ᠨᠡᠪᠲᠡᠷᠡᠨ ᠤᠷᠤᠬᠤ
ᠮᠥᠩᠭᠡ ᠵᠠᠶᠠᠭᠠᠳᠠᠢ ᠵᠡᠭᠦᠨ ᠪᠠᠭᠠᠷᠢᠨ

ᠭᠦᠭᠡᠷᠡᠨ ᠢᠭᠴᠤᠷᠠᠭᠰᠠᠨ ᠭᠦᠪᠴᠢ ᠬᠠᠩᠭ᠋ᠠᠢ ᠳᠤ ᠨᠢ

ᠭᠦᠴᠦᠳᠤ ᠠᠷᠢᠶᠠᠳᠠᠨ ᠤ ᠰᠦᠷᠯᠢᠭ᠌ ᠳᠡᠮᠡᠴᠡᠭᠡᠨ ᠳᠠᠢ

ᠭᠦᠪᠠᠭᠡ ᠠᠯᠳᠠᠮ᠎ᠠ ᠰᠠᠷᠠᠭᠤᠯ ᠳᠠᠯ᠎ᠠ ᠳᠤ ᠨᠢ

ᠭᠦᠯᠦᠭ᠌ ᠳᠤᠪᠳᠤᠯᠭᠠᠭᠰᠠᠨ ᠪᠠᠭᠠᠳᠤᠷᠯᠢᠭ ᠳᠤᠤᠯᠢᠰ ᠳᠠᠢ

          ᠠᠭᠳᠠᠴᠢᠨ ᠦᠨᠳᠦᠰᠦᠳᠠᠨ ᠤ ᠠᠩᠬᠠᠨ ᠤ ᠳᠦᠷᠤ ᠵᠢ

          ᠲ᠋ᠡᠭᠡᠳᠤ ᠨᠠᠢ᠌ᠰᠯᠠᠯ ᠳᠤ ᠳᠤᠭᠳᠠᠭᠠᠨ ᠪᠠᠭᠢᠵᠢᠭᠦᠯᠵᠡᠢ

          ᠠᠷᠠᠳᠴᠢᠯᠠᠯ ᠪᠠᠳᠠᠷᠠᠭᠤᠯᠤᠭᠰᠠᠨ ᠰᠤᠩᠭ᠋ᠤᠭᠤᠯᠢ ᠶᠢᠨ ᠳᠦᠷᠢᠮ ᠢ

          ᠲ᠋ᠡᠦᠭᠡ ᠱᠠᠰᠳᠢᠷ ᠲᠤ ᠪᠢᠴᠢᠭᠦᠯᠤᠨ ᠳᠡᠯᠭᠡᠷᠡᠭᠦᠯᠵᠡᠢ

                  ᠠᠢ ᠭᠦ᠋

                  ᠮᠢᠨᠤ ᠨᠤᠳᠤᠭ

                  ᠮᠥᠩᠭᠡ ᠵᠠᠶᠠᠭᠠᠳᠠᠢ ᠵᠡᠭᠦᠨ ᠪᠠᠭᠠᠷᠢᠨ

ᠬᠠᠯᠢᠭᠤᠷᠠᠨ ᠨᠠᠢ᠌ᠭᠤᠭᠰᠠᠨ ᠰᠢᠮᠡᠯᠢᠭ᠌ ᠪᠠᠯᠴᠡᠭᠡᠷ ᠲᠤ ᠨᠢ

ᠳᠠᠪᠤᠨ ᠬᠤᠰᠢᠭᠤ ᠮᠠᠯ ᠤᠨ ᠰᠦᠷᠦᠭ᠌ ᠳᠠᠢ

ᠬᠠᠷᠴᠠᠭᠠᠢ ᠳᠡᠭᠦᠯᠢᠭ᠍ᠰᠡᠨ ᠴᠡᠯᠮᠡᠭ᠌ ᠣᠭᠳᠠᠷᠭᠤᠢ ᠳᠤ ᠨᠢ

ᠳᠡᠷᠭᠡᠯᠰᠢᠨ ᠮᠠᠠᠳᠤᠬᠤ ᠣᠯᠠᠭᠠᠨ ᠨᠠᠷᠠ ᠳᠠᠢ

         ᠣᠭᠠᠯᠵᠠᠯᠠᠨ ᠣᠷᠤᠰᠬᠤ ᠦᠯᠵᠡᠢ ᠮᠦᠷᠠᠨ ᠨᠢ

         ᠨᠤᠳᠤᠭ ᠤᠨ ᠪᠣᠯᠠᠭ ᠡᠴᠠ ᠡᠭᠢ ᠡᠭᠦᠰᠦᠯ ᠳᠠᠢ

         ᠣᠯᠠᠮᠵᠢᠯᠠᠯ ᠰᠢᠩᠭᠡᠭ᠍ᠰᠡᠨ ᠠᠭᠳᠠ ᠶᠢᠨ ᠳᠠᠯ᠎ᠠ ᠨᠢ

          ᠨᠤᠲ᠋ ᠡᠭᠡᠰᠢᠭ᠌ ᠤᠨ ᠢᠷᠠᠭᠤ ᠠᠶᠠᠯᠭᠤ ᠳᠠᠢ

                      ᠠᠢ ᠭᠦ᠋

                     ᠮᠢᠨᠤ ᠨᠤᠳᠤᠭ

                     ᠮᠥᠩᠭᠡ ᠵᠠᠶᠠᠭᠠᠳᠠᠢ ᠵᠡᠭᠦᠨ ᠪᠠᠭᠠᠷᠢᠨ

ᠭᠦᠷᠦᠰᠦᠯᠢᠭ᠌ ᠪᠢᠷ᠎ᠠ ᠲᠡᠶ ᠭᠦᠳᠡᠯᠮᠦᠷᠢᠴᠢᠨ ᠲᠦᠮᠡᠨ ᠨᠢ

ᠴᠢᠨᠡᠭᠡᠯᠢᠭ᠍ᠵᠢᠨ ᠳᠡᠮᠡᠴᠡᠭᠦ ᠣᠶᠤᠠᠴᠢ ᠬᠠᠷᠠᠯᠳᠠ ᠳᠠᠢ

ᠭᠦᠴᠤᠨ ᠵᠠᠯᠭᠠᠮᠵᠢᠯᠠᠬᠤ ᠦᠷ᠎ᠡ ᠬᠣᠢ᠌ᠴᠢᠰ ᠨᠢ

ᠴᠢᠭᠯᠡᠨ ᠵᠤᠷᠢᠭᠰᠠᠨ ᠳᠤᠷᠭᠠᠨ ᠵᠢᠯᠤᠭᠤ ᠳᠠᠢ

         ᠨᠤᠮ ᠤᠨ ᠳᠠᠭᠤᠨ ᠲᠡᠶ ᠭᠢᠯᠤᠪᠠᠷ ᠵᠤᠤ ᠨᠢ

         ᠲᠦᠮᠡᠨ ᠠᠷᠠᠤᠨ ᠤᠨ ᠰᠥᠵᠢᠭ᠌ ᠢ ᠳᠡᠭᠡᠳᠦᠯᠡᠵᠡᠢ

         ᠨᠤᠶᠠᠨ ᠬᠠᠨ ᠤ ᠣᠪᠣᠭ᠎ᠠ ᠴᠢᠯᠠᠭᠤᠳ ᠨᠢ

         ᠳᠡᠭ᠍ᠵᠢᠯ ᠭᠦᠭ᠍ᠵᠢᠯ ᠤᠨ ᠪᠠᠯᠭᠡ ᠶᠢ ᠳᠡᠭ᠍ᠳᠡᠭᠡᠵᠡᠢ

                   ᠠᠢ ᠭᠦ᠋

                   ᠮᠢᠨᠤ ᠨᠤᠳᠤᠭ

                   ᠮᠥᠩᠭᠡ ᠵᠠᠶᠠᠭᠠᠳᠠᠢ ᠵᠡᠭᠦᠨ ᠪᠠᠭᠠᠷᠢᠨ


ᠵᠤᠬᠢᠶᠠᠭᠴᠢ ᠶᠢᠨ ᠬᠠ‍‌ᠶᠢᠭ ᠄ ᠵᠡᠭᠦᠨ  ᠪᠠᠭᠠᠷᠢᠨ

ᠵᠤᠬᠢᠶᠠᠭᠴᠢ᠄ ᠵᠤᠷᠢᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2012 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ