☆ ᠪᠣᠷᠵᠢᠭᠢᠨ·ᠮᠥᠩᠭᠡᠤ᠋ᠳᠽᠡᠷ
ᠰᠢᠵᠢᠷ ᠳᠠᠩᠭᠢᠰ ︕ ᠳᠠᠯ᠎ᠠ ᠶᠢᠨ ᠴᠥᠭᠦᠷᠦᠮ
ᠨᠤᠤᠷᠠᠭᠠᠢ ᠭᠤᠤᠯ ᠤᠨ ᠣᠰᠤᠨ ᠳᠤ
ᠨᠤᠭᠳᠤ ᠬᠠᠵᠠᠭᠠᠷ ᠳᠠᠭᠠᠷᠠᠭᠤᠯᠵᠤ᠂
ᠨᠤᠮᠤᠬᠠᠨ ᠰᠠᠷᠠᠯ ᠮᠤᠷᠢ ᠪᠠᠨ ᠰᠢᠭ
ᠨᠤᠭᠤᠭᠠᠨ ᠳᠠᠯ᠎ᠠ ᠵᠥᠭ᠌ ᠭᠦᠳᠦᠯᠵᠤ᠂
ᠴᠥᠩᠭᠦᠯ ᠤᠨ ᠬᠤᠩᠬᠤᠷ ᠲᠤ ᠣᠷᠤᠭᠤᠯᠵᠤ
ᠴᠢᠳᠤᠷᠯᠠᠵᠤ ᠠᠪᠣᠭᠠᠤᠨ ᠳᠤᠭᠳᠠᠭᠠᠵᠠᠢ᠂
ᠴᠡᠭᠡ ᠪᠢᠯᠬᠠᠭᠰᠠᠨ ᠬᠤᠠᠳᠠᠭ᠎ᠠ ᠰᠢᠭ
ᠴᠡᠩᠭᠡᠷ ᠨᠠᠭᠤᠷ ᠨᠢ ᠳᠤᠨᠤᠷᠠᠵᠠᠢ᠂
ᠠᠩᠭᠢᠷ ᠰᠢᠷ᠎ᠠ ᠭᠠᠯᠠᠭᠤ ᠨᠤᠭᠤᠳ
ᠨᠠᠭᠤᠷ ᠳ᠋ᠤᠨᠢ ᠬᠤᠷᠭᠤᠰᠢᠭᠠᠤᠨ ᠨᠢᠰᠳᠡᠭ᠌ ᠦᠭᠡᠶ ᠭᠡᠨ᠎ᠡ᠂
ᠠᠯᠳᠠᠨ ᠬᠠᠢ᠌ᠷ ᠲᠡᠶ ᠵᠢᠭᠠᠰᠤ ᠤᠳ ᠨᠢ
ᠢᠷᠮᠡᠭ᠌ ᠲᠤᠨᠢ ᠨᠤᠳᠤᠭᠰᠢᠭᠠᠤᠨ ᠵᠠᠢ᠌ᠳᠠᠳᠠᠭ ᠦᠭᠡᠶ ᠭᠡᠨ᠎ᠡ᠂
ᠣᠭᠤᠨᠤ ᠰᠢᠷᠠᠭᠴᠢᠨ ᠬᠠᠶᠠ ᠬᠠᠶᠠ
ᠣᠰᠤᠨ ᠳ᠋ᠤᠨᠢ ᠳᠤᠷᠠᠯᠠᠭᠠᠤᠨ ᠡᠷᠭᠢᠴᠡᠳᠡᠭ᠌ ᠭᠡᠨ᠎ᠡ᠂
ᠠᠭᠤᠯᠠ ᠶᠢᠨ ᠭᠦᠷᠦᠭᠡᠰᠤ ᠠᠷᠪᠠ ᠳᠠᠪᠣ ᠪᠠᠷ
ᠦᠨᠵᠢᠵᠤ ᠬᠤᠨᠤᠭᠠᠤᠨ ᠪᠣᠴᠠᠳᠠᠭ ᠭᠡᠨ᠎ᠡ᠂
ᠮᠠᠯᠴᠢᠳ ᠤᠨ ᠭᠦᠯᠦᠰᠤ ᠬᠤᠷᠬᠠᠰᠠᠨ
ᠮᠠᠩᠨᠤᠭ ᠳᠠᠯ᠎ᠠ ᠶᠢᠨ ᠴᠥᠭᠦᠷᠦᠮ ᠡ ︕
ᠮᠢᠨᠤ ᠬᠤᠩᠭ᠋ᠤᠷ ᠤᠨ ᠨᠢᠳᠤ ᠰᠢᠭ
ᠮᠡᠯᠳᠡᠭᠡᠨᠡᠵᠤ᠂ ᠳᠤᠷᠮᠤᠯᠵᠠᠬᠤ ᠳᠠᠩᠭᠢᠰ ᠡ ︕
ᠳᠠᠯ᠎ᠠ ᠶᠢᠨ ᠮᠠᠯᠴᠢᠳ ᠤᠨ ᠠᠮᠢᠳᠤᠷᠠᠯ ᠳᠤ
ᠳᠠᠷᠠᠭ ᠪᠣᠯᠵᠤ ᠭᠦᠭᠡᠰᠦᠷᠡᠪᠠᠤ ᠭᠡᠪᠠᠯ᠂
ᠪᠠᠶᠠᠨ ᠰᠠᠷᠠᠭᠤᠯ ᠳᠠᠯ᠎ᠠ ᠨᠤᠳᠤᠭ ᠤᠨ ᠶᠢᠡᠨ
ᠪᠠᠳᠠᠷᠠᠯ ᠪᠣᠯᠵᠤ ᠴᠡᠩᠭᠡᠷᠯᠡᠪᠠᠤ ᠭᠡᠪᠠᠯ
ᠵᠢᠭᠠᠰᠤ᠂ ᠮᠡᠯᠡᠭᠡᠢ ᠶᠢᠨ ᠳᠡᠭᠡᠵᠢ ᠶᠢ ᠨᠢ
ᠵᠢᠩᠰᠠ ᠵᠡᠷᠭᠡᠳᠡᠳ ᠵᠤᠭᠤᠭᠯᠠᠭᠰᠠᠨ ᠡᠴᠡ ᠪᠢᠰᠢ᠂
ᠵᠠᠬ᠎ᠠ ᠪᠠᠷ ᠨᠢ ᠰᠠᠭᠤᠭᠰᠠᠨ ᠮᠠᠯᠴᠢᠳ
ᠵᠢᠭᠠᠬᠠᠨ ᠴᠤ ᠣᠯᠵᠤ ᠭᠦᠷᠳᠡᠭ᠍ᠰᠡᠨ ᠦᠭᠡᠶ ᠭᠡᠨ᠎ᠡ᠂
ᠭᠡᠯᠳᠡᠭᠡ᠂ ᠮᠥᠷᠭᠦ᠂ ᠵᠢᠭᠠᠰᠤ ᠶᠢ ᠨᠢ
ᠭᠡᠳᠦᠭᠡᠨ ᠭᠦᠮᠦᠰ ᠡᠵᠡᠯᠡᠭ᠍ᠰᠡᠨ ᠡᠴᠡ ᠪᠢᠰᠢ᠂
ᠭᠦᠪᠠᠭᠡ ᠶᠢ ᠨᠢ ᠳᠠᠭᠠᠭᠰᠠᠨ ᠮᠠᠯᠴᠢᠳ
ᠭᠡᠰᠢᠭ᠌ ᠶᠢ ᠨᠢ ᠣᠯᠵᠤ ᠠᠮᠠᠰᠠᠭᠰᠠᠨ ᠦᠭᠡᠶ ᠭᠡᠨ᠎ᠡ᠂
ᠥᠩᠭᠡ ᠶᠢᠨ ᠪᠣᠳᠤᠭ ᠳᠦᠷᠭᠢᠯ ᠦᠭᠡᠶ
ᠦᠨᠳᠦᠷ ᠳᠡᠭ᠍ᠷᠢ ᠲᠡᠶ ᠢᠵᠢᠯᠭᠡᠨ᠂
ᠨᠤᠳᠤᠭ ᠤᠨ ᠭᠦᠮᠦᠰ ᠤᠨ ᠰᠡᠳᠭᠢᠯ ᠰᠢᠭ᠌
ᠨᠤᠮᠤᠬᠠᠨ ᠳᠤᠯᠭᠢᠨ ᠴᠥᠭᠦᠷᠦᠮ ᠡ ︕
ᠮᠤᠩᠭ᠋ᠤᠯ ᠣᠷᠤᠨ ᠳᠠᠭᠠᠨ ᠭᠡᠷᠡᠭ᠍ᠴᠡᠭᠡ ᠲᠡᠶ ᠪᠣᠯ
ᠮᠥᠩᠭᠦᠨ ᠠᠶᠠᠭᠠᠨ ᠳᠠᠭᠠᠨ ᠪᠢᠯᠬᠠᠭ ︕
ᠮᠠᠯᠴᠢᠨ ᠠᠷᠠᠤᠨ ᠳᠠᠭᠠᠨ ᠭᠡᠷᠡᠭ᠌ ᠦᠭᠡᠶ ᠪᠣᠯ
ᠮᠠᠩᠬᠠᠨ ᠴᠥᠩᠭᠦᠯ ᠳᠡᠭᠡᠨ ᠰᠢᠷᠭᠡᠭ᠌ ︕
ᠠᠳᠠᠷ ᠳᠠᠯ᠎ᠠ ᠳᠠᠭᠠᠨ ᠠᠰᠢᠭ ᠲᠡᠶ ᠪᠣᠯ
ᠠᠯᠳᠠᠨ ᠬᠤᠠᠳᠠᠭᠠᠨ ᠳᠠᠭᠠᠨ ᠠᠰᠠᠬᠠᠷᠠᠭ᠂
ᠠᠷᠠᠤᠨ ᠲᠦᠮᠡᠨ ᠳᠡᠭᠡᠨ ᠭᠡᠷᠡᠭ᠍ᠴᠡᠭᠡ ᠦᠭᠡᠶ ᠪᠣᠯ
ᠠᠮᠠᠰᠠᠷ ᠨᠢ ᠰᠡᠳᠡᠷᠡᠭᠡᠳ ᠥᠶᠡᠷᠯᠡᠭ᠌ ︕
ᠵᠤᠬᠢᠶᠠᠭᠴᠢ ᠶᠢᠨ ᠬᠠᠶᠢᠭ ᠄ ᠪᠠᠭᠡᠵᠢᠩ ᠬᠤᠳᠠ ᠶᠢᠨ ᠨᠠᠢ᠌ᠷᠠᠯᠳᠤ ᠨᠠᠢ᠌ᠷᠠᠮᠳᠠᠬᠤ ᠰᠦᠮ᠎ᠡ 12 ᠨᠤᠮᠸᠷ
ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2932
ᠴᠠᠭ᠄ 2009 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ