ᠨᠡᠪᠲᠡᠷᠡᠨ ᠤᠷᠤᠬᠤ
ᠪᠠᠯᠠᠷᠬᠠᠢ

ᠪᠣᠷᠤᠬᠠᠨ ᠪᠣᠷᠤᠬᠠᠨ ᠡᠭᠦᠯᠡᠰ ᠪᠣᠷᠤᠭᠠᠨ ᠤ ᠥᠩᠭᠡ ᠪᠠᠷ ᠪᠠᠯᠠᠷᠬᠠᠢ

ᠪᠣᠯᠵᠤᠮᠤᠷ ᠰᠢᠪᠠᠭᠤᠳ ᠤᠨ ᠵᠢᠷᠭᠢᠭᠡ ᠣᠢ᠌ᠳᠬᠠᠷ ᠭᠤᠨᠢᠭ ᠲᠡᠶ ᠭᠦᠭᠡᠷᠦᠭᠦᠢ︕

ᠪᠣᠰᠴᠤ ᠰᠠᠭᠤᠭᠰᠠᠨ ᠰᠡᠳᠭᠢᠯ ᠬᠠᠢ᠌ᠷ᠎ᠠ ᠶᠢᠨ ᠳᠠᠭᠤᠨ ᠶᠢᠡᠷ ᠬᠠᠢ᠌ᠯᠠᠬᠤ ᠪᠠᠷ ᠨᠢ

ᠪᠣᠳᠤᠯ ᠤᠨ ᠡᠴᠢᠨ᠎ᠡ ᠬᠣᠢ᠌ᠮᠤᠷ ᠲᠤ ᠠᠮᠠᠷᠠᠭ ᠤᠨ ᠳᠦᠷᠭᠦ ᠰᠠᠷᠠᠨ ᠬᠠᠢ︕


ᠪᠣᠴᠠᠭᠠᠤᠨ ᠶᠠᠪᠣᠭᠰᠠᠨ ᠵᠠᠮ ᠤᠨ ᠥᠵᠦᠭᠦᠷ ᠭᠡᠷ ᠤᠨ ᠪᠠᠷ᠎ᠠ ᠪᠠᠯᠠᠷᠬᠠᠢ

ᠪᠣᠶᠠᠠᠳᠤ ᠪᠣᠭᠤᠷᠤᠯ ᠡᠵᠢ ᠮᠢᠨᠢ ᠪᠣᠷᠬᠠᠨ ᠰᠡᠳᠭᠢᠯᠳᠠᠢ ᠭᠦᠭᠡᠷᠦᠭᠦᠢ︕

ᠪᠣᠢ᠌ᠯᠠᠵᠤ ᠣᠭᠢᠯᠠᠭᠰᠠᠨ ᠳᠡᠮᠡᠭᠡᠳ ᠭᠤᠪᠢ ᠶᠢᠨ ᠳᠡᠭ᠍ᠷᠢ ᠳᠤ ᠬᠠᠷᠠᠭᠳᠠᠬᠤ ᠪᠠᠷ ᠨᠢ

ᠪᠦᠷᠭᠦᠤᠨ ᠤᠨ ᠰᠡᠭᠦᠳᠡᠷ ᠴᠢᠮᠠᠵᠤ ᠨᠤᠳᠤᠭ ᠤᠨ ᠴᠢᠯᠠᠭᠤᠳ ᠣᠳᠤᠨ ᠬᠠᠢ︕


ᠪᠣᠯᠠᠭ ᠱᠠᠩᠳᠤ ᠶᠢᠨ ᠣᠰᠤᠨ ᠰᠠᠯᠭᠢᠨ ᠳᠤᠭᠤᠰᠤᠨ ᠳᠤ ᠪᠠᠯᠠᠷᠬᠠᠢ

ᠪᠣᠮᠠ ᠲᠦᠮᠡᠨ ᠡᠯᠡᠰᠤᠨ ᠳᠤ ᠪᠦᠭᠦᠯᠵᠡᠭᠦ ᠳᠤᠤᠷᠠᠢ ᠭᠦᠭᠡᠷᠦᠭᠦᠢ︕

ᠪᠦᠰᠡᠭᠦᠢ ᠭᠦᠮᠤᠨ ᠤ ᠨᠢᠯᠪᠣᠰᠤᠨ ᠡᠩᠭᠡᠷ ᠤᠨ ᠳᠤᠪᠴᠢᠨ ᠳᠤ ᠳᠤᠰᠬᠤ ᠪᠠᠷ ᠨᠢ

ᠪᠣᠷᠤ ᠪᠣᠷᠤ ᠬᠡᠦᠬᠡᠳ ᠤᠳ ᠵᠡᠭᠦᠳᠡᠨ ᠤ ᠬᠤᠷᠸ᠎ᠠ ᠳᠤ ᠨᠠᠷᠠᠨ ᠬᠠᠢ︕

ᠪᠣᠷᠤᠭᠠᠯᠠᠵᠠᠢ᠂ ᠪᠠᠷ᠎ᠠ ᠨᠢ ᠪᠠᠭᠤᠵᠤ ᠰᠠᠭᠤᠭᠰᠠᠨ ᠪᠠᠭᠤᠴᠠᠨ ᠳᠤ ᠪᠠᠯᠠᠷᠬᠠᠢ

ᠪᠦᠵᠢᠵᠤ ᠳᠤᠭᠯᠠᠭᠰᠠᠨ ᠨᠢ ᠭᠦᠰᠡᠯ ᠰᠠᠨᠠᠭᠠᠨ ᠳ᠋ᠠᠭᠢ ᠪᠦᠵᠦᠩᠭᠡᠢ︕

ᠪᠣᠤ ᠠᠶᠤ᠂ ᠪᠦᠷ ᠬᠤᠯᠠ ᠶᠢᠨ ᠭᠢᠵᠠᠭᠠᠷ ᠲᠤ ᠮᠦᠷᠦᠭᠡᠳᠦᠯ ᠪᠠᠢ᠌ᠬᠤ ᠰᠢᠤ

ᠪᠦᠷᠭᠦᠵᠤ ᠬᠠᠯᠬᠠᠯᠠᠭᠰᠠᠨ ᠭᠦᠷᠦᠰᠤᠨ ᠡᠴᠡ 《ᠨᠠᠮ᠎ᠠ ᠶᠢ》 ᠬᠠᠢ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2011 ᠤᠨ ᠤ 02 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ