ᠨᠡᠪᠲᠡᠷᠡᠨ ᠤᠷᠤᠬᠤ
ᠮᠢᠨᠤ ᠴᠡᠴᠡᠷᠯᠢᠭ᠌ ᠲᠤ ᠶᠠᠭᠤ ᠪᠦᠭᠦᠨ ᠪᠠᠭᠳᠠᠳᠠᠭ

ᠮᠢᠨᠤ ᠴᠡᠴᠡᠷᠯᠢᠭ᠌ ᠲᠤ ᠶᠠᠭᠤ ᠪᠦᠭᠦᠨ ᠪᠠᠭᠳᠠᠳᠠᠭ

ᠥᠯᠦᠭ᠌ ᠭᠦᠷᠪᠠᠯ ᠤᠨ ᠴᠢᠯᠠᠭᠤᠨ ᠨᠢᠯᠪᠣᠰᠤ ᠲᠡᠶ ᠥᠡᠳᠡᠭᠡ ᠪᠠᠭᠳᠠᠳᠠᠭ

ᠦᠨᠦᠴᠢᠨ ᠭᠠᠯᠠᠭᠤᠨ ᠤ ᠳᠤᠭᠤᠨᠤ ᠪᠠᠷ ᠣᠨᠠᠭᠠᠭᠰᠠᠨ ᠭᠤᠨᠢᠭᠳᠤ ᠠᠶᠠᠯᠠᠭᠤ ᠪᠠᠭᠳᠠᠳᠠᠭ

ᠶ‍ᠢᠰᠤᠨ ᠳᠡᠭ᠍ᠳᠡᠭᠡᠭᠡᠢ ᠪᠠᠨ ᠳᠠᠭᠠᠭᠤᠯᠤᠭᠰᠠᠨ ᠡᠵᠢ ᠨᠠᠷᠠᠨ ᠪᠠᠭᠳᠠᠳᠠᠭ

ᠡᠷᠭᠡᠰ ᠣᠷᠴᠢᠯᠠᠩ ᠤᠨ ᠳᠤᠷᠠᠨ ᠳᠤ ᠭᠡᠷᠡᠯᠳᠦᠭᠡ ᠦᠭᠡᠶ ᠨᠠᠷᠠᠨ ᠤ ᠠᠢ᠌ᠮᠠᠭ ᠪᠠᠭᠳᠠᠳᠠᠭ

ᠳᠦᠷᠦᠭᠡ ᠦᠭᠡᠶ ᠬᠡᠦᠬᠡᠳ ᠳᠡᠯᠡᠭᠡᠢ ᠭᠦᠰᠡᠨ ᠴᠠᠪᠴᠢᠯᠠᠬᠤ ᠳᠤᠩᠭ᠋ᠠᠯᠠᠭ ᠮᠠᠯᠮᠠᠢ ᠪᠠᠭᠳᠠᠳᠠᠭ

ᠳᠦᠷᠤᠯ ᠠᠷᠠᠯᠵᠢᠨ ᠳ᠋ᠸᠪᠠᠵᠠᠨ ᠳᠤ ᠥᠰᠭᠦ ᠡᠵᠢ ᠮᠢᠨᠢ ᠭᠦᠷᠳᠡᠯ᠎ᠡ ᠪᠠᠭᠳᠠᠳᠠᠭ

ᠳᠦᠷᠦᠭ᠍ᠰᠡᠨ ᠪᠠᠶ᠎ᠠ ᠶᠢ ᠰᠢᠮᠡᠵᠢᠭᠦᠯᠤᠨ ᠣᠬᠠᠭᠠᠠᠵᠢᠭᠤᠯᠬᠤ ᠰᠤᠯᠤᠩᠭ᠋ᠠᠳᠤ ᠳᠦᠷᠪᠠᠨ ᠣᠯᠠᠷᠢᠯ ᠪᠠᠭᠳᠠᠳᠠᠭ

ᠳᠦᠰᠢᠭ᠌ ᠠᠭᠤᠯᠤᠰ ᠢ ᠠᠨᠢᠷᠯᠠᠨ ᠳᠠᠭᠤᠯᠠᠬᠤ ᠰᠤᠨᠤᠰᠬᠤᠯᠠᠩᠳᠤ ᠮᠦᠷᠠᠨ ᠭᠤᠤᠯ ᠪᠠᠭᠳᠠᠳᠠᠭ

ᠦᠶᠡᠰ ᠦᠶᠡᠰ ᠭᠢᠨ ᠰᠠᠨᠠᠭ᠎ᠠ ᠠᠯᠳᠠᠬᠤ ᠰᠢᠭ ᠥᠯᠢᠶᠡᠭᠦ ᠵᠢᠪᠠᠷ ᠰᠠᠯᠭᠢ ᠪᠠᠭᠳᠠᠳᠠᠭ

ᠡᠭᠦᠯᠡᠰ ᠠᠷᠴᠢᠬᠤ ᠰᠠᠯᠭᠢ ᠰᠢᠭ ᠭᠦᠶ‍ᠦᠭᠦ ᠣᠨ ᠰᠠᠷ᠎ᠠ ᠪᠠᠭᠳᠠᠳᠠᠭ

ᠰᠠᠨᠠᠨ ᠰᠠᠨᠠᠨ ᠬᠠᠪᠣᠷ ᠭᠡᠢ᠌ᠴᠢᠯᠡᠭᠦ ᠭᠠᠯᠡᠭᠤ ᠰᠢᠪᠠᠭᠤᠳ ᠪᠠᠭᠳᠠᠳᠠᠭ

ᠰᠠᠮᠠᠷᠠᠨ ᠰᠠᠮᠠᠷᠠᠨ ᠬᠠᠯᠳᠠᠷ ᠠᠷᠢᠭᠤᠯᠠᠬᠤ ᠴᠠᠰᠤᠨ ᠮᠦᠰᠤᠨ ᠪᠠᠭᠳᠠᠳᠠᠭ

ᠴᠢᠮᠭᠢᠭᠡᠨ ᠵᠡᠭᠦᠳᠤᠨ ᠳᠤ ᠮᠠᠨᠢ ᠠᠮᠢᠯᠠᠬᠤ ᠮᠦᠷᠦᠭᠡᠳᠦᠯ ᠪᠣᠳᠤᠯ ᠪᠠᠭᠳᠠᠳᠠᠭ

ᠴᠠᠪᠴᠢᠯᠠᠬᠤ ᠨᠢᠳᠤᠨ ᠳᠤ ᠢᠯᠭᠠᠷᠠᠬᠤ ᠰᠠᠢ᠌ᠨ ᠮᠠᠭᠤ ᠪᠠᠭᠳᠠᠳᠠᠭ

ᠥᠩᠭᠡᠷᠡᠭ᠍ᠰᠡᠨ ᠳᠡᠦᠭᠡ ᠥᠶᠡᠯᠵᠡᠭ᠍ᠰᠡᠨ ᠢᠷᠡᠭᠡᠳᠦᠢ ᠪᠠᠭᠳᠠᠳᠠᠭ

ᠦᠪᠡᠷ ᠶᠢᠡᠨ ᠯᠠ ᠬᠠᠷᠢᠨ ᠪᠠᠭᠳᠠᠳᠠᠭ ᠦᠭᠡᠶ ᠡ


ᠵᠤᠬᠢᠶᠠᠭᠴᠢ ᠶᠢᠨ ᠬᠠ‍‌ᠶᠢᠭ ᠄ ᠪᠠᠷᠠᠭᠤᠨ ᠪᠠᠭᠠᠷᠢᠨ

ᠵᠤᠬᠢᠶᠠᠭᠴᠢ᠄ ᠫᠣ·ᠰᠠᠨᠠᠭᠠᠷᠠᠪᠣᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2658
ᠴᠠᠭ᠄ 2010 ᠤᠨ ᠤ 12 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ