᠣᠯᠤᠨ ᠣᠯᠠᠷᠢᠵᠤ ᠥᠯᠡᠳᠡᠭᠳᠡᠭᠰᠡᠨ ᠨᠢ ᠶᠡᠭᠤᠳᠡᠢ ᠦᠨ᠎ᠡ ᠴᠠᠨ᠎ᠠ ᠲᠡᠶ ᠪᠤᠢ᠃
ᠵᠤᠬᠢᠶᠠᠭᠴᠢ ᠶᠢᠨ ᠬᠠᠶᠢᠭ ᠄ ᠡᠸᠡᠩᠭᠢ ᠶᠢᠨ ᠳᠸᠯᠸᠢᠰ ᠬᠤᠷᠢᠶ᠎ᠠ
ᠵᠤᠬᠢᠶᠠᠭᠴᠢ᠄ ᠥᠬᠡᠯᠡᠳ · ᠵᠡᠮᠰᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠮᠤᠩᠭᠤᠯ ᠲᠡᠦᠬᠡᠳᠠᠷᠤᠮ᠄ 7590
ᠴᠠᠭ᠄ 2012 ᠤᠨ ᠤ 05 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ