ᠨᠡᠪᠲᠡᠷᠡᠨ ᠤᠷᠤᠬᠤ
ᠣᠪᠣᠭ᠎ᠠ ᠪᠠᠨ ᠳᠠᠭᠢᠶ᠎ᠠ

ᠭᠦᠮᠤᠨ ᠨᠢ ᠪᠠᠢ᠌ᠭᠠᠯᠢ ᠪᠠᠨ ᠳᠡᠭᠡᠳᠦᠯᠡᠭᠦ

ᠭᠦᠵᠢ ᠵᠤᠯᠠ ᠲᠡᠶ ᠶᠡᠭᠡ ᠬᠠᠢ᠌ᠷ᠎ᠠ

ᠭᠦᠰᠢᠶ᠎ᠡ ᠰᠤᠪᠣᠷᠭ᠎ᠠ ᠲᠡᠶ ᠠᠳᠠᠯᠢᠬᠠᠨ

ᠭᠦᠷᠦᠰᠦᠳᠤ ᠨᠤᠳᠤᠭ ᠤᠨ ᠮᠢᠨᠢ ᠶᠡᠭᠡ ᠰᠦᠯᠳᠡ

ᠣᠪᠣᠭᠠᠨ ᠳᠠᠭᠠᠨ ᠣᠴᠢᠶ᠎ᠠ

ᠣᠪᠣᠭ᠎ᠠ ᠪᠠᠨ ᠳᠠᠭᠢᠶ᠎ᠠ

ᠠᠭᠤᠯᠠ ᠬᠠᠢ᠌ᠷᠠᠬᠠᠨ ᠶᠢᠡᠨ ᠰᠢᠳᠦᠭᠦ

ᠣᠳᠤᠮᠳᠤ ᠮᠤᠩᠭ᠋ᠤᠯ ᠤᠨ ᠶᠡᠭᠡ ᠶᠤᠰᠤ

ᠣᠰᠤ ᠪᠣᠷᠤᠭᠠᠨ ᠢ ᠳᠠᠯᠠᠯᠬᠤ

ᠣᠩᠰᠢᠯᠭ᠎ᠠ ᠨᠤᠮ ᠲᠡᠶ ᠶᠡᠭᠡ ᠬᠤᠷᠠᠯ

ᠣᠪᠣᠭᠠᠨ ᠳᠠᠭᠠᠨ ᠣᠴᠢᠶ᠎ᠠ

ᠣᠪᠣᠭ᠎ᠠ ᠪᠠᠨ ᠳᠠᠭᠢᠶ᠎ᠠ

ᠨᠠᠷᠠᠨ ᠰᠠᠷᠠᠨ ᠢ ᠪᠠᠶᠠᠰᠬᠠᠭᠰᠠᠨ

ᠨᠠᠢ᠌ᠷ ᠨᠠᠭᠠᠳᠤᠮ ᠤᠨ ᠶᠡᠭᠡ ᠴᠢᠭᠤᠯᠭᠠᠨ

ᠨᠢ᠋ᠮᠠᠨ ᠵᠤᠪᠭᠢᠰ ᠶᠢᠡᠷ ᠶᠢᠡᠨ ᠣᠴᠠᠷᠠᠬᠤ

ᠨᠠᠢ᠌ᠷᠰᠠᠭ ᠰᠡᠳᠭᠢᠯ ᠤᠨ ᠶᠡᠭᠡ ᠪᠠᠭᠤᠴᠠ

ᠣᠪᠣᠭᠠᠨ ᠳᠠᠭᠠᠨ ᠣᠴᠢᠶ᠎ᠠ

ᠣᠪᠣᠭ᠎ᠠ ᠪᠠᠨ ᠳᠠᠭᠢᠶ᠎ᠠ

ᠡᠩᠭᠡ ᠶᠢᠨ ᠰᠠᠢ᠌ᠬᠠᠨ ᠶᠢᠡᠨ ᠢᠷᠦᠭᠡᠳᠡᠭ᠌

ᠡᠪᠦᠭᠡᠳ ᠨᠠᠰᠤᠳᠠᠤᠨ ᠤᠨ ᠶᠡᠭᠡ ᠬᠤᠷᠣᠢ᠌ᠯᠠᠯ

ᠡᠰᠡᠨᠢᠯ ᠭᠦᠭ᠍ᠵᠢᠯ ᠶᠢᠡᠨ ᠳᠠᠭᠤᠯᠠᠳᠠᠭ

ᠡᠯᠢᠭᠡ ᠨᠢᠭᠡᠳᠡᠨ ᠤ ᠶᠡᠭᠡ ᠣᠶᠠᠩᠭ᠋ᠠᠯᠠᠯ

ᠣᠪᠣᠭᠠᠨ ᠳᠠᠭᠠᠨ ᠣᠴᠢᠶ᠎ᠠ

ᠣᠪᠣᠭ᠎ᠠ ᠪᠠᠨ ᠳᠠᠭᠢᠶ᠎ᠠ

ᠳᠡᠭ᠍ᠷᠢ ᠭᠠᠵᠠᠷ ᠭᠦᠮᠤᠨ ᠭᠤᠷᠪᠠ

ᠳᠦᠰᠢᠯᠴᠡᠭᠦ ᠶᠢ ᠪᠠᠯᠭᠡᠳᠡᠭ᠍ᠰᠡᠨ ᠶᠡᠭᠡ ᠣᠬᠠᠭᠠᠨ

ᠳᠡᠦᠭᠡ ᠳᠡᠭᠡᠳᠦᠰ ᠡᠴᠠ ᠵᠠᠯᠭᠠᠭᠳᠠᠭᠰᠠᠨ

ᠲᠦᠮᠡᠨ ᠦᠶ᠎ᠡ ᠬᠠᠳᠠᠭᠠᠯᠠᠬᠤ ᠶᠡᠭᠡ ᠣᠯᠠᠮᠵᠢᠯᠠᠯ

ᠣᠪᠣᠭᠠᠨ ᠳᠠᠭᠠᠨ ᠣᠴᠢᠶ᠎ᠠ

ᠣᠪᠣᠭ᠎ᠠ ᠪᠠᠨ ᠳᠠᠭᠢᠶ᠎ᠠ

ᠣᠪᠣᠭᠠᠨ ᠳᠠᠭᠢᠯᠭ᠎ᠠ ᠮᠢᠨᠢ ᠬᠤᠷᠤᠢ ᠬᠤᠷᠤᠢ︕

ᠣᠩᠭ᠋ᠤᠳ ᠶᠢᠡᠨ ᠪᠠᠶᠠᠰᠬᠠᠭᠠᠤᠨ ᠬᠤᠷᠤᠢ ᠬᠤᠷᠤᠢ︕

ᠣᠯᠠᠮᠵᠢᠯᠠᠯᠳᠤ ᠰᠤᠶᠤᠯ ᠮᠢᠨᠢ ᠬᠤᠷᠤᠢ ᠬᠤᠷᠤᠢ︕

ᠣᠭᠰᠠᠭ᠎ᠠ ᠪᠠᠨ ᠮᠠᠠᠳᠤᠭᠤᠯᠤᠭᠠᠤᠨ ᠬᠤᠷᠤᠢ ᠬᠤᠷᠤᠢ︕


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2660
ᠴᠠᠭ᠄ 2010 ᠤᠨ ᠤ 03 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ