ᠲᠠᠨ ᠤ ᠠᠮᠢᠳᠤᠷᠠᠯ ᠳᠤ ᠰᠢᠭᠤᠳ ᠬᠤᠯᠪᠤᠭᠳᠠᠬᠤ ᠬᠠᠤᠯᠢ ᠴᠠᠭᠠᠵᠠ
ᠵᠠᠭᠠᠯᠳᠤᠭᠳᠤᠭᠴᠢ ᠪᠣᠯᠤᠭᠰᠠᠨ ᠤ ᠬᠤᠪᠢ ᠳᠤ ᠳᠠ ᠠᠵᠤ ᠠᠬᠤᠢ ᠶᠢᠨ ᠭᠦᠴᠢᠷᠳᠡᠯ ᠡᠴᠡ ᠪᠣᠯᠵᠤ ᠬᠠᠤᠯᠢᠴᠢ ᠵᠠᠯᠠᠵᠤ ᠳᠡᠢ᠌ᠯᠭᠦ ᠦᠭᠡᠶ ᠪᠠᠢ᠌ᠳᠠᠯ ᠳᠤ ᠠᠷᠠᠤᠨ ᠤᠨ ᠰᠢᠭᠦᠭᠦ ᠬᠤᠷᠢᠶ᠎ᠠ ᠡᠴᠡ ᠬᠠᠤᠯᠢ ᠶᠢᠨ ᠬᠠᠪᠰᠤᠷᠤᠯᠭ᠎ᠠ ᠥᠵᠡᠭᠦᠯᠭᠦ ᠡᠭᠦᠷᠭᠡ ᠲᠡᠶ᠂ ᠬᠠᠤᠯᠢᠴᠢ ᠳᠤᠭᠢᠷᠠᠭᠤᠯᠵᠤ ᠳᠠᠨ ᠳᠤ ᠬᠠᠪᠰᠤᠷᠤᠭᠤᠯᠵᠤ ᠪᠣᠯᠤᠨ᠎ᠠ᠃
ᠰᠤᠭᠳᠤᠭᠤ ᠪᠠᠷ ᠶᠠᠯ᠎ᠠ ᠥᠢᠯᠡᠳᠦᠭ᠍ᠰᠡᠨ ᠴᠤ ᠬᠠᠤᠯᠢ ᠶᠢᠨ ᠰᠢᠦᠡᠭᠡᠯ ᠢ ᠭᠦᠯᠢᠶᠡᠨ᠎ᠡ᠃
ᠡᠷᠡᠭ᠍ᠳᠡᠢ ᠡᠮᠡᠭ᠍ᠳᠡᠢ ᠠᠳᠠᠯᠢᠬᠠᠨ ᠦᠪ ᠵᠠᠯᠭᠠᠮᠵᠢᠯᠠᠬᠤ ᠡᠷᠭᠡ ᠲᠡᠶ᠂ ᠬᠠᠷᠢ ᠳᠤ ᠮᠤᠷᠳᠠᠭᠰᠠᠨ ᠭᠡᠦᠭᠡᠨ ᠴᠤ ᠭᠡᠰᠡᠨ ᠠᠳᠠᠯᠢ ᠪᠠᠢ᠌ᠳᠠᠭ᠂ ᠡᠴᠢᠭᠡ ᠡᠭᠡ ᠶᠢᠨ ᠥᠯᠡᠳᠡᠭᠡᠭ᠍ᠰᠡᠨ ᠦᠪ ᠭᠦᠷᠦᠩᠭᠡ ᠳᠤ ᠴᠢᠨᠤ ᠨᠢᠭᠡᠨ ᠬᠤᠪᠢ ᠪᠣᠢ ᠰᠢᠤ᠃
ᠭᠦᠷᠰᠢ ᠵᠡᠷᠭᠡᠯᠡᠳᠡᠭᠡ ᠠᠢ᠌ᠯ ᠶᠢᠨ ᠴᠢᠨᠢ ᠭᠡᠷ ᠶᠢᠡᠨ ᠵᠠᠰᠠᠵᠤ ᠥᠢᠮᠡᠯᠳᠦᠭ᠍ᠰᠡᠨ ᠱᠤᠤᠭᠢᠶ᠎ᠠ ᠳᠠᠭᠤ ᠨᠢ ᠳᠠᠨ ᠤ ᠭᠡᠪ ᠤᠨ ᠠᠮᠢᠳᠤᠷᠠᠯ ᠢ ᠴᠢᠨᠢ ᠨᠥᠯᠦᠭᠡᠯᠡᠭᠦ ᠳᠤ ᠭᠦᠷᠪᠠᠯ ᠳᠠ ᠰᠢᠭᠤᠳ ᠠᠷᠠᠤᠨ ᠤᠨ ᠰᠢᠭᠦᠭᠦ ᠬᠤᠷᠢᠶᠠᠨ ᠳᠤ ᠭᠦᠷᠰᠢ ᠵᠢᠷᠭᠡᠯᠡᠳᠡᠭᠡ ᠠᠢ᠌ᠯ ᠶᠢᠡᠨ ᠡᠷᠭᠡᠨ ᠳᠤ ᠴᠢᠨᠢ ᠬᠠᠯᠳᠠᠭᠰᠠᠨ ᠶᠢᠡᠷ ᠵᠠᠭᠠᠯᠳᠤᠵᠤ ᠪᠣᠯᠤᠨ᠎ᠠ᠃
ᠳᠠ ᠡᠭᠦᠳᠡᠨ ᠵᠠᠪᠰᠠᠷ ᠶᠢᠡᠷ ᠰᠢᠷᠭᠤᠭᠤᠯᠬᠤ ᠵᠠᠷ ᠬᠠᠭᠤᠳᠠᠰᠤᠨ ᠳᠤ ᠡᠭ᠍ᠳᠡᠭᠦᠴᠡᠳᠡᠭ᠌ ᠪᠣᠯ ᠰᠢᠭᠤᠳ ᠵᠠᠭᠠᠯᠳᠤᠵᠤ ᠪᠣᠯᠤᠨ᠎ᠠ᠃
《ᠡᠴᠢᠭᠡ ᠶᠢᠨ ᠦᠷᠢ ᠶᠢ ᠦᠷ᠎ᠡ ᠨᠢ ᠲᠦᠯᠦᠵᠤ᠂ ᠡᠷ᠎ᠡ ᠶᠢᠨ ᠦᠷᠢ ᠶᠢ ᠡᠭᠡᠨᠡᠷ ᠨᠢ ᠳᠦᠯᠦᠭᠦ》 ᠬᠠᠭᠤᠴᠢᠨ ᠤ ᠵᠠᠩᠰᠢᠯ ᠳᠤ ᠬᠠᠤᠯᠢ ᠶᠢᠨ ᠦᠨᠳᠦᠰᠦ ᠪᠠᠷᠢᠮᠳᠠ ᠦᠭᠡᠶ᠂ ᠭᠡᠷᠪᠡ ᠴᠢᠨᠤ ᠡᠭᠦᠷᠭᠡᠯᠡᠭᠦ ᠦᠷᠢ ᠨᠢ ᠴᠢᠨᠤ ᠵᠠᠯᠭᠠᠮᠵᠢᠯᠠᠭᠰᠠᠨ ᠦᠪ ᠡᠴᠡ ᠳᠠᠪᠠᠭᠰᠠᠨ ᠪᠠᠢ᠌ᠪᠠᠯ ᠳᠠᠪᠠᠭᠰᠠᠨ ᠳᠠᠷᠠ ᠭᠡᠰᠡᠭ᠌ ᠲᠤ ᠬᠠᠷᠢᠭᠤᠴᠠᠯᠭ᠎ᠠ ᠡᠭᠦᠷᠭᠡᠯᠡᠭᠦ ᠦᠭᠡᠶ᠃
ᠳᠤᠳᠤᠭᠠᠳᠤ ᠶᠢ ᠬᠠᠮᠠᠭᠠᠯᠠᠬᠤ ᠪᠠᠢ᠌ᠭᠤᠯᠤᠯᠭ᠎ᠠ ᠴᠢᠮᠠᠶ᠋ᠢ ᠳᠠᠭᠤᠳᠠᠨ ᠠᠰᠠᠭᠤᠨ ᠪᠠᠢ᠌ᠴᠠᠭᠠᠪᠠᠯ᠂ ᠪᠠᠢ᠌ᠴᠠᠭᠠᠬᠤ ᠬᠤᠭᠤᠴᠠᠭ᠎ᠠ ᠨᠢ 12 ᠴᠠᠭ ᠡᠴᠡ ᠭᠡᠳᠦᠷᠡᠵᠤ ᠪᠣᠯᠬᠤ ᠦᠭᠡᠶ᠃
ᠶᠢᠰᠤᠨ ᠵᠢᠯ ᠤᠨ ᠳᠦᠷᠢᠮᠳᠤ ᠠᠯᠪᠠᠨ ᠵᠢᠷᠤᠮ ᠤᠨ ᠰᠤᠷᠭᠠᠨ ᠭᠦᠮᠦᠵᠢᠯ ᠢ ᠭᠡᠷᠡᠭ᠍ᠵᠢᠭᠦᠯᠵᠤ ᠪᠠᠢ᠌ᠭ᠎ᠠ ᠰᠤᠷᠭᠠᠭᠤᠯᠢ ᠰᠤᠷᠤᠭᠴᠢ ᠶᠢ ᠭᠦᠭᠡᠭᠡᠭᠦ ᠡᠷᠭᠡ ᠦᠭᠡᠶ᠃
ᠭᠡᠷᠪᠡ ᠳᠠ ᠨᠢᠭᠡᠨ ᠠᠵᠤ ᠠᠬᠤᠢ᠌ᠯᠠᠯ ᠲᠡᠶ ᠭᠦᠳᠡᠯᠮᠦᠷᠢ ᠶᠢᠨ ᠭᠡᠷ᠎ᠡ ᠳᠤᠭᠳᠠᠭᠰᠠᠨ ᠪᠣᠯ ᠳᠤᠷ᠎ᠠ ᠪᠠᠷ ᠠᠵᠢᠯ ᠰᠢᠯᠵᠢᠵᠤ ᠪᠣᠯᠬᠤ ᠦᠭᠡᠶ᠂ ᠵᠥᠪᠭᠡᠨ ᠬᠤᠶᠠᠷ ᠡᠳᠡᠭᠡᠤᠨ ᠶᠢᠡᠷ ᠶᠢᠡᠨ ᠭᠡᠯᠡᠯᠴᠡᠵᠤ ᠳᠤᠭᠢᠷᠠᠭᠰᠠᠨ ᠳᠤᠷᠰᠢᠨ ᠭᠡᠷᠡᠭᠯᠡᠭᠦ ᠬᠤᠭᠤᠴᠠᠭᠠᠨ ᠳᠤ ᠪᠣᠶᠤ ᠠᠵᠤ ᠠᠬᠤᠢ᠌ᠯᠠᠯ ᠡᠴᠡ ᠭᠡᠷ᠎ᠡ ᠶᠤᠰᠤᠭᠠᠷ ᠭᠦᠯᠦᠰᠤ ᠣᠯᠭᠤᠮᠵᠢ ᠶᠢ ᠪᠣᠳᠤᠵᠤ ᠦᠭᠭᠦᠭ᠍ᠰᠡᠨ ᠦᠭᠡᠶ ᠣᠷᠢᠳᠠᠯ ᠳᠤ ᠰᠠᠶ᠋ᠢ ᠠᠵᠢᠯ ᠰᠢᠯᠵᠢᠵᠤ ᠪᠣᠯᠤᠨ᠎ᠠ᠃
ᠳᠠ ᠭᠡᠷᠪᠡ ᠠᠰᠠᠷ ᠳᠡᠭᠡᠷ᠎ᠡ ᠡᠴᠡ ᠣᠨᠠᠵᠤ ᠢᠷᠡᠭ᠍ᠰᠡᠨ ᠶᠠᠭᠤᠮᠠᠨ ᠳᠤ ᠴᠤᠭᠢᠭᠳᠠᠬᠤ ᠵᠡᠷᠭᠡ ᠰᠠᠨᠠᠭᠠᠨ ᠳᠤ ᠦᠭᠡᠶ ᠠᠶᠤᠯ ᠳᠤ ᠲᠤᠬᠢᠶᠠᠯᠳᠤᠪᠠᠯ ᠣᠨᠠᠭᠰᠠᠨ ᠶᠠᠭᠤᠮ᠎ᠠ ᠶᠢᠨ ᠬᠠᠮᠢᠶᠠᠷᠤᠭᠴᠢ (ᠡᠵᠡᠨ) ᠶᠢ ᠵᠠᠭᠠᠯᠳᠤᠵᠤ ᠪᠣᠯᠤᠨ᠎ᠠ᠃
ᠪᠣᠰᠤᠳ ᠭᠦᠮᠤᠨ ᠳᠠᠨ ᠡᠴᠡ ᠵᠤᠭᠤᠰ ᠵᠢᠭᠡᠯᠡᠪᠠᠯ ᠬᠤᠭᠤᠴᠠᠭ᠎ᠠ ᠨᠢ ᠳᠤᠯᠤᠮᠠᠭᠴᠠ ᠨᠡᠭᠡᠵᠤ ᠠᠪᠬᠤ ᠭᠡᠷᠡᠭ᠍ᠳᠡᠢ᠃ ᠬᠤᠭᠤᠴᠠᠭ᠎ᠠ ᠨᠢ ᠥᠩᠭᠡᠷᠡᠭᠡᠤᠨ ᠬᠤᠶᠠᠷ ᠵᠢᠯ ᠤᠨ ᠳᠤᠳᠤᠷ᠎ᠠ ᠨᠡᠭᠡᠵᠤ ᠠᠪᠬᠤ ᠦᠭᠡᠶ ᠪᠣᠯ ᠬᠠᠤᠯᠢ ᠶᠢᠨ ᠬᠠᠮᠠᠭᠠᠯᠠᠯ ᠢ ᠣᠯᠬᠤ ᠦᠭᠡᠶ ᠪᠣᠯᠤᠨ᠎ᠠ᠃ ᠳᠠ ᠦᠪᠡᠷ ᠤᠨ ᠭᠡᠷ ᠭᠦᠷᠦᠩᠭᠡ ᠶᠢᠨ ᠶᠢᠡᠨ ᠠᠮᠤᠷ ᠲᠦᠪᠰᠢᠨ ᠤ ᠳᠦᠯᠦᠭᠡ ᠪᠢᠳᠡᠭᠡᠢ ᠯᠠ ᠳᠤᠷ᠎ᠠ ᠳᠠᠪᠠ ᠪᠠᠷ ᠶᠢᠡᠨ ᠴᠠᠭᠢᠯᠭᠠᠨ ᠳᠤᠤᠷ ᠳᠠᠳᠠᠬᠤ ᠪᠣᠶᠤ ᠬᠤᠤᠷᠠᠳᠤ ᠪᠣᠳᠠᠰ ᠳᠠᠯᠪᠢᠬᠤ ᠵᠡᠷᠭᠡ ᠠᠶᠤᠯ ᠲᠡᠶ ᠭᠡᠨᠡᠨ ᠠᠷᠭ᠎ᠠ ᠠᠪᠴᠠᠯ ᠢ ᠭᠡᠷᠡᠭᠯᠨ᠂ ᠳᠡᠭᠡᠭᠦ ᠦᠭᠡᠶ ᠪᠣᠯ ᠳᠠ ᠣᠯᠠᠨ ᠨᠠᠢ᠌ᠳᠠ ᠶᠢᠨ ᠠᠮᠤᠷ ᠲᠦᠪᠰᠢᠨ ᠢ ᠰᠥᠷᠳᠡᠭᠦᠯᠦᠭ᠍ᠰᠡᠨ ᠶᠠᠯ᠎ᠠ ᠳᠤ ᠣᠨᠠᠵᠤ ᠮᠠᠳᠠᠨ᠎ᠠ᠃
ᠳᠠ ᠭᠡᠷᠪᠡ ᠵᠠᠰᠠᠭ ᠵᠠᠭᠢᠷᠭᠠᠨ ᠤ ᠪᠠᠢ᠌ᠭᠤᠯᠤᠯᠭ᠎ᠠ ᠶᠢᠨ ᠳᠤᠷᠭᠠᠬᠤ᠂ ᠡᠵᠡᠩᠨᠡᠯᠳᠡ ᠶᠢᠨ ᠭᠡᠷᠡᠴᠢ ᠶᠢ ᠬᠤᠷᠢᠶᠠᠬᠤ᠂ ᠵᠠᠰᠠᠭ ᠵᠠᠭᠢᠷᠭᠠᠨ ᠤ ᠲ᠋ᠤᠢᠷ ᠬᠤᠷᠢᠬᠤ ᠵᠡᠷᠭᠡ ᠰᠢᠦᠡᠭᠡᠯ ᠳᠤ ᠰᠠᠨᠠᠯ ᠲᠡᠶ ᠪᠣᠯ ᠳᠠᠭᠢᠨ ᠭᠢᠨᠠᠬᠤ ᠶᠢ ᠭᠤᠶᠤᠴᠢᠯᠠᠵᠤ ᠪᠣᠯᠤᠨ᠎ᠠ᠃
ᠬᠠᠷᠢᠶ᠎ᠠ᠄
ᠬᠠᠤᠯᠢ ᠳᠦᠷᠢᠮᠳᠠᠷᠤᠮ᠄ 25138
ᠴᠠᠭ᠄ 2010 ᠤᠨ ᠤ 09 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ