☆ ᠬᠦᠬᠡᠳᠠᠪᠠᠯᠭᠠᠨ
ᠳᠦᠷᠪᠡᠨ ᠳᠦᠷᠪᠡ
ᠳᠦᠷᠪᠡᠨ ᠰᠠᠢ᠌ᠬᠠᠨ
ᠥᠭᠡ ᠶᠢᠨ ᠦᠨᠡᠨ ᠨᠢ ᠰᠠᠢ᠌ᠬᠠᠨ
ᠣᠢ᠌ᠯᠠ ᠶᠢᠨ ᠭᠤᠤᠯᠴᠢ ᠨᠢ ᠰᠠᠢ᠌ᠬᠠᠨ
ᠦᠵᠡᠯᠳᠠ ᠶᠢᠨ ᠬᠤᠯᠠ ᠨᠢ ᠰᠠᠢ᠌ᠬᠠᠨ
ᠦᠨᠳᠦᠰᠦᠳᠠᠨ ᠤ ᠪᠦᠯᠭᠦᠮᠳᠡᠯ ᠨᠢ ᠰᠠᠢ᠌ᠬᠠᠨ
ᠳᠦᠷᠪᠡᠨ ᠮᠠᠭᠤᠬᠠᠢ
ᠪᠢᠯᠳᠠᠤᠴᠢ ᠵᠠᠩ ᠪᠠᠶ᠎ᠠ ᠳᠤ ᠮᠠᠭᠤᠬᠠᠢ
ᠪᠠᠰᠢᠷ ᠠᠷᠭ᠎ᠠ ᠭᠦᠮᠤᠨ ᠳᠤ ᠮᠠᠭᠤᠬᠠᠢ
ᠪᠦᠭᠡᠷᠡᠩᠭᠡᠢ ᠥᠭᠡ ᠶᠠᠪᠣᠳᠠᠯ ᠳᠤ ᠮᠠᠭᠤᠬᠠᠢ
ᠪᠠᠰᠡᠷᠡᠭ᠌ ᠠᠵᠢᠯᠯᠠᠭ᠎ᠠ ᠨᠡᠢ᠌ᠭᠡᠮ ᠳᠤ ᠮᠠᠭᠤᠬᠠᠢ
ᠳᠦᠷᠪᠡᠨ ᠭᠦᠭᠡᠷᠦᠭᠦᠢ
ᠡᠭᠡ ᠦᠭᠡᠶ ᠬᠡᠦᠬᠡᠳ ᠭᠦᠭᠡᠷᠦᠭᠦᠢ
ᠡᠷᠭᠡ ᠦᠭᠡᠶ ᠠᠷᠠᠤᠨ ᠭᠦᠭᠡᠷᠦᠭᠦᠢ
ᠡᠷᠳᠡᠮ ᠦᠭᠡᠶ ᠯᠠᠮᠠ ᠭᠦᠭᠡᠷᠦᠭᠦᠢ
ᠢᠴᠢᠭᠦᠷᠢ ᠦᠭᠡᠶ ᠭᠦᠮᠤᠨ ᠭᠦᠭᠡᠷᠦᠭᠦᠢ
ᠳᠦᠷᠪᠡᠨ ᠳᠤᠳᠠᠭᠤ
ᠮᠡᠳᠡᠭᠡᠳ ᠭᠡᠯᠡᠭᠦ ᠦᠭᠡᠶ ᠪᠣᠯ ᠭᠡᠯᠡ ᠴᠢᠨᠢ ᠳᠤᠳᠠᠭᠤ
ᠰᠠᠨᠠᠭᠠᠤᠨ ᠶᠠᠪᠣᠬᠤ ᠦᠭᠡᠶ ᠪᠣᠯ ᠭᠦᠯ ᠴᠢᠨᠢ ᠳᠤᠳᠠᠭᠤ
ᠭᠦᠰᠡᠭᠡᠳ ᠭᠢᠭᠦ ᠦᠭᠡᠶ ᠪᠣᠯ ᠵᠤᠷᠢᠭ ᠴᠢᠨᠢ ᠳᠤᠳᠠᠭᠤ
ᠭᠡᠭᠦᠳᠡᠭ᠌ ᠲᠡᠭᠡᠨ ᠭᠦᠰᠡᠯᠡᠩ ᠦᠭᠡᠶ ᠪᠣᠯ ᠪᠣᠳᠤᠯᠭ᠎ᠠ ᠴᠢᠨᠢ ᠳᠤᠳᠠᠭᠤ
ᠵᠤᠬᠢᠶᠠᠭᠴᠢ᠄ ᠬᠦᠬᠡᠳᠠᠪᠠᠯᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2009 ᠤᠨ ᠤ 07 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ